ᠲᠦᠷᠭᠡᠨ ᠭᠤᠪᠢᠭᠤᠯᠭ᠎ᠠ ᠪᠠ ᠢᠯᠠᠭ᠎ᠠ ᠪᠠᠲᠠᠭᠠᠨ᠎ᠠ ᠨᠢ ᠬᠠᠯᠳᠠᠪᠦᠷᠢᠯᠠᠯ ᠡᠭᠦᠰᠭᠡᠬᠦ ᠤᠤ︖
ᠨᠡᠶᠢᠲᠡᠯᠡᠭᠰᠡᠨ ᠴᠠᠭ᠄
2021/8/4
    ᠲᠦᠷᠭᠡᠨ ᠭᠤᠪᠢᠭᠤᠯᠭ᠎ᠠ ᠬᠦᠷᠭᠡᠭᠴᠢ ᠶᠢᠨ ᠭᠠᠷ ᠠᠴᠠ ᠡᠳ᠋ ᠪᠤᠳᠠᠰ ᠢᠶᠠᠨ ᠲᠤᠰᠴᠤ ᠠᠪᠬᠤ ᠳᠤ ᠰᠢᠨ᠎ᠡ ᠲᠢᠳᠢᠮᠯᠢᠭ ᠠᠭᠤᠰᠬᠢᠨ ᠦᠷᠪᠢᠰᠦᠯ ᠤᠨ ᠬᠠᠯᠳᠠᠪᠦᠷᠢᠯᠠᠯ ᠡᠭᠦᠰᠭᠡᠬᠦ ᠤᠤ︖                     ᠵᠤᠨ ᠤ ᠤᠯᠠᠷᠢᠯ ᠬᠦᠷᠴᠤ ᠢᠷᠡᠬᠦ ᠶᠢ ᠲᠠᠭᠠᠯᠳᠤᠨ ᠢᠯᠠᠭ᠎ᠠ ᠪᠠᠲᠠᠭᠠᠨ᠎ᠠ ᠤᠯᠠᠰᠢᠷᠠᠳᠠᠭ᠂ ᠢᠯᠠᠭ᠎ᠠ ᠪᠠᠲᠠᠭᠠᠨ᠎ᠠ ᠨᠢ ᠰᠢᠨ᠎ᠡ ᠲᠢᠳᠢᠮᠯᠢᠭ ᠠᠭᠤᠰᠬᠢᠨ ᠦᠷᠪᠢᠰᠦᠯ ᠤᠨ ᠬᠠᠯᠳᠠᠪᠦᠷᠢᠯᠠᠯ ᠡᠭᠦᠰᠭᠡᠬᠦ ᠤᠤ︖               27 ᠤ ᠡᠳᠦᠷ ᠤᠨ ᠦᠳᠡ ᠶᠢᠨ ᠬᠤᠶᠢᠨ᠎ᠠ᠂ ᠳᠤᠮᠳᠠᠳᠤ ᠤᠯᠤᠰ ᠤᠨ ᠡᠪᠡᠳᠴᠢᠨ ᠡᠮᠭᠡᠭ ᠢ ᠰᠡᠷᠭᠡᠶᠢᠯᠡᠨ ᠡᠵᠡᠮᠳᠡᠬᠦ ᠲᠥᠪ ᠤᠨ ᠰᠤᠳᠤᠯᠤᠭᠴᠢ ᠸᠠᠩ ᠯᠢ ᠫᠢᠩ ᠠᠴᠠ ᠡᠳᠡᠭᠡᠷ ᠠᠰᠠᠭᠤᠳᠠᠯ ᠳᠤ ᠬᠠᠷᠢᠭᠤᠯᠲᠠ ᠦᠭᠴᠡᠢ᠃     ᠲᠦᠷᠭᠡᠨ ᠭᠤᠪᠢᠭᠤᠯᠭ᠎ᠠ ᠨᠢ ᠬᠠᠯᠳᠠᠪᠦᠷᠢᠯᠠᠯ ᠡᠭᠦᠰᠭᠡᠬᠦ ᠨᠤᠷᠮ᠎ᠠ ᠢᠶᠠᠷ ᠲᠦᠢᠯ ᠤᠨ ᠲᠤᠤᠷ᠎ᠠ     ᠰᠢᠨ᠎ᠡ ᠲᠢᠳᠢᠮᠯᠢᠭ ᠠᠭᠤᠰᠬᠢᠨ ᠦᠷᠪᠢᠰᠦᠯ ᠤᠨ ᠸᠢᠷᠦ᠋ᠰ ᠨᠢ ᠭᠤᠤᠯᠳᠠᠭᠤ ᠡᠪᠡᠳᠴᠢᠲᠡᠨ ᠤ ᠦᠰᠦᠷᠳᠡᠰᠦ ᠲᠠᠢ ᠰᠢᠭᠤᠳ ᠬᠦᠷᠦᠯᠴᠡᠬᠦ ᠡᠰᠡᠬᠦᠯ᠎ᠡ ᠡᠪᠡᠳᠴᠢᠲᠡᠨ ᠤ ᠪᠣᠬᠢᠷᠲᠤᠭᠰᠠᠨ ᠪᠣᠳᠠᠰ ᠲᠠᠢ ᠭᠠᠷ ᠢᠶᠠᠷ ᠢᠶᠠᠨ ᠰᠢᠭᠤᠳ ᠬᠦᠷᠦᠯᠴᠡᠵᠤ᠂ ᠲᠠᠬᠢᠨ ᠨᠢᠳᠦ ᠬᠠᠮᠠᠷ ᠲᠠᠢ ᠪᠠᠨ ᠬᠦᠷᠦᠯᠴᠡᠭᠰᠡᠨ ᠠᠴᠠ ᠪᠣᠯᠵᠤ ᠬᠠᠯᠳᠠᠪᠤᠷᠢᠯᠠᠭᠳᠠᠳᠠᠭ᠃  ᠲᠦᠷᠭᠡᠨ  ᠭᠤᠪᠢᠭᠤᠯᠭ᠎ᠠ ᠲᠠᠢ  ᠬᠦᠷᠦᠯᠴᠡᠬᠦ ᠨᠢ ᠲᠦᠷ ᠴᠠᠭ ᠤᠨ ᠶᠠᠪᠤᠳᠠᠯ ᠤᠴᠢᠷ ᠠᠴᠠ ᠬᠠᠯᠳᠠᠪᠦᠷᠢᠯᠠᠯ ᠡᠭᠦᠰᠭᠡᠬᠦ ᠨᠤᠷᠮ᠎ᠠ ᠢᠶᠠᠷ ᠲᠦᠢᠯ ᠤᠨ ᠲᠤᠤᠷ᠎ᠠ ᠶᠤᠮ᠃     ᠬᠡᠷᠪᠡ ᠭᠡᠷ ᠲᠤ ᠪᠠᠨ ᠲᠦᠷᠭᠡᠨ ᠭᠤᠪᠢᠭᠤᠯᠭ᠎ᠠ ᠲᠤᠰᠬᠤ ᠳᠤ ᠬᠦᠷᠪᠡᠯ᠂ ᠲᠦᠷᠭᠡᠨ ᠭᠤᠪᠢᠭᠤᠯᠭ᠎ᠠ ᠬᠦᠷᠭᠡᠭᠴᠢ ᠲᠠᠢ ᠠᠭᠤᠯᠵᠠᠬᠤ ᠠᠴᠠ ᠡᠮᠦᠨ᠎ᠡ ᠠᠮᠠᠪᠴᠢ ᠵᠡᠭᠦᠵᠦ᠂ ᠡᠳ᠋ ᠪᠤᠳᠠᠰ ᠢᠶᠠᠨ ᠲᠤᠰᠤᠨ  ᠠᠪᠤᠭᠰᠠᠨ ᠤ  ᠲᠠᠷᠠᠭ᠎ᠠ  ᠭᠠᠳᠠᠷ  ᠪᠣᠭᠤᠳᠠᠯ ᠢ ᠨᠢ ᠰᠠᠶᠢᠲᠤᠷ ᠠᠷᠢᠭᠤᠳᠬᠠᠵᠤ᠂ ᠴᠠᠭ ᠲᠤᠬᠠᠢ ᠳᠤᠨᠢ ᠭᠠᠷ ᠢᠶᠠᠨ ᠤᠬᠢᠶᠠᠵᠤ ᠠᠷᠢᠭᠤᠨ ᠴᠡᠪᠡᠷ ᠢ ᠪᠠᠲᠤᠯᠠᠬᠤ ᠬᠡᠷᠡᠭᠲᠡᠢ᠃     ᠬᠡᠷᠪᠡ ᠭᠡᠷ ᠤᠨ ᠭᠠᠳᠠᠨ᠎ᠠ ᠲᠦᠷᠭᠡᠨ ᠭᠤᠪᠢᠭᠤᠯᠭ᠎ᠠ ᠲᠤᠰᠬᠤ ᠳᠤ ᠬᠦᠷᠪᠡᠯ᠂ ᠭᠠᠳᠠᠭᠰᠢ ᠭᠠᠷᠬᠤ ᠠᠴᠠ ᠪᠠᠨ ᠡᠮᠦᠨ᠎ᠡ ᠠᠮᠠᠪᠴᠢ ᠵᠡᠭᠦᠵᠦ᠂ ᠬᠥᠮᠦᠨ ᠬᠠᠷ᠎ᠠ ᠴᠤᠭᠯᠠᠷᠠᠬᠤ ᠠᠴᠠ ᠵᠠᠶᠢᠯᠠᠰᠬᠢᠬᠦ ᠬᠡᠷᠡᠭᠲᠡᠢ᠃  ᠭᠠᠳᠠᠷ  ᠪᠣᠭᠤᠳᠠᠯ ᠢ ᠨᠢ ᠰᠠᠶᠢᠲᠤᠷ ᠠᠷᠢᠭᠤᠳᠬᠠᠵᠤ᠂ ᠴᠠᠭ ᠲᠤᠬᠠᠢ ᠳᠤᠨᠢ ᠭᠠᠷ ᠢᠶᠠᠨ ᠤᠬᠢᠶᠠᠨ ᠠᠷᠢᠭᠤᠨ ᠴᠡᠪᠡᠷ ᠢ ᠪᠠᠲᠤᠯᠠᠬᠤ ᠬᠡᠷᠡᠭᠲᠡᠢ᠃     ᠢᠯᠠᠭ᠎ᠠ ᠪᠠᠲᠠᠭᠠᠨ᠎ᠠ ᠨᠢ ᠰᠢᠨ᠎ᠡ ᠲᠢᠳᠢᠮᠯᠢᠭ ᠠᠭᠤᠰᠬᠢᠨ ᠦᠷᠪᠢᠰᠦᠯ ᠤᠨ ᠬᠠᠯᠳᠠᠪᠦᠷᠢᠯᠠᠯ ᠡᠭᠦᠰᠭᠡᠬᠦ ᠤᠤ︖     ᠲᠤᠰᠬᠠᠶ ᠮᠡᠷᠭᠡᠵᠢᠯᠲᠡᠨ᠄ ᠣᠳᠣᠬᠠᠨ ᠳᠤ ᠣᠯᠵᠤ ᠮᠡᠳᠡᠭᠰᠡᠨ ᠥᠬᠡᠶ     ᠡᠭᠦᠨ ᠤ ᠲᠤᠬᠠᠶ ᠸᠠᠩ ᠯᠢ ᠫᠢᠩ ᠢᠯᠡᠷᠬᠡᠶᠢᠯᠡᠬᠦ ᠳᠡᠭᠡᠨ᠂ ᠣᠳᠣᠬᠠᠨ ᠤ ᠰᠤᠳᠤᠯᠭᠠᠨ ᠢ ᠦᠨᠳᠦᠰᠦᠯᠡᠪᠡᠯ᠂ ᠢᠯᠠᠭ᠎ᠠ ᠪᠠᠲᠠᠭᠠᠨ᠎ᠠ ᠳᠤ ᠰᠢᠨ᠎ᠡ ᠲᠢᠳᠢᠮᠯᠢᠭ ᠠᠭᠤᠰᠬᠢᠨ ᠦᠷᠪᠢᠰᠦᠯ ᠤᠨ ᠸᠢᠷᠦ᠋ᠰ ᠲᠠᠷᠬᠠᠭᠠᠬᠤ ᠠᠮᠢᠳᠤ ᠪᠣᠳᠠᠰ ᠤᠨ ᠤᠬᠠᠭᠠᠨ ᠤ ᠰᠠᠭᠤᠷᠢ ᠪᠠᠶᠢᠬᠤ ᠥᠬᠡᠶ᠃ ᠪᠥᠬᠦ ᠳᠡᠯᠡᠬᠡᠶ ᠶᠢᠨ ᠬᠡᠪᠴᠢᠶᠡᠨ ᠳᠤ ᠢᠯᠠᠭ᠎ᠠ ᠪᠠᠲᠠᠭᠠᠨ᠎ᠠ ᠵᠡᠷᠭᠡ ᠠᠴᠠ ᠪᠣᠯᠵᠣ ᠬᠥᠮᠦᠰ ᠲᠤ ᠰᠢᠨ᠎ᠡ ᠲᠢᠳᠢᠮᠯᠢᠭ ᠠᠭᠤᠰᠬᠢᠨ ᠦᠷᠪᠢᠰᠦᠯ ᠤᠨ ᠬᠠᠯᠳᠠᠪᠦᠷᠢᠯᠠᠯ ᠡᠭᠦᠰᠭᠡᠭᠰᠡᠨ ᠵᠢᠱᠢᠶ᠎ᠡ ᠪᠠᠶᠢᠬᠤ ᠥᠬᠡᠶ᠃ ᠭᠡᠪᠡᠴᠤ ᠢᠯᠠᠭ᠎ᠠ ᠪᠠᠲᠠᠭᠠᠨ᠎ᠠ ᠨᠢ ᠪᠤᠰᠤᠳ ᠵᠦᠢᠯ ᠤᠨ ᠬᠠᠯᠳᠠᠪᠦᠷᠢᠲᠤ ᠡᠪᠡᠳᠴᠢᠨ ᠲᠠᠷᠬᠠᠭᠠᠬᠤ ᠪᠤᠯᠤᠮᠵᠢ ᠲᠠᠢ ᠤᠴᠢᠷ ᠠᠴᠠ ᠢᠯᠠᠭ᠎ᠠ ᠪᠠᠲᠠᠭᠠᠨ᠎ᠠ ᠳᠤ ᠬᠠᠵᠠᠭᠳᠠᠬᠤ᠂ ᠢᠳᠡᠰᠢ ᠬᠤᠭᠤᠯᠠᠨ ᠤ ᠲᠡᠭᠡᠷ᠎ᠡ ᠢᠯᠠᠭ᠎ᠠ ᠪᠠᠲᠠᠭᠠᠨ᠎ᠠ ᠰᠠᠭᠤᠬᠤ ᠠᠴᠠ ᠰᠡᠷᠭᠡᠶᠢᠯᠡᠬᠦ ᠬᠡᠷᠡᠭᠲᠡᠢ᠃  
 
ᠢᠷᠡᠯᠲᠡ᠄ ᠦᠪᠦᠷ ᠮᠣᠩᠭᠤᠯ ᠤᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号