ᠶᠠᠰᠤ ᠨᠢ ᠰᠢᠷᠣᠢ ᠮᠠᠬᠠᠪᠣᠳ ᠤᠨ ᠬᠤᠪᠢ ᠶᠡᠭᠡ ᠲᠠᠢ᠂ ᠬᠡᠢ ᠭᠤᠣᠯᠯᠠᠨ ᠬᠦᠶᠦᠳᠡᠭ ᠡᠷᠬᠡᠲᠡᠨ᠃ ᠬᠡᠢ ᠶᠢᠨ | ᠪᠦᠬᠦ ᠡᠪᠡᠳᠴᠢᠯᠡᠯ ᠤᠨ ᠦᠶ᠎ᠡ ᠳᠤ ᠶᠠᠰᠤ ᠬᠢᠮᠤᠷᠠᠬᠤ ᠮᠠᠭᠠᠳᠯᠠᠯ ᠲᠠᠢ ᠪᠠᠶᠢᠳᠠᠭ᠃ ᠡᠶᠢᠮᠦ ᠤᠴᠢᠷ ᠠᠴᠠ | ᠡᠮᠡᠭᠲᠡᠶᠢᠴᠦᠳ ᠤᠨ ᠬᠡᠢ ᠪᠦᠷᠢᠯᠳᠦᠭᠰᠡᠨ ᠡᠪᠡᠳᠴᠢᠨ᠂ ᠵᠢᠷᠦᠬᠡᠨ ᠤ ᠬᠡᠢ᠂ ᠪᠥᠭᠡᠷ᠎ᠡ᠂ ᠳᠠᠪᠤᠰᠠᠩ ᠤᠨ ᠬᠦᠢᠲᠡᠨ ᠬᠡᠢ | ᠵᠡᠷᠭᠡ ᠡᠪᠡᠳᠴᠢᠨ ᠤ ᠦᠶ᠎ᠡ ᠳᠤ ᠶᠠᠰᠤᠨ ᠤ ᠡᠮᠭᠡᠭ ᠡᠪᠡᠳᠴᠢᠯᠡᠯ ᠡᠭᠦᠰᠬᠦ ᠨᠢ ᠡᠯᠪᠡᠭ ᠪᠠᠶᠢᠳᠠᠭ᠃ ᠮᠥᠨ | ᠬᠠᠯᠳᠠᠪᠤᠷᠢᠲᠤ ᠬᠠᠨᠢᠶᠠᠳᠤ ᠲᠣᠮᠣᠭᠤ ᠪᠣᠯᠤᠨ ᠪᠤᠰᠤᠳ ᠬᠠᠯᠳᠠᠪᠤᠷᠢᠲᠤ ᠡᠪᠡᠳᠴᠢᠨ ᠤ ᠡᠳᠡᠭᠡᠷᠡᠯᠲᠡ ᠶᠢᠨ ᠦᠶ᠎ᠡ ᠳᠤ | ᠬᠠᠯᠠᠭᠤᠨ ᠨᠢ ᠬᠡᠢ ᠲᠠᠢ ᠬᠠᠪᠰᠤᠷᠳᠠᠭ ᠤᠴᠢᠷ ᠠᠴᠠ ᠬᠠᠯᠠᠭᠤᠨ ᠤ ᠰᠡᠭᠦᠯ ᠶᠠᠰᠤᠨ ᠳᠤ ᠰᠢᠨᠤᠵᠤ ᠶᠠᠰᠤᠨ ᠤ | ᠡᠪᠡᠳᠴᠢᠨ ᠢ ᠡᠭᠦᠰᠬᠡᠬᠦ ᠨᠢ ᠤᠯᠡᠨ ᠪᠠᠶᠢᠳᠠᠭ᠃ | ᠰᠡᠭᠦᠯ ᠤᠨ ᠦᠶ᠎ᠡ ᠳᠤ ᠡᠮᠡᠭᠲᠡᠶᠢᠴᠦᠳ ᠶᠠᠰᠤ᠂ ᠦᠶ᠎ᠡ ᠭᠡᠰᠢᠭᠦᠤ ᠶᠢᠨ ᠡᠪᠡᠳᠴᠢᠨ ᠢᠶᠠᠷ ᠡᠪᠡᠳᠴᠢᠯᠡᠬᠦ ᠨᠢ | ᠣᠯᠠᠰᠢᠷᠡᠵᠦ ᠪᠠᠶᠢᠨ᠎ᠠ᠃ ᠢᠯᠠᠩᠭᠤᠶ᠎ᠠ ᠲᠥᠷᠦᠭᠰᠡᠨ ᠤ ᠳᠠᠷᠠᠭᠠᠬᠢ ᠭᠠᠮ ᠠᠯᠳᠠᠯᠲᠠ ᠠᠴᠠ ᠰᠢᠯᠲᠠᠭᠠᠯᠠᠭᠰᠠᠨ ᠶᠠᠰᠤᠨ ᠤ | ᠡᠪᠡᠳᠴᠢᠯᠡᠯ ᠡᠯᠪᠡᠭ ᠪᠣᠯᠤᠭᠰᠠᠨ ᠪᠠᠶᠢᠨ᠎ᠠ᠃ ᠮᠥᠨ ᠬᠠᠨᠢᠶᠠᠳᠤ ᠲᠣᠮᠣᠭᠤ ᠶᠢ ᠳᠤᠲᠠᠭᠤ ᠡᠮᠴᠢᠯᠡᠭᠰᠡᠨ ᠠᠴᠠ ᠬᠡᠢ | ᠶᠠᠰᠤᠨ ᠳᠤ ᠰᠢᠨᠤᠭᠰᠠᠨ ᠢ ᠠᠩᠵᠠᠭᠠᠷᠠᠯ ᠦᠭᠡᠢ ᠠᠷᠬᠠᠭᠰᠢᠭᠤᠯᠬᠤ ᠲᠣᠬᠢᠶᠠᠯᠳᠤᠯ ᠶᠡᠭᠡ ᠪᠠᠶᠢᠨ᠎ᠠ᠃ | ᠡᠭᠦᠨ ᠠᠴᠠ ᠰᠢᠯᠲᠠᠭᠠᠯᠠᠵᠤ ᠶᠠᠰᠤᠨ ᠤ ᠡᠪᠡᠳᠴᠢᠯᠡᠯ ᠡᠭᠦᠰᠴᠦ ᠪᠠᠢ᠋ᠳᠠᠭ᠃ ᠬᠦᠮᠦᠰ ᠴᠤᠯᠤ ᠰᠠᠪᠠ | ᠡᠷᠬᠡᠲᠡᠨ ᠢᠶᠠᠨ ᠶᠡᠭᠡ ᠠᠩᠬᠠᠷᠳᠠᠭ᠃ ᠬᠠᠷᠢᠨ ᠶᠠᠰᠤ᠂ ᠠᠷᠠᠰᠤ᠂ ᠰᠤᠳᠠᠰᠤ ᠪᠠᠨ ᠠᠩᠬᠠᠷᠴᠤ᠂ ᠬᠠᠮᠠᠭᠠᠯᠠᠬᠤ ᠦᠭᠡᠢ | ᠪᠠᠶᠢᠨ᠎ᠠ᠃ ᠶᠠᠰᠤᠨ ᠤ ᠤᠷᠭᠤᠯᠲᠠ ᠶᠢ ᠵᠣᠬᠰᠣᠭᠠᠬᠤ᠂ ᠤᠷᠭᠤᠭᠰᠠᠨ ᠶᠠᠰᠤ ᠶᠢ ᠰᠢᠮᠡᠳᠡᠭᠦᠯᠬᠦ ᠡᠮᠴᠢᠯᠡᠭᠡ | ᠤᠯᠠᠮᠵᠢᠯᠠᠯᠲᠤ ᠠᠨᠠᠭᠠᠬᠤ ᠤᠬᠠᠭᠠᠨ ᠳᠤ ᠪᠤᠢ᠃ ᠡᠮᠴᠢᠯᠡᠭᠡᠨ ᠤ ᠵᠠᠷᠴᠢᠮ ᠨᠢ ᠪᠡᠶ᠎ᠡ ᠶᠢᠨ ᠪᠦᠬᠦ ᠶᠠᠰᠤᠨ ᠤ ᠲᠤᠩᠭᠠᠯᠠᠭ | ᠴᠥᠪ ᠤᠨ ᠪᠣᠯᠪᠠᠰᠤᠷᠠᠯᠲᠠ ᠶᠢ ᠰᠠᠶᠢᠵᠢᠷᠠᠭᠤᠯᠬᠤ ᠡᠮ᠂ ᠵᠠᠰᠠᠯ ᠤᠨ ᠡᠮᠴᠢᠯᠡᠭᠡ ᠬᠢᠨ᠎ᠡ᠃ | ᠶᠠᠰᠤᠨ ᠳᠤ ᠬᠠᠮᠤᠭ ᠤᠨ ᠰᠠᠶᠢᠨ ᠪᠥᠭᠡᠳ ᠡᠮᠴᠢᠯᠡᠭᠡᠨ ᠤ ᠡᠩ ᠤᠨ ᠠᠷᠭ᠎ᠠ ᠪᠣᠯ ᠰᠢᠮ᠎ᠡ ᠲᠠᠢ ᠶᠠᠰᠤ ᠪᠣᠯᠬᠤ | ᠨᠠᠰᠤ ᠪᠡᠶ᠎ᠡ ᠭᠦᠢᠴᠡᠭᠰᠡᠨ ᠬᠢᠵᠠᠯᠠᠩ ᠬᠤᠨᠢᠨ ᠤ ᠪᠣᠷᠪᠢ᠂ ᠲᠤᠶᠢᠭ᠂ ᠳᠠᠯᠤᠨ ᠤ ᠪᠠᠷᠢᠭᠤᠯᠠᠨ ᠤ ᠶᠠᠰᠤ ᠶᠢ ᠬᠤᠭᠤᠯᠠ᠂ | ᠴᠠᠢ ᠲᠠᠢ ᠪᠠᠨ ᠪᠤᠴᠠᠯᠭᠠᠵᠤ ᠬᠡᠷᠡᠭᠯᠡᠬᠦ᠂ ᠮᠥᠨ ᠮᠠᠨᠤ 4 ᠲᠠᠩ ᠢ ᠡᠳᠡᠭᠡᠷ ᠰᠢᠮ᠎ᠡ ᠲᠠᠢ ᠶᠠᠰᠤ ᠲᠠᠢ ᠪᠤᠴᠠᠯᠭᠠᠵᠤ | ᠬᠡᠷᠡᠭᠯᠡᠭᠰᠡᠨ ᠢᠶᠠᠷ ᠶᠠᠰᠤ ᠶᠢ ᠲᠥᠯᠦᠵᠢᠭᠦᠯᠵᠦ᠂ ᠶᠠᠰᠤᠨ ᠤ ᠡᠪᠡᠳᠴᠢᠯᠡᠯ ᠠᠴᠠ ᠰᠡᠷᠭᠡᠶᠢᠯᠡᠬᠦ ᠳᠤ ᠴᠢᠬᠤᠯᠠ | ᠨᠥᠯᠥᠭᠡ ᠲᠠᠢ |