ᠤᠰᠤᠨ ᠳᠤ ᠵᠢᠪᠪᠦᠭᠰᠡᠨ ᠬᠦᠮᠦᠨ ᠢ ᠬᠡᠷᠬᠢᠨ ᠲᠤᠰᠠᠯᠠᠬᠤ ᠲᠤᠬᠠᠢ
ᠨᠡᠶᠢᠲᠡᠯᠡᠭᠰᠡᠨ ᠴᠠᠭ᠄
2021/8/3
    ᠵᠤᠨ ᠤ ᠠᠮᠠᠷᠠᠯᠲᠠ ᠪᠠᠷ ᠤᠰᠤᠨ ᠳᠤ ᠲᠤᠬᠯᠠᠵᠦ ᠭᠡᠨᠡᠳᠡᠳᠡᠭ ᠨᠢ ᠶᠡᠬᠡᠪᠴᠢᠯᠡᠨ ᠵᠠᠯᠠᠭᠤᠴᠤᠳ ᠪᠠᠭᠠᠴᠤᠳ ᠪᠠᠶᠢᠳᠠᠭ᠃ ᠪᠦᠷᠢᠳᠬᠡᠯ ᠢᠶᠠᠷ᠂ ᠳᠡᠯᠡᠬᠡᠢ ᠲᠡᠭᠡᠷ᠎ᠡ ᠲᠡᠭᠰᠢᠳᠭᠡᠭᠡᠳ ᠴᠠᠭ ᠲᠤ 40 ᠭᠠᠷᠤᠢ ᠬᠦᠮᠦᠨ ᠤᠰᠤᠨ ᠳᠤ ᠴᠠᠴᠠᠵᠦ ᠠᠳᠡᠬᠦ ᠬᠠᠷᠠᠰᠠᠯᠲᠤ ᠶᠠᠪᠤᠳᠠᠯ ᠡᠭᠦᠰᠴᠦ᠂ ᠵᠢᠯ ᠳᠤ 37 ᠲᠦᠮᠡ ᠭᠠᠷᠤᠢ ᠬᠦᠮᠦᠨ᠂ ᠡᠬᠦᠨ ᠳᠤ ᠬᠠᠭᠠᠰ ᠨᠢ 25 ᠨᠠᠰᠤᠨ ᠠᠴᠠ ᠪᠠᠭ᠎ᠠ ᠵᠠᠯᠠᠭᠤᠴᠤᠳ ᠪᠠᠭᠠᠴᠤᠳ ᠪᠤᠯᠤᠨ᠎ᠠ᠃
            ᠤᠰᠤᠨ ᠳᠤ ᠵᠢᠪᠬᠦ ᠬᠡᠤᠬᠡᠳ ᠨᠠᠮ ᠵᠢᠮᠬᠡᠨ ᠪᠠᠶᠢᠳᠠᠭ᠃ ᠭᠡᠨᠡᠳᠲᠡ ᠤᠰᠤᠨ ᠳᠤ ᠤᠨᠠᠬᠤ ᠳᠤ ᠲᠠᠭᠤ ᠭᠠᠷᠬᠤ ᠪᠤᠯᠬᠤᠷ ᠬᠦᠮᠦᠰ ᠠᠩᠵᠠᠭᠠᠷᠠᠵᠦ ᠮᠡᠳᠡᠬᠦ ᠪᠤᠯᠤᠮᠵᠢ ᠲᠠᠢ᠂ ᠬᠡᠳᠡᠯ᠎ᠡ ᠤᠰᠤᠨ ᠳᠤ ᠤᠮᠪᠠᠵᠦ ᠲᠤᠬᠯᠠᠵᠦ ᠪᠠᠶᠢᠭᠰᠠᠨ ᠬᠡᠤᠬᠡᠳ ᠵᠢᠪᠬᠦ ᠳᠤ ᠴᠢᠮᠡᠭᠡ ᠦᠬᠡᠢ ᠪᠠᠶᠢᠳᠠᠭ᠂ ᠡᠶᠢᠮᠦ ᠠᠴᠠ ᠪᠠᠨ ᠤᠰᠤᠨ ᠳᠤ ᠲᠤᠬᠯᠠᠵᠦ ᠪᠤᠢ ᠬᠡᠤᠬᠡᠳ ᠢᠶᠠᠨ ᠰᠠᠶᠢᠳᠤᠷ ᠠᠩᠬᠠᠷᠴᠤ ᠪᠠᠶᠢᠬᠤ ᠬᠡᠷᠡᠭᠲᠡᠢ᠂ ᠬᠦᠳᠡᠯᠬᠦ ᠦᠬᠡᠢ ᠴᠢᠮᠡᠭᠡ ᠦᠬᠡᠢ ᠪᠠᠶᠢᠪᠠᠯ ᠳᠤᠤᠷ᠎ᠠ ᠪᠠᠨ ᠲᠤᠰᠠᠯᠠᠬᠤ ᠬᠡᠷᠡᠭᠲᠡᠢ᠃ ᠤᠰᠤᠨ ᠳᠤ ᠤᠮᠪᠠᠵᠦ ᠪᠠᠶᠢᠭᠰᠠᠨ ᠲᠤᠮᠤᠴᠤᠤᠯ ᠴᠤ ᠺᠢᠨᠣ᠋ ᠳᠤ ᠭᠠᠷᠳᠠᠭ ᠰᠢᠭ᠋ ᠭᠠᠷ ᠢᠶᠠᠨ ᠡᠷᠭᠦᠬᠦ ᠪᠤᠶᠤ ᠲᠠᠭᠤ ᠭᠠᠷᠴᠤ ᠲᠤᠰᠠᠯᠠᠮᠵᠢ ᠬ᠋ᠤᠶᠤᠵᠦ ᠴᠢᠳᠠᠬᠤ ᠦᠬᠡᠢ᠃ ᠬᠦᠮᠦᠨ ᠵᠢᠪᠬᠦ ᠦᠶ᠎ᠡ ᠳᠤ ᠪᠡᠶ᠎ᠡ ᠨᠢ ᠠᠰ ᠵᠤᠭᠰᠤᠭᠰᠠᠨ ᠪᠠᠶᠢᠳᠠᠯ ᠲᠠᠢ ᠪᠤᠯᠳᠠᠬ ᠪᠦᠭᠡᠳ 20 ᠰᠧᠺᠦ᠋ᠨ᠋ᠳ᠋ ᠠᠴᠠ ᠨᠢᠭᠡ  ᠮᠢᠨᠦ᠋ᠲ ᠲᠤ ᠵᠢᠪᠪᠦᠨ᠎ᠡ᠂ ᠪᠡᠶ᠎ᠡ ᠪᠠᠨ ᠬᠦᠪᠪᠦᠭᠦᠯᠬᠦ᠂ ᠠᠮᠢᠰᠬᠤᠭ᠎ᠠ ᠠᠪᠬᠤ ᠶᠢᠨ ᠲᠤᠯᠠ ᠭᠠᠷ ᠡᠷᠭᠦᠬᠦ᠂ ᠲᠠᠭᠤ ᠭᠠᠷᠬᠤ ᠵᠠᠪ ᠪᠠᠷᠤᠭ ᠪᠠᠶᠢᠬᠤ ᠦᠬᠡᠢ᠃     ᠤᠰᠤᠨ ᠠᠴᠠ ᠠᠪᠤᠷᠠᠬᠤ ᠠᠷᠭ᠎ᠠ᠃ ᠵᠢᠪᠪᠦᠭᠰᠡᠨ ᠬᠦᠮᠦᠨ ᠢ ᠲᠤᠰᠠᠯᠠᠬᠤ ᠭᠡᠵᠦ ᠬᠠᠷᠠᠶᠢᠵᠦ ᠤᠷᠤᠭᠰᠠᠨ ᠬᠦᠮᠦᠨ ᠨᠢ ᠲᠠᠭᠠᠵᠦ ᠠᠳᠡᠭᠰᠡᠨ ᠤᠴᠢᠷ ᠤᠯᠠᠨ᠂ ᠵᠦᠪ ᠠᠷᠭ᠎ᠠ ᠪᠠᠷ ᠲᠤᠰᠠᠯᠠᠬᠤ ᠬᠡᠷᠡᠭᠳᠡᠢ᠄     1᠂ ᠬᠦᠪᠬᠦ ᠵᠦᠢᠯᠡᠰ ᠶᠠᠭᠤ ᠴᠤ ᠪᠤᠯᠤᠨ᠎ᠠ ᠬᠠᠶᠠᠵᠦ ᠦᠭᠭᠦᠭᠡᠷᠡᠢ᠃ ᠤᠮᠪᠠᠯᠲᠠ ᠶᠢᠨ ᠬᠦᠪᠪᠦᠭᠦᠷ ᠪᠠᠶᠢᠪᠠᠯ ᠶᠠᠷᠢᠶᠠᠨ ᠦᠬᠡᠢ ᠬᠠᠮᠤᠭ ᠤᠨ ᠰᠠᠶᠢᠨ᠂ ᠪᠠᠶᠢᠬᠤ ᠦᠬᠡᠢ ᠪᠤᠯ ᠤᠰᠤᠨ ᠤ ᠬᠤᠪᠠᠨᠴᠠᠷ ᠰᠠᠪᠠ᠂ ᠬᠡᠢ ᠲᠦᠭᠦᠷᠭᠡᠭᠰᠡᠨ ᠬᠤᠪᠠᠨᠴᠠᠷ ᠤᠭᠤᠳᠠ᠂ ᠪᠤᠬᠴᠦ᠂ ᠱᠠᠬᠠᠢ᠂ ᠰᠢᠷᠬᠤᠨᠠᠭ ᠢ ᠨᠢ ᠪᠢᠳᠡᠭᠦᠯᠡᠵᠦ ᠤᠶᠠᠭᠰᠠᠨ ᠦᠮᠦᠳᠦ ᠵᠡᠷᠭᠡ︔     2᠂ ᠲᠡᠭᠡᠰᠦ᠂ ᠰᠢᠳᠡᠮ᠂ ᠬᠤᠪᠴᠠᠰᠤ ᠵᠡᠷᠭᠡ ᠲᠠᠳᠠᠬᠤ ᠳᠤ ᠬᠡᠷᠡᠭᠰᠡᠬᠦ ᠵᠦᠢᠯ ᠬᠠᠶᠠᠵᠤ ᠦᠭᠭᠦᠭᠡᠳ ᠡᠷᠭᠢ ᠳᠡᠭᠡᠷ᠎ᠡ ᠠᠴᠠ ᠲᠠᠳᠠᠬᠤ︔     3᠂ ᠤᠰᠤᠨ ᠳᠤ ᠤᠷᠤᠵᠦ ᠠᠪᠤᠷᠠᠬᠤ ᠳᠤ ᠡᠷᠭᠢᠨ ᠠᠴᠠ ᠠᠶᠤᠯ ᠦᠬᠡᠢ ᠶᠢ ᠪᠠᠲᠤᠯᠠᠬᠤ ᠵᠦᠢᠯ ᠳᠤ ᠬᠤᠯᠪᠤᠭᠳᠠᠭᠰᠠᠨ ᠪᠤᠶᠤ ᠤᠯᠠᠨ ᠬᠦᠮᠦᠨ ᠭᠠᠷ ᠭᠠᠷ ᠢᠶᠠᠨ ᠬᠤᠯᠪᠤᠵᠦ ᠡᠷᠭᠢᠨ ᠳᠤ ᠵᠠᠯᠭᠠᠯᠳᠤᠵᠦ ᠲᠤᠰᠠᠯᠠᠬᠤ᠃ ᠤᠮᠪᠠᠵᠦ ᠲᠤᠰᠠᠯᠠᠬᠤ ᠳᠤ ᠵᠠᠪᠠᠯ ᠤᠰᠤᠨ ᠳᠤ ᠳᠡᠭᠳᠡᠬᠦ ᠪᠠᠭᠠᠵᠢ ᠲᠠᠢ ᠤᠴᠢᠬᠤ᠃     ᠤᠰᠤᠨ ᠳᠤ ᠴᠠᠴᠠᠬᠰᠠᠨ ᠬᠦᠮᠦᠨ ᠳᠤ ᠲᠤᠰᠠᠯᠠᠬᠤ ᠠᠷᠭ᠎ᠠ᠃ ᠵᠠᠯᠭᠢᠬᠰᠠᠨ ᠤᠰᠤ ᠶᠢ ᠨᠢ ᠪᠦᠭᠡᠯᠵᠢᠭᠦᠯᠦᠨ᠎ᠡ ᠭᠡᠵᠦ ᠲᠤᠩᠭᠤᠷᠤᠭᠤᠯᠵᠤ ᠡᠭᠦᠷᠴᠢᠬᠡᠳᠡᠭ ᠠᠷᠭ᠎ᠠ ᠶᠢ ᠤᠯᠠᠨ ᠬᠠᠷᠠᠬᠰᠠᠨ ᠪᠢᠵᠠ᠂ ᠡᠨᠡ ᠨᠢ ᠪᠤᠷᠤᠭᠤ ᠦᠢᠯᠡᠳᠦᠯ᠃ ᠬᠤᠳᠤᠭᠤᠳᠤᠨ ᠳᠤ ᠤᠷᠤᠭᠰᠠᠨ ᠤᠰᠤ ᠶᠢ ᠯᠠ ᠭᠠᠷᠭᠠᠬᠤ ᠠᠴᠠ ᠪᠢᠰᠢ ᠠᠭᠤᠰᠬᠢᠨ ᠳᠤ ᠤᠷᠤᠭᠰᠠᠨ ᠤᠰᠤ ᠶᠢ ᠬ᠋ᠠᠷᠭᠠᠵᠦ ᠴᠢᠳᠠᠬᠤ ᠦᠬᠡᠢ ᠪᠦᠭᠡᠳ ᠭᠡᠳᠡᠷᠭᠦ ᠪᠠᠨ ᠠᠭᠤᠰᠬᠢ᠂ ᠠᠮᠢᠰᠬᠤᠯ ᠤᠨ ᠵᠠᠮ ᠢ ᠨᠢ ᠤᠯᠠᠮ ᠪᠦᠭᠯᠡᠷᠡᠭᠦᠯᠦᠨ᠎ᠡ᠃ ᠳᠠᠷᠠᠭᠠᠬᠢ ᠠᠷᠭ᠎ᠠ ᠶᠢ ᠲᠤᠭᠳᠠᠭᠠᠭᠠᠷᠠᠢ᠄     1᠂ ᠰᠡᠭᠡᠭᠡ ᠲᠠᠢ᠂ ᠠᠮᠢᠰᠬᠤᠯ ᠲᠠᠢ ᠪᠤᠯ ᠪᠡᠶ᠎ᠡ ᠶᠢ ᠨᠢ ᠲᠤᠯᠠᠭᠠᠯᠠᠵᠦ᠂ ᠲᠠᠶᠢᠳᠬᠤᠷᠠᠭᠤᠯᠵᠤ ᠡᠮᠨᠡᠯᠭᠡ ᠳᠤ ᠠᠪᠠᠴᠢᠨ᠎ᠠ︔     2᠂ ᠰᠡᠭᠡᠭᠡ ᠦᠬᠡᠢ᠂ ᠠᠮᠢᠰᠬᠤᠯ ᠲᠠᠢ᠂ ᠰᠤᠳᠠᠰᠤᠨ ᠴᠤᠬᠢᠯᠭ᠎ᠠ ᠲᠠᠢ ᠪᠤᠯ ᠬᠠᠵᠠᠭᠤ ᠲᠠᠯ᠎ᠠ ᠪᠠᠷ ᠨᠢ ᠬᠡᠪᠳᠡᠭᠦᠯᠵᠦ ᠠᠮᠠ ᠬᠠᠮᠠᠷ ᠲᠤᠨᠢ ᠪᠦᠭᠯᠡᠷᠡᠭᠰᠡᠨ ᠶᠠᠭᠤᠮ᠎ᠠ ᠪᠠᠶᠢᠪᠠᠯ ᠠᠪᠴᠦ ᠬᠠᠶᠠᠨ᠎ᠠ᠂ ᠪᠠᠴᠢᠮ ᠠᠪᠤᠷᠠᠯᠲᠠ ᠳᠠᠭᠤᠳᠠᠨ᠎ᠠ᠃ ᠪᠡᠶ᠎ᠡ ᠶᠢ ᠨᠢ ᠲᠤᠯᠠᠭᠠᠯᠠᠵᠦ ᠬᠢᠮᠡᠯ ᠠᠮᠢᠰᠬᠤᠭ᠎ᠠ ᠬᠢᠬᠦ ᠴᠢᠬᠤᠯᠠᠲᠠᠢ ᠡᠰᠡᠬᠦ ᠶᠢ ᠴᠠᠭ ᠢᠮᠠᠬᠳᠠ ᠠᠩᠬᠠᠷᠤᠨ᠎ᠠ︔     3᠂ ᠰᠡᠭᠡᠭᠡ ᠦᠬᠡᠢ᠂ ᠠᠮᠢᠰᠬᠤᠯ ᠦᠬᠡᠢ᠂ ᠰᠤᠳᠠᠰᠤᠨ ᠴᠤᠬᠢᠯᠭ᠎ᠠ ᠦᠬᠡᠢ ᠪᠤᠯ ᠠᠮᠢᠰᠬᠤᠯ ᠤᠨ ᠵᠠᠮ ᠠᠮᠠ ᠬᠠᠮᠠᠷ ᠢ ᠨᠢ ᠪᠦᠭᠯᠡᠭᠰᠡᠨ ᠶᠠᠭᠤᠮ᠎ᠠ ᠶᠢ ᠵᠠᠶᠢᠯᠠᠭᠤᠯᠵᠦ ᠬᠦᠰᠡᠷ ᠲᠤ ᠬᠡᠪᠳᠡᠭᠦᠯᠦᠭᠡᠳ ᠬᠢᠮᠡᠯ ᠠᠮᠢᠰᠬᠤᠭ᠎ᠠ ᠬᠢᠨ᠎ᠡ᠃ ᠪᠤᠰᠤᠳ ᠬᠦᠮᠦᠨ ᠢᠶᠠᠷ ᠪᠠᠴᠢᠮ ᠠᠪᠤᠷᠠᠯᠲᠠ ᠲᠠᠭᠤᠳᠠᠭᠤᠯᠤᠨ ‍ᠠ᠋︔     4᠂ ᠶᠠᠭᠠᠬᠢᠬᠰᠠᠨ ᠴᠤ ᠵᠠᠯᠬᠢᠭᠰᠠᠨ ᠤᠰᠤ ᠶᠢ ᠨᠢ ᠪᠦᠭᠡᠯᠵᠢᠭᠦᠯᠬᠦ ᠭᠡᠵᠦ ᠤᠷᠤᠯᠳᠤᠵᠤ ᠪᠤᠯᠬᠤ ᠦᠬᠡᠢ᠂ ᠭᠡᠳᠡᠷᠭᠦ ᠪᠠᠨ ᠠᠮᠢᠰᠬᠤᠯ ᠤᠨ ᠵᠠᠮ ᠢ ᠨᠢ ᠪᠦᠭᠯᠡᠬᠦ ᠠᠶᠤᠯ ᠲᠠᠢ᠃ ᠬᠢᠮᠡᠯ ᠠᠮᠢᠰᠬᠤᠭ᠎ᠠ ᠬᠢᠵᠦ ᠪᠠᠶᠢᠭ᠎ᠠ ᠦᠶ᠎ᠡ ᠳᠤ ᠪᠦᠭᠡᠯᠵᠢᠪᠡᠯ ᠴᠢᠷᠠᠢ ᠶᠢ ᠨᠢ ᠬᠠᠵᠠᠭᠤᠰᠢ ᠬᠠᠨᠳᠤᠭᠤᠯᠵᠦ ᠴᠡᠪᠡᠷᠯᠡᠵᠦ ᠦᠭᠭᠦᠭᠡᠳ ᠬᠢᠮᠡᠯ ᠠᠮᠢᠰᠬᠤᠭ᠎ᠠ ᠶᠢ ᠦᠷᠬᠦᠯᠵᠢᠯᠡᠭᠦᠯᠦᠨ᠎ᠡ᠃  
 
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号