ᠪᠦᠬᠡ ᠱᠠᠯᠪᠢᠩ ︵ᠠᠷᠪᠠᠨ ᠬᠤᠶᠠᠷ︶
ᠨᠡᠶᠢᠲᠡᠯᠡᠭᠰᠡᠨ ᠴᠠᠭ᠄
2021/8/25
      ᠤᠷᠤᠭ ᠰᠠᠲᠤᠨ ᠪᠤᠯᠤᠨ᠎ᠠ ᠭᠡᠭᠴᠢ ᠡᠷᠳᠡ ᠶᠢᠨ ᠢᠷᠤᠭᠡᠯ᠂ ᠠᠶᠢᠯ ᠭᠡᠷ ᠪᠤᠯᠤᠨ᠎ᠠ ᠭᠡᠭᠴᠢ ᠤᠷᠢᠳᠠ ᠶᠢᠨ ᠬᠤᠪᠢ ᠵᠠᠶᠠᠭ᠎ᠠ       ᠡᠬᠦᠯᠨ ᠮᠠᠨᠠᠨ ᠤ ᠲᠤᠮᠳᠠᠭᠤᠷ ᠬᠠᠷᠠᠭᠳᠠᠬᠤ ᠦᠨᠳᠡᠭᠡᠨ ᠴᠠᠭᠠᠨ ᠦᠷᠬᠦᠭᠡ᠂ ᠬᠠᠳᠠ ᠴᠢᠯᠠᠭᠤ ᠵᠡᠷᠭᠡᠯᠡᠭᠰᠡᠨ ᠦᠨᠲᠤᠷ ᠭᠡᠷᠡᠮ ᠲᠠᠢ ᠬᠠᠰᠢᠶ᠎ᠠ᠂ ᠭᠡᠲᠤᠨ ᠵᠢᠯ ᠴᠤ ᠰᠢᠳᠠᠭᠠᠵᠦ ᠪᠠᠷᠠᠰᠢ ᠦᠭᠡᠢ ᠲᠦᠯᠡᠭᠡᠨ ᠤᠪᠤᠭ᠎ᠠ᠂ ᠮᠤᠷᠢᠨ ᠱᠤᠩ ᠲᠡᠮᠡᠭᠡᠨ ᠤᠶᠠᠭ᠎ᠠ ᠠᠴᠠ ᠦᠭᠰᠦᠬᠦᠯᠦᠨ ᠲᠡᠷᠨ ᠪᠦᠬᠦᠨ ᠨᠢ ᠠᠵᠢᠯᠴᠢ ᠬᠦᠮᠦᠨ ᠤ ᠭᠠᠷ ᠢᠶᠠᠷ ᠰᠠᠶᠢᠬᠠᠨ ᠲᠦᠪᠬᠢᠨᠡᠭᠰᠡᠨ ᠰᠢᠨᠵᠢ ᠪᠡᠯᠭᠡ ᠲᠠᠢ᠂ ᠦᠭᠡᠳᠡᠷᠭᠡᠭ ᠠᠮᠢᠲᠤᠷᠠᠯ ᠲᠠᠢ ᠠᠶᠢᠯ ᠠᠵᠢ᠃ ᠡᠨ᠋ᠨ ᠪᠦᠬᠦᠨ ᠨᠢ ᠲᠤᠭᠤᠰ ᠭᠡᠣᠭᠡᠨ ᠤ ᠨᠢᠲᠤᠨ ᠳᠤᠨᠢ ᠦᠵᠡᠭᠳᠡᠵᠦ ᠪᠠᠶᠢᠯ᠎ᠠ᠃      ᠠᠮᠢᠲᠤᠷᠠᠯ ᠤᠨ ᠰᠠᠶᠢᠬᠠᠨ ᠢ ᠤᠬᠠᠭᠠᠨᠲᠤ ᠬᠦᠮᠦᠨ ᠵᠦᠩᠨᠡᠳᠡᠭ᠃ ᠠᠵᠨ ᠵᠢᠷᠭᠠᠯ ᠢ ᠠᠵᠢᠯᠴᠢ ᠬᠦᠮᠦᠨ ᠦᠪᠠᠷ ᠤᠨ ᠭᠠᠷ ᠢᠶᠠᠷ ᠪᠦᠲᠤᠭᠡᠳᠡᠭ᠃ ᠬᠤᠪᠢ ᠤᠴᠠᠷᠡᠯ ᠤᠨ ᠬᠠᠳᠠᠭᠤ ᠰᠢᠷᠤᠬᠦᠨ ᠲᠤᠭᠯᠠᠭᠠᠮ ᠢᠶᠠᠷ ᠲᠤᠬᠤᠭᠤᠷᠬᠠᠨ ᠪᠠᠶᠢᠳᠠᠭ ᠠᠯᠠᠭ ᠬᠤᠷᠸ᠎ᠠ ᠶᠢᠨ ᠡᠷᠢᠶᠠᠨ ᠪᠠᠷᠠᠭᠠᠨ ᠵᠠᠮ ᠡᠨᠡᠬᠦ ᠵᠦᠩᠨᠠᠯ ᠢᠶᠠᠷ ᠨᠠᠰᠤ ᠪᠠᠨ ᠪᠠᠷᠠᠨ ᠪᠠᠷᠠᠳᠠᠯ᠎ᠠ ᠨᠤᠭᠤᠷᠠᠯ ᠦᠭᠡᠢ ᠵᠢᠳᠬᠦᠬᠦ ᠳᠤ ᠵᠢᠷᠭᠠᠯ ᠵᠤᠪᠠᠯ ᠵᠦᠳᠡᠬᠦᠷᠢ ᠶᠢ ᠲᠠᠩ ᠬᠠᠭᠠᠰ ᠢᠶᠠᠷ ᠬᠤᠪᠢᠶᠠᠯᠴᠨᠨ ᠠᠮᠢᠲᠤᠷᠠᠯ ᠤᠨ ᠪᠤᠱᠤᠭ᠎ᠠ ᠴᠤ ᠡᠲᠤᠷ ᠰᠦᠨᠢ ᠶᠢᠨ ᠡᠬᠡᠯᠵᠢᠶᠠᠨ ᠳᠤ ᠬᠤᠷᠤᠭᠳᠠᠨ ᠪᠠᠶᠢᠵᠦ ᠤᠷᠴᠢᠨ ᠬᠤᠪᠢᠷᠠᠳᠠᠭ᠃ ᠲᠡᠷᠨ ᠬᠤᠪᠢᠷᠠᠯᠳᠠ ᠳᠤ ᠦᠪᠠᠷ ᠢ ᠪᠠᠨ ᠵᠤᠬᠢᠴᠠᠭᠤᠯᠬᠤ ᠶᠢᠨ ᠲᠦᠯᠦᠭᠡ ᠤᠷᠤᠰᠢᠨ ᠲᠤᠭᠳᠠᠨᠢᠬᠤ ᠶᠢᠨ ᠤᠷᠤᠨ ᠪᠠᠶᠢᠷᠢ ᠪᠠᠨ ᠤᠯᠬᠤ ᠦᠷᠢᠰᠦᠯᠲᠤᠭᠡᠨ ᠤ ᠲᠤᠮᠳᠠ ᠠᠯᠳᠠᠵᠦ ᠤᠨᠤᠨ ᠪᠠᠶᠢᠵᠦ ᠠᠮᠢᠲᠤᠷᠠᠬᠤ ᠶᠢᠨ ᠤᠳᠬ᠎ᠠ ᠠᠭᠤᠯᠭ᠎ᠠ  ᠪᠠᠨ ᠲᠠᠰᠤᠷᠠᠯᠳᠠ ᠦᠭᠡᠢ ᠪᠠᠶᠠᠯᠢᠭᠵᠢᠭᠤᠯᠬᠤ ᠶᠤᠰᠤ ᠲᠠᠢ᠃      —— ᠮᠠᠨ ᠤ ᠭᠡᠵᠦ ᠢᠢᠮᠤ ᠨᠢᠭᠡ ᠠᠶᠢᠯ ᠲᠠᠨ ᠢ ᠤᠭᠲᠤᠵᠦ ᠪᠠᠶᠢᠭ᠎ᠠ ᠶᠤᠮ᠃ ᠵᠨ ᠲᠠ ᠭᠡᠷ ᠲᠤ ᠮᠤᠷᠢᠯᠨ ᠭᠡᠵᠦ ᠱᠠᠯᠪᠢᠩ ᠠᠯᠠᠭ᠎ᠠ ᠲᠡᠯᠭᠡᠨ ᠡᠵᠡᠨ ᠤ ᠶᠤᠰᠤᠭᠠᠷ ᠤᠷᠢᠨ ᠵᠠᠯᠠᠪᠠ᠃      —— ᠭᠡᠷ ᠢᠶᠠᠨ ᠭᠡᠵᠦ ᠢᠷᠡᠵᠦ ᠶᠠᠪᠤᠭ᠎ᠠ ᠪᠢ ᠭᠠᠳᠠᠨ᠎ᠠ ᠶᠢᠨ ᠬᠦᠮᠦᠨ ᠢᠶᠠᠷ ᠦᠵᠡᠭᠳᠡᠪᠠ ᠤᠤ︖ ᠭᠡᠵᠦ ᠢᠨᠢᠶᠠᠲᠤ ᠠᠯᠳᠠᠭᠰᠠᠨ ᠲᠤᠭᠤᠰ ᠨᠢ ᠱᠠᠯᠪᠢᠩ ᠢ ᠲᠦᠯᠬᠢᠵᠦ ᠦᠪᠠᠷ ᠢᠶᠠᠨ ᠬᠤᠶᠢᠨ᠎ᠠ ᠠᠴᠠ ᠨᠢ ᠲᠠᠭᠠᠯᠲᠤᠨ ᠤᠷᠤᠭᠰᠠᠨ ᠢᠶᠠᠨ ᠡᠬᠦᠳᠡᠨ ᠲᠤᠰᠢᠶ᠎ᠠ ᠰᠦᠬᠦᠷᠠᠨ ᠰᠠᠭᠤᠯ᠎ᠠ᠃      ᠰᠢᠨ᠎ᠠ ᠪᠠᠷᠢ ᠭᠡᠵᠦ ᠪᠠᠶᠢᠭᠠᠳ ᠡᠬᠦᠳᠠᠨ ᠲᠤᠰᠢᠶ᠎ᠠ ᠰᠠᠭᠤᠨ᠎ᠠ ᠭᠡᠭᠴᠢ ᠶᠠᠭᠤ ᠪᠤᠢ︖ ᠲᠡᠭᠡᠵᠦ ᠪᠤᠯᠬᠤ ᠦᠭᠡᠢ ᠰᠢᠤ ᠭᠡᠬᠦ ᠳᠤ ᠭᠠᠷ ᠠᠴᠠ ᠨᠢ ᠪᠠᠷᠢᠭᠰᠠᠨ ᠬᠠᠨᠢ ᠪᠠᠨ ᠬᠦᠩᠭᠡᠨ ᠲᠦᠯᠬᠢᠭᠰᠡᠨ ᠭᠡᠤᠭᠡᠨ᠂       —— ᠲᠠ ᠭᠠᠯ ᠢᠶᠠᠨ ᠠᠰᠠᠭ᠎ᠠ᠂ ᠲᠡᠭᠡᠪᠠᠯ ᠪᠢ ᠲᠠᠨᠳᠠ ᠤᠴᠢᠵᠦ ᠰᠠᠭᠤᠶ᠎ᠠ ᠭᠡᠳ ᠡᠷᠡᠤ ᠪᠠᠷ ᠵᠢᠭᠠᠬᠤ ᠰᠢᠤᠬᠠᠨ ᠪᠤᠯᠪᠠ᠃      ᠮᠠᠨᠠᠭᠰᠠᠨ ᠭᠤᠯᠤᠮᠳᠠ ᠳᠤ ᠰᠢᠳᠠᠭᠠᠭᠤᠯᠢ ᠨᠤᠷᠠᠮᠳᠠᠭᠰᠠᠨ ᠢᠶᠠᠷ ᠭᠠᠯ ᠴᠤ ᠠᠮᠠᠷᠬᠠᠨ ᠲᠦᠷᠡᠯᠵᠠᠨ ᠰᠢᠳᠠᠪᠠ᠃ ᠲᠤᠭᠤᠰ ᠭᠡᠤᠭᠡᠨ ᠴᠤ ᠰᠢᠨ᠎ᠠ ᠪᠡᠷᠢ ᠶᠢᠨ ᠶᠤᠰᠤᠭᠠᠷ ᠭᠤᠷᠪᠠᠨᠳᠠ ᠮᠦᠷᠬᠦᠵᠦ ᠠᠮᠵᠢᠭᠠᠳ᠂ ᠡᠨ᠋ᠨ ᠭᠤᠯᠤᠮᠳᠠ ᠶᠢ ᠡᠵᠡᠨ ᠤ ᠶᠤᠰᠤᠭᠠᠷ ᠮᠠᠨᠠᠵᠦ ᠪᠦᠯᠢᠶᠠᠨ ᠠᠮᠢᠲᠤᠷᠠᠯ ᠳᠤ ᠪᠦᠯᠢ ᠨᠡᠮᠡᠭᠡᠳ᠂ ᠡᠬᠦᠷᠢᠳᠡ ᠶᠢᠨ ᠲᠠᠩᠭᠠᠷᠢᠭ ᠲᠠᠢ ᠡᠷ᠎ᠡ ᠨᠦᠬᠦᠷ ᠲᠤ ᠡᠨ᠋ᠨ ᠪᠠᠶ᠎ᠠ ᠪᠠᠨ ᠲᠤᠰᠢᠶᠠᠵᠦ ᠡᠭᠡᠨᠡᠷ ᠨᠢ ᠪᠤᠯᠤᠭᠰᠠᠨ ᠢᠶᠠᠨ ᠭᠤᠯᠤᠮᠳᠠ ᠶᠢᠨ ᠡᠵᠡᠨ ᠳᠤ ᠮᠡᠳᠡᠭᠳᠡᠨ᠂ ᠬᠠᠨᠢ ᠶᠢᠨ ᠲᠡᠭᠷᠢ ᠲᠤ ᠠᠨᠳᠠᠭᠠᠶᠢᠯᠠᠪᠠ᠃     ᠡᠵᠢ ᠮᠢᠨᠢ ᠮᠠᠨᠲᠤ ᠪᠠᠶᠢᠬᠤ ᠳᠠᠭᠠᠨ ᠨᠠᠳᠠ ᠳᠤ ᠭᠠᠭᠴᠠ ᠮᠤᠲᠤ ᠭᠠᠯ ᠪᠤᠯᠳᠠᠭ ᠦᠭᠡᠢ᠂ ᠭᠠᠭᠴᠠ ᠬᠦᠮᠦᠨ ᠠᠶᠢᠯ ᠪᠤᠯᠳᠠᠭ ᠦᠭᠡᠢ ᠭᠡᠵᠦ ᠬᠠᠶᠢᠷ᠎ᠠ ᠶᠢᠨ ᠰᠡᠳᠬᠢᠯ ᠢᠶᠠᠷ ᠭᠡᠯᠡᠵᠦ᠂ ᠬᠦᠦ ᠮᠢᠨᠢ ᠠᠶᠢᠯ ᠭᠡᠷ ᠪᠤᠯᠤᠭᠰᠠᠨ ᠪᠤᠯ ᠮᠢᠨᠦ ᠵᠢᠷᠭᠠᠯ ᠭᠡᠵᠦ ᠪᠠᠶᠢᠪᠠ᠃ ᠡᠵᠢ ᠮᠢᠨᠢ ᠮᠠᠨᠲᠤ ᠰᠠᠷᠡᠬᠦᠨ ᠪᠠᠶᠢᠭᠰᠠᠨ ᠪᠤᠯ ᠶᠠᠭᠠᠬᠢᠵᠦ ᠴᠤ ᠪᠠᠶᠠᠷᠯᠠᠭᠤᠯᠬᠤ ᠪᠠᠶᠢᠭᠰᠠᠨ ᠪᠤᠯ ᠭᠡᠵᠦ ᠲᠡᠰᠭᠡᠯ ᠦᠭᠡᠢ ᠤᠶᠠᠷᠠᠨ᠂ ᠲᠤᠭᠤᠰ ᠢ ᠪᠤᠰᠬᠤ ᠠᠴᠠ ᠡᠮᠤᠨ᠎ᠠ ᠰᠤᠭᠤᠳᠠᠨ ᠠᠪᠴᠦ ᠵᠡᠬᠦᠨ ᠬᠤᠶᠢᠮᠤᠷ  ᠢᠶᠠᠷ ᠲᠦᠰᠢᠵᠦ ᠰᠠᠭᠤᠯᠭᠠᠭᠠᠳ ᠦᠨᠦᠰᠬᠦ ᠭᠡᠳᠡᠯ᠎ᠠ ᠲᠡᠷᠨ ᠨᠢ ᠬᠦᠩᠭᠡᠨ ᠲᠦᠯᠬᠢᠵᠦ ᠲᠤᠭᠤᠭ᠎ᠠ ᠪᠠᠨ ᠵᠢᠭᠠᠪᠠ᠃      ᠲᠦᠷᠪᠠᠨ ᠬᠠᠨ᠎ᠠ ᠲᠠᠢ ᠦᠷᠤᠭᠡᠨ ᠳᠤᠨᠢ ᠰᠢᠨ᠎ᠠ ᠭᠡᠷ ᠤᠨ ᠡᠳ᠋ᠯᠠᠯ ᠭᠡᠷᠡᠭᠰᠡᠯ ᠨᠦᠭᠦᠳ ᠢᠶᠠᠷ ᠪᠦᠷᠢᠨ ᠪᠠᠶᠢᠪᠠᠴᠦ ᠤᠲᠤᠷ ᠤᠨ ᠠᠶᠢᠯ ᠰᠢᠭ᠋ ᠠᠪᠳᠠᠷ᠎ᠠ ᠱᠦᠭᠦᠢ ᠦᠭᠡᠶᠢᠯᠡᠭᠳᠡᠨ᠂ ᠲᠡᠪᠢᠰᠭᠡᠷ ᠰᠢᠷᠳᠡᠭ ᠴᠦᠭᠡᠨ ᠪᠠᠶᠢᠭᠰᠠᠨ ᠠᠴᠠ ᠪᠤᠯᠵᠦ ᠠᠭᠤᠵᠢᠮ ᠰᠢᠭ᠋ ᠰᠢᠨ᠎ᠠ ᠬᠦᠮᠦᠨ ᠤ ᠡᠮᠤᠨ᠎ᠠ ᠬᠠᠷᠠᠭᠳᠠᠵᠦ ᠪᠠᠶᠢᠯ᠎ᠠ᠃ ᠰᠢᠨ᠎ᠠ ᠪᠠᠷ ᠡᠬᠢᠯᠠᠵᠦ ᠪᠠᠶᠢᠭ᠎ᠠ ᠠᠮᠢᠲᠤᠷᠠᠯ ᠳᠤ ᠶᠠᠭᠤᠮ᠎ᠠ ᠪᠦᠬᠦᠨ ᠪᠠᠯᠠᠨ ᠵᠠᠯᠠᠨ ᠪᠠᠶᠢᠬᠤ ᠦᠭᠡᠢ ᠨᠢ ᠮᠡᠳᠡᠭᠡᠵᠢ ᠶᠢᠨ ᠭᠡᠷᠡᠭ᠂ ᠭᠡᠯ᠎ᠠ ᠴᠤ ᠠᠮᠢᠲᠤᠷᠠᠯ  ᠤᠨ ᠪᠡᠷᠭᠡ ᠶᠢ ᠲᠤᠭᠤᠯᠬᠤ ᠰᠡᠳᠬᠢᠯ ᠤᠨ ᠲᠠᠮᠢᠷ ᠢ ᠢᠨᠢᠶᠠᠲᠤ ᠲᠤᠲᠤᠷᠠᠭᠤᠯᠤᠭᠰᠠᠨ ᠬᠠᠨᠢ ᠶᠢᠨ ᠴᠢᠷᠠᠢ ᠠᠴᠠ ᠤᠯᠵᠦ ᠬᠠᠷᠠᠭᠰᠠᠨ ᠳᠠᠭᠠᠨ ᠦᠪᠠᠷ ᠢᠶᠠᠨ ᠴᠦ ᠤᠷᠮᠠᠰᠢᠨ᠂ ᠵᠢᠷᠭᠠᠯ ᠤᠨ ᠤᠷᠲᠤᠨ ᠳᠤ ᠵᠠᠯᠠᠷᠠᠨ ᠪᠠᠭᠤᠭᠰᠠᠨ ᠮᠠᠲᠤ ᠲᠠᠭᠠᠲᠡᠢ ᠰᠠᠨᠠᠭᠳᠠᠭᠰᠠᠨ ᠢ ᠶᠠᠭᠤᠨ ᠭᠡᠯᠡᠬᠦ ᠪᠤᠢ᠃ ᠢᠢᠮᠤ ᠯᠠ ᠢᠳᠡᠭᠡᠯ ᠤᠨ ᠬᠦᠴᠦᠨ ᠳᠤ ᠬᠠᠶᠢᠷ᠎ᠠ ᠶᠢᠨ ᠲᠦᠯᠤᠭᠡ ᠭᠡᠲᠤᠨ ᠵᠢᠯ ᠢᠶᠠᠷ ᠭᠤᠶᠢᠪᠢᠰᠢ ᠦᠭᠡᠢ ᠬᠦᠯᠢᠶᠠᠵᠦ ᠬᠦᠰᠡᠯ ᠤᠨ ᠰᠠᠶᠢᠬᠠᠨ ᠢ ᠦᠨᠦᠲᠤᠷ ᠤᠯᠵᠦ ᠬᠠᠷᠠᠭᠰᠠᠨ ᠳᠠᠭᠠᠨ ᠰᠡᠳᠬᠢᠯ  ᠤᠨ ᠲᠤᠭᠲᠤᠯᠤᠯ ᠢ ᠲᠠᠷᠤᠵᠦ ᠶᠠᠳᠠᠨ᠂ ᠡᠷ᠎ᠡ ᠨᠦᠬᠦᠷ ᠤᠨ ᠢᠶᠠᠨ ᠤᠷᠤᠵᠦ ᠭᠠᠷᠬᠤ ᠶᠢ ᠬᠠᠷᠠᠵᠦ ᠰᠠᠭᠤᠬᠤ ᠨᠢ ᠪᠠᠰᠠᠴᠦ ᠵᠢᠷᠭᠠᠯ ᠤᠨ ᠨᠢᠭᠡ ᠨᠢ ᠪᠢᠯᠨ᠃ ᠲᠦᠷᠡᠯᠵᠡᠭᠰᠡᠨ ᠭᠠᠯ ᠳᠤ ᠲᠦᠯᠡᠭᠡ ᠨᠡᠮᠡᠬᠦ ᠶᠢ ᠬᠦᠰᠡᠨ ᠪᠠᠶᠢᠪᠠᠴᠦ ᠲᠤᠭᠤᠭ᠎ᠠ ᠰᠢᠨᠠᠭ᠎ᠠ ᠪᠠᠨ ᠡᠷᠬᠢᠴᠡᠬᠦᠯᠤᠨ ᠪᠠᠶᠢᠭ᠎ᠠ ᠬᠠᠨᠢ ᠨᠢ ᠬᠠᠪᠢᠳᠠᠭᠤᠯᠬᠤ ᠨᠢ ᠪᠢᠰᠢ ᠡ᠃ ᠬᠠᠷᠠᠵᠦ ᠰᠠᠭᠤᠬᠤ ᠨᠢ ᠪᠠᠶᠠᠷ ᠲᠠᠢ᠂ ᠬᠠᠷᠠᠭᠤᠯᠵᠦ ᠪᠠᠶᠢᠬᠤ ᠨᠢ ᠴᠤ ᠵᠢᠷᠭᠠᠯ ᠲᠠᠢ ᠰᠠᠨᠠᠭᠳᠠᠨ᠎ᠠ᠃ ᠭᠤᠯᠤᠮᠳᠠ ᠪᠠᠳᠠᠷᠠᠭᠠᠭᠰᠠᠨ ᠡᠨ᠋ᠨ ᠭᠡᠷ ᠲᠤ ᠪᠠᠶᠠᠷ ᠵᠢᠷᠭᠠᠯ ᠪᠢᠯᠬᠠᠵᠠᠢ᠃      ᠬᠤᠷᠢᠮᠯᠠᠭᠰᠠᠨ ᠤ ᠲᠠᠷᠠᠭ᠎ᠠ ᠡᠲᠤᠷ ᠨᠢ᠂ ᠠᠮᠢᠲᠤᠷᠠᠯ ᠢᠶᠠᠨ ᠪᠤᠲᠤᠭᠰᠠᠨ ᠱᠠᠯᠪᠢᠩ ᠠᠩ ᠳᠤ ᠭᠠᠷᠬᠤ ᠪᠤᠯᠵᠠᠢ᠃ ᠬᠠᠨᠢ ᠶᠢᠨ ᠪᠠᠨ ᠤᠷᠤᠭᠤᠯ ᠢ ᠨᠢ ᠲᠠᠭᠠᠯᠠᠨ ᠦᠨᠦᠰᠴᠦ᠂ ᠨᠤᠮᠤ ᠰᠤᠮᠤ ᠪᠠᠨ ᠠᠪᠴᠦ ᠭᠠᠷᠤᠭᠠᠳ᠂ ᠲᠤᠭᠤᠰ ᠢ ᠴᠠᠢ ᠴᠢᠨᠠᠵᠦ ᠶᠡᠬᠦᠯᠠᠵᠦ ᠪᠠᠶᠢᠬᠤ ᠳᠤ ᠬᠤᠶᠠᠷ ᠤᠭᠤᠨᠤ ᠭᠡᠯᠭᠢᠵᠦ ᠡᠬᠦᠷᠤᠭᠡᠳ ᠢᠷᠡᠵᠠᠢ᠃ ᠦᠭᠡᠳᠡᠷᠭᠡᠭ ᠡᠭᠡᠨᠡᠷ ᠤᠨ ᠪᠤᠶᠠᠨ ᠳᠤ ᠠᠩ ᠤᠨ ᠭᠡᠰᠢᠭ ᠰᠠᠶᠢᠲᠡᠢ ᠭᠡᠵᠦ ᠡᠨ᠋ᠨ ᠪᠤᠶᠤ᠃ ᠦᠷᠯᠤᠭᠡ ᠶᠢᠨ ᠨᠠᠷᠠᠨ ᠤ ᠲᠡᠭᠳᠡᠭᠰᠡᠨ ᠵᠦᠭ ᠠᠴᠠ ᠵᠡᠭᠡᠷᠡᠨ ᠰᠦᠷᠦᠭ ᠲᠤ ᠰᠢᠭᠤᠳ ᠤᠶᠢᠷᠠᠲᠤᠨ ᠶᠠᠪᠠᠭᠠᠨ ᠢᠶᠠᠷ ᠠᠩᠨᠠᠬᠤ ᠶᠢ ᠭᠠᠨᠵᠤᠭᠠᠲᠡᠢ ᠡᠪᠤᠭᠡᠨ ᠠᠴᠠ ᠰᠤᠷᠤᠭᠰᠠᠨ ᠪᠠᠶᠢᠵᠠᠢ᠃ ᠠᠪᠠᠭᠠᠢ ᠠᠪᠤᠭᠰᠠᠨ ᠲᠠᠢ᠂ ᠤᠭᠤᠨᠤ ᠠᠩᠨᠠᠭᠰᠠᠨ ᠲᠠᠢ ᠤᠮᠤᠭᠰᠢᠨ ᠪᠠᠶᠢᠭ᠎ᠠ ᠡᠷ᠎ᠠ ᠡᠭᠡᠨᠡᠷ  ᠤᠨ ᠢᠶᠠᠨ ᠴᠢᠨᠠᠭᠰᠠᠨ ᠠᠩᠬᠠᠨ ᠤ ᠴᠠᠢ ᠶᠢ ᠬᠦᠯᠤᠰᠤ ᠠᠯᠳᠠᠭᠤᠯᠤᠨ ᠤᠤᠭᠤᠵᠦ ᠬᠦᠴᠦ ᠪᠠᠨ ᠨᠦᠬᠦᠵᠦ ᠤᠮᠳᠠ ᠪᠠᠨ ᠲᠠᠷᠤᠭᠰᠠᠨ ᠪᠠᠶᠢᠯ᠎ᠠ᠂ ᠡᠨ᠋ᠨ ᠨᠢ ᠭᠡᠯᠡᠯᠭᠡᠨ ᠦᠭᠡᠢ ᠵᠢᠷᠭᠠᠯᠲᠤ ᠠᠮᠢᠲᠤᠷᠠᠯ ᠤᠨ ᠡᠬᠢᠯᠠᠯ ᠭᠡᠰᠡᠨ ᠳᠡᠭᠡᠨ ᠠᠯᠢ ᠠᠯᠢ ᠨᠢ ᠪᠠᠶᠠᠷ ᠲᠠᠢ ᠯᠨ ᠪᠠᠶᠢᠪᠠ᠃ ᠪᠤᠶᠠᠨᠲᠤ ᠨᠤᠲᠤᠭ ᠢᠶᠠᠨ ᠭᠡᠵᠦ ᠴᠠᠢ ᠶᠢᠨ ᠲᠡᠭᠡᠵᠢ ᠪᠠᠷ ᠰᠠᠴᠤᠯᠢ ᠡᠷᠬᠦᠬᠦ ᠳᠡᠭᠡᠨ ᠪᠤᠭᠤᠷᠤᠯ ᠡᠵᠢ ᠮᠢᠨᠢ ᠭᠡᠵᠦ ᠰᠢᠪᠰᠢᠬᠦ ᠶᠤᠰᠤᠲᠡᠢ ᠪᠠᠶᠢᠭᠰᠠᠨ ᠢ ᠡᠭᠡᠨᠡᠷ ᠨᠢ ᠬᠠᠷᠢᠨ ᠪᠤᠲᠤᠵᠦ ᠤᠯᠤᠭᠰᠠᠨ ᠦᠭᠡᠢ᠃      ᠬᠤᠶᠠᠷ ᠡᠲᠤᠷ ᠤᠨ ᠲᠠᠷᠠᠭ᠎ᠠ᠂ ᠠᠶᠢᠯ ᠤᠨ ᠲᠡᠮᠡᠭᠡ ᠬᠦᠲᠤᠯᠤᠨ ᠠᠮᠢᠨ ᠤ ᠭᠡᠲᠤᠨ ᠲᠡᠮᠡᠭᠡ ᠲᠠᠢ ᠬᠠᠮᠲᠤ ᠨᠢᠭᠡ ᠴᠦᠷᠭᠡ ᠠᠶᠠᠨ ᠳᠤ ᠮᠤᠷᠳᠠᠭᠰᠠᠨ ᠡᠷ᠎ᠡ ᠶᠢᠨ ᠢᠶᠠᠨ ᠬᠤᠶᠢᠨ᠎ᠠ ᠠᠴᠠ ᠨᠢᠯᠪᠤᠰᠤ ᠲᠠᠢ ᠦᠳᠡᠵᠦ ᠬᠤᠴᠤᠷᠤᠭᠰᠠᠨ ᠲᠤᠭᠤᠰ ᠨᠢ ᠡᠲᠤᠷ ᠬᠤᠨᠤᠭ ᠢ ᠲᠤᠭᠠᠯᠠᠨ ᠦᠩᠭᠡᠷᠡᠭᠡᠵᠦ ᠪᠠᠶᠢᠯ᠎ᠠ᠃ ᠠᠪᠤ ᠡᠵᠢ ᠶᠢᠨ ᠲᠡᠷᠭᠡᠳᠡ ᠠᠴᠠ ᠲᠦᠭᠡ ᠰᠠᠯᠵᠦ ᠦᠵᠡᠭᠡ ᠦᠭᠡᠢ ᠭᠡᠤᠭᠡᠨ᠂ ᠠᠮᠠᠷᠠᠭ ᠬᠠᠨᠢ ᠶᠢᠨ ᠲᠡᠷᠭᠡᠳᠡ ᠠᠴᠠ ᠠᠯᠬᠤᠮ ᠬᠤᠯᠠᠳᠬᠤ ᠦᠭᠡᠢ ᠪᠠᠶᠢᠬᠤ ᠶᠢ ᠪᠤᠲᠤᠭᠰᠠᠨ ᠡᠭᠡᠨᠠᠷ ᠭᠤᠪᠢ ᠶᠢᠨ ᠬᠦᠨ ᠳᠤ ᠭᠡᠷ ᠡᠵᠡᠩᠨᠡᠵᠦ ᠭᠠᠭᠴᠠᠭᠠᠷ ᠰᠠᠭᠤᠬᠤ ᠶᠢᠨ ᠭᠤᠨᠢᠭᠲᠤ ᠤᠶᠢᠳᠬᠠᠷ ᠢ ᠡᠳ᠋ᠯᠡᠵᠠᠢ᠃ ᠦᠨᠦᠴᠢᠨ ᠲᠡᠷ᠎ᠠ ᠲᠡᠭᠡᠷ᠎ᠠ ᠨᠢᠭᠡ ᠶᠠᠭᠤᠮ᠎ᠠ ᠲᠤᠳᠠᠭᠰᠠᠨ ᠰᠢᠭ᠋ ᠪᠤᠯᠵᠦ᠂ ᠤᠮᠳᠠᠬᠤ ᠨᠤᠶᠢᠷ ᠢᠶᠠᠷ ᠬᠠᠯᠬᠠᠯᠠᠨ ᠦᠷᠤᠭᠡ ᠭᠡᠷ ᠲᠡᠭᠡᠨ ᠲᠤᠭᠳᠠᠵᠦ ᠶᠠᠳᠠᠭᠰᠠᠨ ᠮᠠᠲᠤ ᠭᠠᠳᠠᠨᠠᠬᠢ ᠶᠢ ᠠᠨᠢᠷᠬᠠᠨ ᠪᠠᠶ᠎ᠠ ᠪᠠᠨ ᠮᠡᠭᠡᠯᠡᠨ᠂ ᠬᠤᠨᠢᠨ ᠤ ᠵᠠᠬ᠎ᠠ ᠳᠤ ᠬᠤᠯᠨ ᠶᠢ ᠪᠠᠷᠠᠯᠠᠨ ᠰᠠᠨᠠᠭ᠎ᠠ ᠪᠠᠨ ᠬᠠᠭᠤᠷᠴᠦ᠂ ᠡᠲᠤᠷ ᠰᠠᠷ᠎ᠠ ᠶᠢ ᠦᠩᠭᠡᠷᠡᠭᠡᠨ ᠬᠦᠯᠢᠶᠠᠨ ᠰᠠᠭᠤᠯ᠎ᠠ᠃      ᠲᠡᠭᠷᠢ ᠡᠯᠡᠰᠤᠨ ᠤ ᠲᠤᠮᠳᠠ ᠴᠠᠶᠢᠷᠠᠨ ᠪᠠᠶᠢᠬᠤ ᠴᠠᠭᠠᠨ ᠪᠤᠯᠠᠭ ᠤᠨ ᠲᠠᠪᠤᠰᠤᠨ ᠨᠠᠭᠤᠷ —— ᠪᠠᠶᠢᠭᠠᠯᠢ ᠡᠭᠡ  ᠶᠢᠨ ᠰᠤᠶᠤᠷᠬᠠᠭᠰᠠᠨ ᠪᠠᠷᠠᠭᠳᠠᠰᠢ ᠦᠭᠡᠢ ᠲᠠᠪᠤᠰᠤ ᠲᠠᠢ ᠪᠠᠶᠠᠨ ᠲᠠᠩᠰᠤᠭ ᠨᠠᠭᠤᠷ ᠪᠤᠯ ᠡᠵᠢ ᠬᠦᠮᠦᠨ ᠴᠠᠭᠠᠨ ᠰᠦ  ᠪᠠᠨ ᠬᠦᠬᠦᠬᠦᠯᠵᠦ ᠭᠡᠤᠭᠡᠳ ᠢᠶᠠᠨ ᠦᠰᠭᠡᠬᠦ ᠮᠠᠲᠤ ᠠᠯᠠᠱᠨ ᠶᠢᠨ ᠲᠦᠮᠠᠨ ᠤᠯᠠᠨ ᠢ ᠲᠡᠵᠢᠭᠡᠭᠰᠡᠨ ᠤᠯᠠᠨ ᠵᠢᠯ ᠤᠨ ᠲᠡᠤᠭᠡ ᠲᠠᠢ ᠡᠵᠢ ᠨᠠᠭᠤᠷ ᠪᠢᠯᠨ᠃ ᠠᠳᠡ ᠠᠶᠠᠨ ᠲᠡᠭᠡᠭᠡᠪᠤᠷᠢ ᠬᠢᠵᠦ ᠠᠮᠢᠲᠤᠷᠠᠵᠦ ᠪᠠᠶᠢᠭ᠎ᠠ ᠮᠤᠩᠭᠤᠯᠴᠤᠳ᠂ ᠬᠢᠳᠠᠳ ᠬᠤᠲᠤᠩᠴᠤᠳ ᠤᠨ ᠲᠡᠮᠡᠭᠡᠨ ᠴᠤᠪᠤᠭ᠎ᠠ ᠴᠤ ᠤᠯᠠᠷᠢᠯ ᠳᠠᠭᠠᠨ ᠡᠷᠬᠢᠯᠲᠤᠵᠦ ᠪᠠᠶᠢᠳᠠᠭ᠃ ᠲᠡᠮᠡᠭᠡ ᠪᠠᠷᠠᠯᠠᠨ ᠠᠶᠠᠨ ᠬᠦᠳᠡᠯᠬᠦ ᠦᠶ᠎ᠠ ᠳᠤ ᠲᠠᠪᠤᠰᠤᠨ ᠨᠠᠭᠤᠷ ᠢᠶᠠᠷ ᠢᠶᠠᠨ ᠠᠶᠠᠨ ᠤ ᠲᠡᠮᠡᠭᠡ ᠨᠦᠭᠦᠳ ᠬᠠᠷ᠎ᠠ ᠰᠢᠷᠭᠤᠯᠵᠢ ᠰᠢᠭ ᠪᠦᠷᠬᠦᠨ ᠲᠠᠪᠤᠰᠤᠨ ᠭᠤᠷᠤᠬ᠎ᠠ ᠶᠢ ᠬᠤᠴᠢᠭᠠᠳ᠂ ᠲᠡᠮᠡᠭᠡᠨ ᠤ ᠲᠠᠭᠤ ᠲᠠᠰᠤᠷᠠᠯᠳᠠ ᠦᠭᠡᠢ ᠲᠦᠩᠬᠢᠨᠠᠨ ᠴᠦᠷᠭᠡ  ᠲᠠᠢ ᠲᠡᠮᠡᠭᠡ ᠨᠦᠭᠦᠳ ᠵᠦᠷᠢᠯᠲᠤᠨ᠂ ᠠᠶᠠᠨ ᠤ ᠬᠤᠩᠬᠤᠨ ᠤ ᠲᠠᠭᠤᠨ ᠳᠤ ᠪᠠᠶᠠᠷᠯᠠᠭᠰᠠᠨ ᠮᠠᠲᠤ ᠪᠤᠯᠵᠦ ᠤᠷᠤᠭᠰᠢ ᠵᠢᠳᠬᠦᠯᠤᠨ ᠴᠤᠪᠤᠵᠠᠭᠠᠨ᠎ᠠ᠃ ᠡᠨ᠋ᠨ ᠦᠶ᠎ᠠ ᠳᠤ ᠱᠠᠯᠪᠢᠩ ᠤᠨ ᠬᠢᠨ ᠤ ᠬᠠᠮᠲᠤᠷᠠᠭᠰᠠᠨ ᠨᠢᠭᠡ ᠭᠠᠯ ᠠᠶᠠᠨᠴᠢᠳ ᠲᠠᠪᠤᠰᠤ ᠰᠠᠪᠠᠯᠠᠬᠤ ᠪᠠᠨ ᠬᠦᠯᠢᠶᠠᠵᠦ ᠪᠠᠶᠢᠭᠠᠳ ᠪᠤᠰᠤᠳ ᠤᠨ ᠲᠡᠮᠡᠭᠡᠳ ᠠᠴᠢᠶᠠᠯᠠᠭᠠᠳ ᠭᠠᠷᠬᠤ ᠶᠢᠨ ᠦᠶ᠎ᠡ ᠳᠤ ᠭᠤᠷᠤᠬᠠᠨ ᠳᠤ ᠤᠷᠤᠵᠦ ᠲᠠᠪᠤᠰᠤ ᠪᠠᠨ ᠰᠠᠪᠠᠯᠠᠨ ᠠᠴᠢᠶᠠᠯᠠᠭᠠᠳ ᠶᠠᠪᠤᠪᠠ᠃      ᠡᠪᠤᠯ ᠤᠨ ᠬᠠᠬᠢᠷ ᠬᠦᠢᠳᠡᠨ ᠤ ᠭᠤᠤᠯ ᠪᠤᠯᠬᠤ ᠳᠤ ᠲᠤᠯᠤᠭᠠᠨ ᠤᠳᠠᠭ᠎ᠠ ᠲᠠᠪᠤᠰᠤ ᠲᠡᠭᠡᠭᠡᠪᠤᠷᠢᠯᠠᠨ ᠭᠠᠨᠰᠤ  ᠶᠢᠨ ᠭᠠᠵᠠᠷ ᠬᠦᠷᠭᠡᠵᠦ ᠲᠠᠪᠤᠰᠤ ᠪᠠᠷ ᠬᠦᠨᠠᠰᠤ ᠰᠤᠯᠢᠵᠦ᠂ ᠭᠠᠨᠵᠤᠭ᠎ᠠ ᠲᠦᠬᠦᠷᠡᠩ ᠬᠦᠨᠠᠰᠤ᠂ ᠠᠷᠢᠬᠢ ᠲᠤᠰᠤ᠂ ᠴᠢᠪᠠᠭ᠎ᠠ ᠪᠠᠯ ᠡᠨ᠋ᠨ ᠲᠡᠷᠨ ᠠᠬᠠᠷ ᠴᠢᠬᠢᠷ ᠶᠠᠭᠤᠮ᠎ᠠ ᠪᠠᠨ ᠠᠪᠤᠭᠠᠳ ᠭᠡᠷ ᠲᠡᠭᠡᠨ ᠬᠠᠷᠢᠵᠦ ᠢᠷᠡᠯ᠎ᠠ᠃ ᠠᠴᠢᠶ᠎ᠠ ᠪᠠᠨ ᠪᠠᠭᠤᠯᠭᠠᠬᠤ ᠳᠤ ᠡᠭᠡᠨᠡᠷ ᠨᠢ ᠭᠡᠷ ᠠᠴᠠ ᠭᠠᠷᠴᠦ ᠢᠷᠡᠭᠡᠳ —— ᠰᠠᠶᠢᠨ ᠶᠠᠪᠤᠭᠠᠳ ᠢᠷᠡᠪᠠᠤ︖ ᠶᠠᠳᠠᠷᠠᠭᠰᠠᠨ ᠪᠢᠵᠠ᠂ ᠪᠢ ᠲᠠᠮᠨᠠᠵᠦ ᠠᠴᠢᠶ᠎ᠠ ᠶᠢ ᠪᠠᠭᠤᠯᠭᠠᠶ᠎ᠠ ᠭᠡᠬᠦ ᠳᠤ ᠱᠠᠯᠪᠢᠩ ᠢᠨᠢᠶᠠᠮᠰᠦᠭᠯᠡᠨ ᠪᠤᠯᠴᠢᠬᠠᠨ᠎ᠠ ᠭᠡᠳ ᠬᠤᠶᠠᠷ ᠭᠠᠷ  ᠲᠠᠭᠠᠨ ᠨᠢᠭᠡ ᠨᠢᠭᠡ ᠰᠤᠮᠠᠯ ᠲᠠᠢ ᠪᠤᠳᠠᠭ᠎ᠠ ᠠᠪᠤᠨ ᠪᠠᠭᠤᠯᠭᠠᠵᠦ ᠪᠠᠶᠢᠪᠠ᠃     —— ᠱᠠᠯᠪᠢᠩ ᠠᠴᠢᠵᠦ ᠢᠷᠡᠭᠰᠡᠨ ᠤᠯᠠᠭᠠᠨ ᠠᠪᠳᠠᠷ᠎ᠠ ᠪᠠᠨ ᠬᠤᠶᠢᠮᠤᠷ ᠵᠡᠷᠭᠡᠴᠡᠬᠦᠯᠵᠦ᠂ ᠨᠤᠭᠤᠭᠠᠨ ᠲᠤᠷᠭ᠎ᠠ ᠭᠠᠷᠭᠠᠨ ᠡᠭᠡᠨᠡᠷ ᠤᠨ ᠢᠶᠠᠨ ᠭᠠᠷ ᠲᠡᠭᠡᠷ᠎ᠠ ᠠᠭᠠᠵᠢᠭᠤᠬᠠᠨ ᠲᠠᠯᠪᠢᠭᠠᠳ᠂     —— ᠴᠠᠭᠠᠨ ᠰᠠᠷ᠎ᠠ ᠠᠴᠠ ᠡᠮᠤᠨ᠎ᠠ ᠠᠮᠵᠢᠭᠤᠯᠵᠦ ᠤᠶᠤᠭᠠᠳ ᠲᠦᠷᠬᠦᠮᠴᠢᠯᠠᠬᠦ ᠳᠡᠭᠡᠨ ᠡᠮᠤᠰ ᠭᠡᠬᠦ ᠳᠤᠨᠢ ᠲᠤᠭᠤᠰ ᠤᠨ ᠨᠢᠲᠤ ᠨᠡᠭᠡᠭᠳᠡᠵᠦ ᠵᠤᠤᠮᠠᠯᠵᠠᠭᠠᠳ᠂     —— ᠢᠢᠮᠤ ᠭᠤᠶᠤ ᠲᠤᠷᠭ᠎ᠠ ᠪᠠᠷ ᠲᠡᠪᠠᠯ ᠤᠶᠤᠵᠦ ᠡᠮᠤᠰᠤᠭᠡᠳ ᠬᠦᠷᠪᠠᠯ ᠠᠪᠤ ᠡᠵᠢ ᠮᠢᠨᠢ ᠲᠠᠨᠢᠬᠤ ᠪᠤᠯᠪᠠ ᠤᠤ︖ ᠲᠠ ᠦᠪᠠᠷ ᠢᠶᠠᠨ ᠶᠠᠮᠠᠷ ᠦᠩᠭᠡ ᠶᠢᠨ ᠲᠤᠷᠭ᠎ᠠ ᠠᠪᠤᠪᠠ︖ ᠭᠡᠵᠦ ᠡᠷ᠎ᠠ ᠶᠢᠨ ᠢᠶᠠᠨ ᠴᠡᠭᠡᠵᠢᠨ ᠳᠤ ᠬᠠᠴᠠᠷ ᠢᠶᠠᠨ ᠨᠠᠭᠠᠯᠲᠤᠭᠤᠯᠤᠨ ᠠᠯᠢᠶᠠᠷᠬᠠᠬᠤ ᠳᠤ ᠲᠦᠯᠬᠢᠯ ᠦᠭᠡᠢ᠂     —— ᠨᠠᠳᠠ ᠰᠢᠭ᠋ ᠬᠦᠵᠢᠷ ᠪᠠᠵᠢᠷ ᠬᠦᠮᠦᠨ᠂ ᠭᠡ ᠳᠤ ᠡᠮᠤᠰᠬᠦ ᠠᠴᠠ ᠲᠠᠪᠤᠤ᠂ ᠭᠡᠷ ᠲᠤ ᠡᠮᠤᠰᠬᠦ ᠠᠴᠠ ᠬᠦᠲᠤᠰᠤ ᠪᠠᠶᠢᠪᠠᠯ ᠪᠤᠯᠴᠢᠬᠠᠨ᠎ᠠ᠂ ᠵᠤᠲᠤᠭ ᠠᠴᠠ ᠲᠡᠷᠢᠬᠦᠨ ᠭᠤᠶᠤᠯᠠᠬᠤ ᠬᠤᠪᠴᠠᠰᠤ ᠨᠠᠳᠠ ᠪᠠᠶᠢᠬᠤ ᠦᠢᠭᠡᠢ ᠭᠡᠳ ᠤᠭ᠍ᠶᠤ ᠨᠤᠮᠢᠨ ᠰᠢᠬᠢᠳᠭᠡᠭᠡᠷᠢ ᠲᠠᠢ ᠲᠠᠷᠤᠯᠭ᠎ᠠ᠂ ᠤᠯᠠᠭᠠᠨ ᠱᠢᠷᠤᠨ ᠲᠤᠪᠴᠢ ᠵᠡᠷᠭᠡ ᠲᠤᠯᠤᠭᠠᠢ ᠶᠢᠨ ᠴᠢᠮᠡᠭᠯᠠᠯ ᠭᠠᠷᠳᠠᠭᠤᠯᠪᠠ᠃     —— ᠶᠠᠭᠠᠬᠢᠭᠰᠠᠨ ᠭᠤᠶᠤ ᠡᠳ᠋ ᠪᠤᠢ᠂ ᠠᠯᠠᠱᠨ ᠦᠰᠦ ᠬᠦᠷᠤᠬᠦ ᠳᠤ ᠠᠶᠢᠯ ᠢᠶᠠᠷ ᠤᠴᠢᠬᠤ ᠦᠭᠡᠢ ᠪᠤᠯ ᠬᠦᠮᠦᠨ ᠵᠠᠯᠠᠵᠦ ᠬᠦᠷᠤᠬᠦᠯᠬᠦ ᠰᠢᠤ ᠭᠡᠵᠦ ᠡᠭᠡᠨᠡᠷ ᠨᠢ ᠰᠡᠳᠬᠢᠯ ᠲᠦᠬᠦᠷᠡᠩ ᠪᠠᠶᠠᠷ ᠲᠠᠢ ᠠᠵᠢ᠃ ᠲᠦᠷᠬᠦᠮ ᠤᠨ ᠭᠠᠵᠠᠷ ᠵᠠᠶᠠᠭᠠᠭᠰᠠᠨ ᠦᠬᠢᠨ ᠪᠠᠶ᠎ᠠ ᠪᠠᠨ ᠤᠷᠬᠢᠵᠦ᠂ ᠬᠠᠨᠢ ᠶᠢᠨ ᠵᠠᠶᠠᠭ᠎ᠠ ᠲᠠᠭᠠᠨ ᠢᠷᠡᠭᠰᠡᠨ ᠲᠤᠭᠤᠰ ᠡᠷ᠎ᠡ ᠨᠦᠬᠦᠷ  ᠤᠨ ᠬᠠᠶᠢᠷ᠎ᠠ ᠬᠠᠯᠠᠮᠵᠢ ᠳᠤ ᠬᠠᠳᠠᠭᠤ ᠲᠠᠷᠠᠰᠤ ᠪᠠᠯᠭᠤᠭᠰᠠᠨ ᠶᠤᠮ ᠰᠢᠭ᠋ ᠰᠤᠭᠲᠤᠭᠤᠷᠠᠨ ᠪᠠᠶᠢᠬᠤ ᠨᠢ ᠨᠢᠭᠡ ᠴᠠᠭ  ᠤᠨ ᠵᠢᠷᠭᠠᠯ ᠪᠢᠯᠨ᠃     —— ᠵᠤᠲᠤᠭ ᠢ ᠴᠢᠨᠢ ᠠᠪᠠᠴᠢᠵᠦ ᠦᠭᠬᠦᠭᠰᠡᠨ ᠪᠢᠵᠠ ᠭᠡᠵᠦ ᠡᠭᠡᠨᠠᠷ ᠨᠢ ᠭᠠᠷ ᠲᠠᠬᠢ ᠶᠠᠭᠤᠮ᠎ᠠ ᠪᠠᠨ ᠰᠤᠨᠢᠷᠬᠠᠭᠰᠠᠭᠠᠷ ᠭᠡᠯᠡᠪᠠ᠃     —— ᠮᠢᠨᠦ ᠵᠤᠲᠤᠭ ᠪᠤᠯ ᠪᠤᠭᠳᠠ ᠴᠢᠩᠬᠢᠰ ᠤᠨ ᠲᠡᠬᠦᠦ ᠬᠠᠪᠤᠲᠤ ᠬᠠᠰᠠᠷ ᠤᠨ ᠵᠠᠷᠯᠢᠭ ᠢᠶᠠᠷ ᠦᠪ ᠪᠤᠯᠭᠠᠨ ᠵᠠᠯᠭᠠᠮᠵᠢᠯᠠᠭᠰᠠᠨ᠂ ᠲᠦᠷᠪᠠᠨ ᠤᠶᠢᠷᠠᠳ ᠤᠨ ᠪᠦᠭᠡ ᠶᠢᠨ ᠠᠪᠤᠷᠭᠤᠴᠤᠳ ᠦᠶ᠎ᠠ ᠤᠯᠠᠷᠢᠨ ᠡᠳ᠋ᠯᠡᠭᠰᠡᠨ ᠬᠤᠪᠢᠯᠭᠠᠨ ᠵᠤᠲᠤᠭ ᠶᠤᠮ᠃ ᠲᠠᠯᠠᠨ ᠬᠤᠶᠠᠷ ᠲᠤᠪᠤᠷᠤᠤ ᠶᠢ ᠶᠤᠯᠲᠤᠷᠮ᠎ᠠ ᠭᠡᠭᠴᠢ ᠬᠤᠪᠢᠯᠭᠠᠨ ᠲᠠᠷᠬᠠᠨ᠂ ᠤᠷᠠᠨ ᠲᠦᠰᠢ ᠶᠢᠨ ᠠᠭᠤᠯᠠᠨ ᠳᠤ ᠲᠡᠭᠷᠢ ᠶᠢᠨ ᠨᠢᠭᠤᠴᠠ ᠤᠪᠠᠳᠢᠰ ᠢᠶᠠᠷ ᠲᠠᠪᠳᠠᠵᠦ ᠬᠢᠭᠰᠡᠨ ᠪᠠᠶᠢᠵᠠᠢ᠃ ᠭᠠᠨᠳᠢᠭ ᠬᠠᠶᠢᠯᠤᠭᠤᠯᠬᠤ ᠭᠠᠯᠪᠠᠷᠰᠤᠳᠠᠢ ᠶᠢᠨ ᠭᠠᠯ ᠳᠤ ᠶᠢᠰᠤᠨ ᠶᠢᠰᠤ ᠤᠯᠠᠶᠢᠯᠭᠠᠵᠦ᠂ ᠭᠠᠩ ᠭᠡᠪᠰᠢᠬᠦ ᠠᠯᠤᠬ᠎ᠠ ᠲᠦᠰᠢ ᠶᠢᠨ ᠬᠤᠭᠤᠷᠤᠨᠲᠤ ᠶᠢᠰᠤᠨ ᠶᠢᠰᠤ ᠲᠠᠪᠳᠠᠵᠦ᠂ ᠲᠠᠬᠢᠨ ᠲᠠᠪᠳᠠᠨ ᠠᠷᠢᠭᠤᠨ ᠤᠰᠤᠨ ᠳᠤ ᠬᠠᠳᠠᠭᠠᠵᠦ᠂ ᠵᠦᠪ ᠢᠶᠠᠷ ᠡᠷᠬᠢᠭᠰᠡᠨ ᠬᠤᠷᠮᠤᠰᠳᠠ ᠶᠢᠨ ᠶᠤᠭᠤᠷᠠᠩ ᠲᠡᠮᠳᠡᠭ ᠢ ᠲᠡᠭᠰᠢ ᠰᠠᠶᠢᠬᠠᠨ ᠤᠷᠠᠯᠠᠵᠦ ᠬᠢᠭᠰᠡᠨ ᠵᠤᠲᠤᠭ ᠪᠤᠯ ᠬᠤᠶᠢᠴᠢ ᠦᠶ᠎ᠠ ᠶᠢᠨ ᠬᠦᠮᠦᠰ ᠲᠤ ᠦᠯᠡᠳᠡᠭᠡᠨ ᠦᠭᠬᠦᠭᠰᠡᠨ ᠨᠠᠨᠳᠢᠨ ᠡᠳ᠋ ᠶᠤᠮ᠃     —— ᠵᠤᠲᠤᠭ ᠢᠶᠠᠨ ᠤᠯᠵᠦ ᠠᠪᠤᠭᠰᠠᠨ ᠦᠭᠡᠢ ᠶᠤᠮ ᠤᠤ︖ ᠡᠭᠡᠨᠡᠷ ᠨᠢ ᠭᠠᠶᠢᠬᠠᠰᠢᠷᠠᠨ ᠠᠰᠠᠭᠤᠪᠠ᠃     —— ᠮᠢᠨᠦ ᠵᠤᠲᠤᠭ ᠤᠤ︖ ᠭᠡᠷ ᠲᠤ ᠪᠠᠶᠢᠬᠤ ᠪᠢᠰᠢ ᠤᠤ ᠭᠡᠳ ᠡᠭᠡᠨᠡᠷ ᠢᠶᠠᠨ ᠨᠢᠭᠡ ᠬᠠᠷᠠᠭᠰᠠᠨ ᠱᠠᠯᠪᠢᠩ ᠰᠠᠨᠲᠤᠷᠤᠨ ᠴᠠᠭᠠᠰᠢ ᠡᠷᠬᠢᠪᠠ᠃     —— ᠦᠭᠡᠢ ᠴᠢ ᠯᠨ ᠬᠦᠮᠦᠨ ᠶᠠᠪᠤᠭᠤᠯᠵᠦ ᠵᠤᠲᠤᠭ ᠢᠶᠠᠨ ᠠᠪᠤᠭᠤᠯᠬᠤ ᠭᠡᠰᠡᠨ᠂᠂᠂᠂     —— ᠭᠡᠨ ᠳᠤ ᠦᠭᠬᠦᠭᠰᠡᠨ ᠢᠶᠠᠨ ᠮᠡᠳᠡᠨ᠎ᠠ ᠤᠤ︖     ——  ᠨᠡᠷ᠎ᠡ ᠶᠢ ᠨᠢ ᠬᠠᠷᠢᠨ ᠠᠰᠠᠭᠤᠭᠰᠠᠨ ᠦᠭᠡᠢ᠂ ᠴᠢᠨᠦ ᠪᠠᠭ᠎ᠠ ᠶᠢᠨ ᠠᠨᠳᠠ᠂᠂᠂᠂     —— ᠭᠡᠵᠢᠶ᠎ᠠ ᠪᠤᠢ︖     —— ᠶᠠᠪᠤᠭᠠᠳ ᠭᠤᠷᠪᠠ ᠬᠤᠨᠤᠵᠦ ᠪᠠᠶᠢᠨ᠎ᠠ᠃     —— ᠬᠠᠮᠢᠭᠠᠰᠢ ᠪᠠᠨ ᠬᠠᠨᠲᠤᠯ᠎ᠠ︖     —— ᠪᠠᠷᠠᠭᠤᠨᠰᠢ ᠬᠠᠨᠲᠤᠬᠤ ᠰᠢᠭ᠋ ᠪᠤᠯᠤᠭᠰᠠᠨ᠃     —— ᠵᠠ ᠲᠡᠭᠡᠪᠠᠯ ᠴᠢ ᠨᠠᠮᠠᠢᠢ ᠬᠦᠯᠢᠶᠠᠵᠦ ᠪᠠᠢ᠂ ᠭᠡᠲᠤᠨ ᠡᠲᠤᠷ ᠪᠤᠯᠬᠤ ᠴᠤ ᠮᠠᠭᠠᠳ ᠦᠭᠡᠢ᠂ ᠭᠡᠲᠤᠨ ᠰᠠᠷ᠎ᠠ ᠢᠶᠠᠷ ᠬᠦᠯᠢᠶᠡᠯᠭᠡᠬᠦ ᠴᠤ ᠶᠠᠳᠠᠬᠤ ᠦᠭᠡᠢ ᠭᠡᠳ ᠴᠢᠷᠠᠢ ᠭᠡᠨᠡᠳᠳᠡ ᠬᠤᠪᠢᠷᠠᠭᠰᠠᠨ ᠡᠷ᠎ᠠ ᠲᠡᠷᠨ ᠴᠢᠭ ᠲᠡᠭᠡᠨ ᠱᠤᠤᠬᠢᠷᠠᠨ ᠭᠠᠷᠴᠦ ᠤᠲᠤᠯ᠎ᠠ᠃      ᠭᠠᠭᠴᠠ ᠲᠡᠮᠡᠭᠡᠨ ᠤ ᠲᠡᠰᠢᠬᠦᠯᠦᠭᠰᠡᠨ ᠮᠦᠷ ᠢᠶᠠᠷ ᠤᠷᠤᠭᠰᠠᠨ ᠡᠷ᠎ᠡ ᠰᠠᠨᠠᠭ᠎ᠠ ᠨᠢ ᠠᠭᠤᠵᠢᠷᠠᠭᠰᠠᠨ ᠭᠡᠯᠳᠡᠢ ᠤᠨᠤᠭᠠᠨ ᠠᠴᠠ ᠪᠠᠨ ᠪᠠᠭᠤᠭᠠᠳ ᠲᠡᠮᠡᠭᠡ ᠪᠠᠨ ᠬᠦᠲᠤᠯᠤᠨ ᠠᠯᠬᠤᠪᠠ᠃      ᠲᠡᠭᠡᠭᠡᠳ ᠮᠦᠷᠳᠡᠨ ᠶᠠᠪᠤᠭᠰᠠᠨ ᠱᠠᠯᠪᠢᠩ ᠲᠡᠮᠡᠭᠡ ᠪᠠᠨ ᠤᠨᠤᠵᠦ ᠬᠠᠷᠠᠩᠭᠤᠢ ᠪᠤᠯᠳᠠᠯ᠎ᠠ ᠮᠦᠷ ᠢ ᠠᠯᠳᠠᠵᠦ ᠶᠠᠪᠤᠭᠠᠳ ᠰᠢᠷ᠎ᠠ ᠰᠢᠪᠠᠭᠤ ᠰᠢᠭ᠋ ᠰᠦᠨᠢ ᠶᠠᠪᠤᠭᠠᠳ ᠪᠤᠯᠬᠤ ᠦᠭᠡᠢ᠂ ᠨᠢᠭᠡ ᠪᠠᠭ᠎ᠠ ᠤᠮᠳᠠᠵᠦ ᠠᠪᠤᠭᠠᠳ ᠶᠠᠪᠤᠶ᠎ᠠ ᠭᠡᠳ ᠲᠡᠮᠡᠭᠡᠨ ᠤ ᠪᠠᠨ ᠨᠦᠮᠤᠷᠢ ᠳᠤ ᠭᠡᠪᠳᠡᠵᠦ ᠦᠤᠷ ᠴᠠᠶᠢᠬᠤ ᠰᠢᠭ᠋ ᠪᠤᠯᠬᠤ ᠳᠤ ᠲᠡᠮᠡᠭᠡ ᠪᠠᠨ ᠤᠨᠤᠵᠦ ᠶᠠᠪᠤᠭᠠᠳ ᠨᠦᠬᠦᠭᠡ ᠲᠡᠷᠨ ᠬᠦᠮᠦᠨ ᠤ ᠮᠦᠷ ᠢ ᠤᠯᠵᠦ᠂ ᠶᠠᠪᠤᠭᠰᠠᠭᠠᠷ ᠪᠠᠶᠢᠭᠠᠳ ᠬᠦᠭᠡᠭᠡᠵᠦ ᠬᠦᠢᠴᠡᠪᠠ᠃     ᠬᠠᠭᠤᠴᠢᠨ ᠠᠨᠳᠠ ᠵᠢᠭᠵᠢᠳ ᠪᠠᠶᠢᠵᠠᠢ᠃     —— ᠴᠢ ᠶᠠᠭᠤ ᠭᠡᠵᠦ ᠮᠢᠨᠦ ᠵᠤᠲᠤᠭ ᠢ ᠠᠪᠤᠭᠰᠠᠨ ᠪᠤᠢ︖ ᠴᠢ ᠵᠤᠲᠤᠭ ᠢᠶᠠᠷ ᠶᠠᠭᠠᠬᠢᠬᠤ ᠭᠡᠰᠡᠨ ᠪᠤᠢ︖ ᠡᠴᠢᠭᠡ ᠶᠢᠨ ᠰᠢᠬᠢᠷ᠎ᠠ ᠬᠠᠳᠠᠭᠠᠶ᠎ᠠ ᠭᠡᠪᠡ ᠤᠤ᠃ ᠡᠴᠢᠭᠡ ᠴᠢᠨᠢ ᠪᠦᠭᠡᠴᠢᠨ ᠪᠢᠰᠢ ᠪᠠᠶᠢᠬᠤ ᠶᠠᠭᠤᠨ ᠢᠶᠠᠨ ᠬᠢᠬᠦ ᠪᠤᠢ︖ ᠪᠦᠭᠡᠴᠢᠨ ᠪᠢᠰᠢ ᠴᠢᠮ᠎ᠠ ᠳᠤ ᠠᠯᠳᠠᠨ ᠲᠤᠪᠤᠷᠤᠤᠲᠤ ᠵᠤᠲᠤᠭ ᠠᠷᠪᠠ ᠪᠠᠶᠢᠯ᠎ᠠ ᠭᠡᠳ ᠶᠠᠭᠠᠬᠢᠨ᠎ᠠ ᠪᠤᠢ᠃     ᠬᠦᠮᠦᠨ ᠤ ᠵᠤᠲᠤᠭ ᠢ ᠮᠡᠭᠡᠯᠡᠵᠦ ᠠᠪᠤᠭᠰᠠᠨ ᠵᠢᠭᠵᠢᠳ ᠦᠭᠡ ᠲᠠᠭᠤ ᠦᠭᠡᠢ᠂ ᠭᠡᠯᠡᠬᠦ ᠦᠭᠡ ᠠᠯᠳᠠᠨ ᠪᠤᠷᠤᠭᠤ ᠪᠠᠨ ᠮᠡᠳᠡᠷᠡᠭᠰᠡᠨ ᠰᠢᠭ ᠴᠢᠷᠠᠢ ᠨᠢ ᠮᠠᠭᠤᠳᠠᠨ ᠲᠡᠮᠡᠭᠡᠨ ᠠᠴᠠ ᠪᠠᠨ ᠪᠠᠭᠤᠵᠦ ᠵᠤᠲᠤᠭ ᠢᠶᠠᠨ ᠨᠡᠭᠡᠮᠵᠢᠯᠠᠨ ᠢᠷᠡᠭᠰᠡᠨ ᠱᠠᠯᠪᠢᠩ ᠳᠤ ᠭᠠᠷᠳᠠᠭᠤᠯᠵᠠᠢ᠃     —— ᠴᠢ ᠲᠡᠬᠢᠵᠦ ᠬᠦᠮᠦᠨ ᠤ ᠶᠠᠭᠤᠮ᠎ᠠ ᠶᠢ ᠠᠪᠴᠦ ᠪᠤᠯᠬᠤ ᠦᠭᠡᠢ᠂ ᠭᠡᠷᠪᠠ ᠬᠦᠮᠦᠨ ᠤ ᠶᠠᠭᠤᠮ᠎ᠠ ᠶᠢ ᠠᠪᠬᠤ ᠳᠤ ᠬᠦᠷᠪᠠᠯ᠂ ᠠᠷᠠᠰᠤ ᠮᠢᠬ᠎ᠠ ᠴᠢᠨᠢ ᠲᠡᠰᠳᠡᠭ ᠯᠨ ᠶᠤᠮ ᠪᠤᠯ ᠲᠡᠭᠡᠵᠦ ᠦᠵᠨ ᠭᠡᠵᠦ ᠭᠡᠯᠡᠭᠡᠳ ᠶᠠᠪᠤᠬᠤ ᠭᠡᠰᠡᠨ ᠳᠤ᠂     ᠵᠢᠭᠵᠢᠳ᠂ ᠮᠢᠨᠦ ᠪᠤᠷᠤᠭᠤ ᠪᠤᠯᠪᠠ᠂ ᠲᠠ ᠮᠢᠨᠦ ᠠᠨᠳᠠ ᠪᠠᠶᠢᠭᠰᠠᠨ ᠤ ᠬᠤᠪᠢ ᠪᠠᠷ ᠨᠠᠮᠠᠢᠢ ᠦᠷᠤᠰᠢᠶᠠᠨ᠂ ᠪᠢ ᠲᠡᠬᠢᠵᠦ ᠬᠦᠮᠦᠨ ᠤ ᠶᠠᠭᠤᠮ᠎ᠠ ᠶᠢ ᠠᠪᠬᠤ ᠦᠭᠡᠢ ᠭᠡᠵᠠᠢ᠃     ᠵᠤᠲᠤᠭ ᠢᠶᠠᠨ ᠤᠯᠵᠦ ᠠᠪᠤᠭᠰᠠᠨ ᠱᠠᠯᠪᠢᠩ ᠠᠷᠤ ᠳᠠᠭᠠᠨ ᠡᠷᠬᠢᠵᠦ ᠬᠠᠷᠠᠯ ᠦᠭᠡᠢ ᠲᠡᠮᠡᠭᠡ ᠪᠠᠨ ᠤᠨᠤᠵᠦ ᠲᠠᠰᠢᠭᠤᠷᠳᠠᠨ ᠪᠠᠷ᠎ᠠ ᠠᠯᠳᠠᠷᠠᠪᠠ᠃     ︵ᠦᠷᠭᠦᠯᠵᠢᠯᠡᠯ᠄ ᠡᠵᠢ ᠪᠠᠨ ᠡᠭᠦᠷᠴᠦ ᠡᠯᠡᠰᠦ ᠮᠠᠩᠬ᠎ᠠ ᠶᠢ ᠲᠤᠭᠤᠯᠪᠠ)
 
ᠢᠷᠡᠯᠲᠡ᠄ ᠠᠯᠠᠱᠠ ᠪᠦᠬᠡ ᠱᠠᠯᠪᠢᠩ ᠤᠨ ᠨᠠᠮᠳᠠᠷ ᠳᠣᠮᠤᠭ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号