ᠤᠷᠤᠭ ᠰᠠᠲᠤᠨ ᠪᠤᠯᠤᠨ᠎ᠠ ᠭᠡᠭᠴᠢ ᠡᠷᠳᠡ ᠶᠢᠨ ᠢᠷᠤᠭᠡᠯ᠂ ᠠᠶᠢᠯ ᠭᠡᠷ ᠪᠤᠯᠤᠨ᠎ᠠ ᠭᠡᠭᠴᠢ ᠤᠷᠢᠳᠠ ᠶᠢᠨ | ᠬᠤᠪᠢ ᠵᠠᠶᠠᠭ᠎ᠠ | | | ᠡᠬᠦᠯᠨ ᠮᠠᠨᠠᠨ ᠤ ᠲᠤᠮᠳᠠᠭᠤᠷ ᠬᠠᠷᠠᠭᠳᠠᠬᠤ ᠦᠨᠳᠡᠭᠡᠨ ᠴᠠᠭᠠᠨ ᠦᠷᠬᠦᠭᠡ᠂ ᠬᠠᠳᠠ ᠴᠢᠯᠠᠭᠤ ᠵᠡᠷᠭᠡᠯᠡᠭᠰᠡᠨ | ᠦᠨᠲᠤᠷ ᠭᠡᠷᠡᠮ ᠲᠠᠢ ᠬᠠᠰᠢᠶ᠎ᠠ᠂ ᠭᠡᠲᠤᠨ ᠵᠢᠯ ᠴᠤ ᠰᠢᠳᠠᠭᠠᠵᠦ ᠪᠠᠷᠠᠰᠢ ᠦᠭᠡᠢ ᠲᠦᠯᠡᠭᠡᠨ ᠤᠪᠤᠭ᠎ᠠ᠂ ᠮᠤᠷᠢᠨ ᠱᠤᠩ | ᠲᠡᠮᠡᠭᠡᠨ ᠤᠶᠠᠭ᠎ᠠ ᠠᠴᠠ ᠦᠭᠰᠦᠬᠦᠯᠦᠨ ᠲᠡᠷᠨ ᠪᠦᠬᠦᠨ ᠨᠢ ᠠᠵᠢᠯᠴᠢ ᠬᠦᠮᠦᠨ ᠤ ᠭᠠᠷ ᠢᠶᠠᠷ ᠰᠠᠶᠢᠬᠠᠨ | ᠲᠦᠪᠬᠢᠨᠡᠭᠰᠡᠨ ᠰᠢᠨᠵᠢ ᠪᠡᠯᠭᠡ ᠲᠠᠢ᠂ ᠦᠭᠡᠳᠡᠷᠭᠡᠭ ᠠᠮᠢᠲᠤᠷᠠᠯ ᠲᠠᠢ ᠠᠶᠢᠯ ᠠᠵᠢ᠃ ᠡᠨ᠋ᠨ ᠪᠦᠬᠦᠨ ᠨᠢ ᠲᠤᠭᠤᠰ | ᠭᠡᠣᠭᠡᠨ ᠤ ᠨᠢᠲᠤᠨ ᠳᠤᠨᠢ ᠦᠵᠡᠭᠳᠡᠵᠦ ᠪᠠᠶᠢᠯ᠎ᠠ᠃ | ᠠᠮᠢᠲᠤᠷᠠᠯ ᠤᠨ ᠰᠠᠶᠢᠬᠠᠨ ᠢ ᠤᠬᠠᠭᠠᠨᠲᠤ ᠬᠦᠮᠦᠨ ᠵᠦᠩᠨᠡᠳᠡᠭ᠃ ᠠᠵᠨ ᠵᠢᠷᠭᠠᠯ ᠢ ᠠᠵᠢᠯᠴᠢ ᠬᠦᠮᠦᠨ | ᠦᠪᠠᠷ ᠤᠨ ᠭᠠᠷ ᠢᠶᠠᠷ ᠪᠦᠲᠤᠭᠡᠳᠡᠭ᠃ ᠬᠤᠪᠢ ᠤᠴᠠᠷᠡᠯ ᠤᠨ ᠬᠠᠳᠠᠭᠤ ᠰᠢᠷᠤᠬᠦᠨ ᠲᠤᠭᠯᠠᠭᠠᠮ ᠢᠶᠠᠷ | ᠲᠤᠬᠤᠭᠤᠷᠬᠠᠨ ᠪᠠᠶᠢᠳᠠᠭ ᠠᠯᠠᠭ ᠬᠤᠷᠸ᠎ᠠ ᠶᠢᠨ ᠡᠷᠢᠶᠠᠨ ᠪᠠᠷᠠᠭᠠᠨ ᠵᠠᠮ ᠡᠨᠡᠬᠦ ᠵᠦᠩᠨᠠᠯ ᠢᠶᠠᠷ ᠨᠠᠰᠤ ᠪᠠᠨ ᠪᠠᠷᠠᠨ | ᠪᠠᠷᠠᠳᠠᠯ᠎ᠠ ᠨᠤᠭᠤᠷᠠᠯ ᠦᠭᠡᠢ ᠵᠢᠳᠬᠦᠬᠦ ᠳᠤ ᠵᠢᠷᠭᠠᠯ ᠵᠤᠪᠠᠯ ᠵᠦᠳᠡᠬᠦᠷᠢ ᠶᠢ ᠲᠠᠩ ᠬᠠᠭᠠᠰ ᠢᠶᠠᠷ ᠬᠤᠪᠢᠶᠠᠯᠴᠨᠨ | ᠠᠮᠢᠲᠤᠷᠠᠯ ᠤᠨ ᠪᠤᠱᠤᠭ᠎ᠠ ᠴᠤ ᠡᠲᠤᠷ ᠰᠦᠨᠢ ᠶᠢᠨ ᠡᠬᠡᠯᠵᠢᠶᠠᠨ ᠳᠤ ᠬᠤᠷᠤᠭᠳᠠᠨ ᠪᠠᠶᠢᠵᠦ ᠤᠷᠴᠢᠨ ᠬᠤᠪᠢᠷᠠᠳᠠᠭ᠃ | ᠲᠡᠷᠨ ᠬᠤᠪᠢᠷᠠᠯᠳᠠ ᠳᠤ ᠦᠪᠠᠷ ᠢ ᠪᠠᠨ ᠵᠤᠬᠢᠴᠠᠭᠤᠯᠬᠤ ᠶᠢᠨ ᠲᠦᠯᠦᠭᠡ ᠤᠷᠤᠰᠢᠨ ᠲᠤᠭᠳᠠᠨᠢᠬᠤ ᠶᠢᠨ ᠤᠷᠤᠨ | ᠪᠠᠶᠢᠷᠢ ᠪᠠᠨ ᠤᠯᠬᠤ ᠦᠷᠢᠰᠦᠯᠲᠤᠭᠡᠨ ᠤ ᠲᠤᠮᠳᠠ ᠠᠯᠳᠠᠵᠦ ᠤᠨᠤᠨ ᠪᠠᠶᠢᠵᠦ ᠠᠮᠢᠲᠤᠷᠠᠬᠤ ᠶᠢᠨ ᠤᠳᠬ᠎ᠠ ᠠᠭᠤᠯᠭ᠎ᠠ | ᠪᠠᠨ ᠲᠠᠰᠤᠷᠠᠯᠳᠠ ᠦᠭᠡᠢ ᠪᠠᠶᠠᠯᠢᠭᠵᠢᠭᠤᠯᠬᠤ ᠶᠤᠰᠤ ᠲᠠᠢ᠃ | —— ᠮᠠᠨ ᠤ ᠭᠡᠵᠦ ᠢᠢᠮᠤ ᠨᠢᠭᠡ ᠠᠶᠢᠯ ᠲᠠᠨ ᠢ ᠤᠭᠲᠤᠵᠦ ᠪᠠᠶᠢᠭ᠎ᠠ ᠶᠤᠮ᠃ ᠵᠨ ᠲᠠ ᠭᠡᠷ ᠲᠤ ᠮᠤᠷᠢᠯᠨ | ᠭᠡᠵᠦ ᠱᠠᠯᠪᠢᠩ ᠠᠯᠠᠭ᠎ᠠ ᠲᠡᠯᠭᠡᠨ ᠡᠵᠡᠨ ᠤ ᠶᠤᠰᠤᠭᠠᠷ ᠤᠷᠢᠨ ᠵᠠᠯᠠᠪᠠ᠃ | —— ᠭᠡᠷ ᠢᠶᠠᠨ ᠭᠡᠵᠦ ᠢᠷᠡᠵᠦ ᠶᠠᠪᠤᠭ᠎ᠠ ᠪᠢ ᠭᠠᠳᠠᠨ᠎ᠠ ᠶᠢᠨ ᠬᠦᠮᠦᠨ ᠢᠶᠠᠷ ᠦᠵᠡᠭᠳᠡᠪᠠ ᠤᠤ︖ ᠭᠡᠵᠦ | ᠢᠨᠢᠶᠠᠲᠤ ᠠᠯᠳᠠᠭᠰᠠᠨ ᠲᠤᠭᠤᠰ ᠨᠢ ᠱᠠᠯᠪᠢᠩ ᠢ ᠲᠦᠯᠬᠢᠵᠦ ᠦᠪᠠᠷ ᠢᠶᠠᠨ ᠬᠤᠶᠢᠨ᠎ᠠ ᠠᠴᠠ ᠨᠢ ᠲᠠᠭᠠᠯᠲᠤᠨ | ᠤᠷᠤᠭᠰᠠᠨ ᠢᠶᠠᠨ ᠡᠬᠦᠳᠡᠨ ᠲᠤᠰᠢᠶ᠎ᠠ ᠰᠦᠬᠦᠷᠠᠨ ᠰᠠᠭᠤᠯ᠎ᠠ᠃ | ᠰᠢᠨ᠎ᠠ ᠪᠠᠷᠢ ᠭᠡᠵᠦ ᠪᠠᠶᠢᠭᠠᠳ ᠡᠬᠦᠳᠠᠨ ᠲᠤᠰᠢᠶ᠎ᠠ ᠰᠠᠭᠤᠨ᠎ᠠ ᠭᠡᠭᠴᠢ ᠶᠠᠭᠤ ᠪᠤᠢ︖ ᠲᠡᠭᠡᠵᠦ ᠪᠤᠯᠬᠤ | ᠦᠭᠡᠢ ᠰᠢᠤ ᠭᠡᠬᠦ ᠳᠤ ᠭᠠᠷ ᠠᠴᠠ ᠨᠢ ᠪᠠᠷᠢᠭᠰᠠᠨ ᠬᠠᠨᠢ ᠪᠠᠨ ᠬᠦᠩᠭᠡᠨ ᠲᠦᠯᠬᠢᠭᠰᠡᠨ ᠭᠡᠤᠭᠡᠨ᠂ | —— ᠲᠠ ᠭᠠᠯ ᠢᠶᠠᠨ ᠠᠰᠠᠭ᠎ᠠ᠂ ᠲᠡᠭᠡᠪᠠᠯ ᠪᠢ ᠲᠠᠨᠳᠠ ᠤᠴᠢᠵᠦ ᠰᠠᠭᠤᠶ᠎ᠠ ᠭᠡᠳ ᠡᠷᠡᠤ ᠪᠠᠷ ᠵᠢᠭᠠᠬᠤ | ᠰᠢᠤᠬᠠᠨ ᠪᠤᠯᠪᠠ᠃ | ᠮᠠᠨᠠᠭᠰᠠᠨ ᠭᠤᠯᠤᠮᠳᠠ ᠳᠤ ᠰᠢᠳᠠᠭᠠᠭᠤᠯᠢ ᠨᠤᠷᠠᠮᠳᠠᠭᠰᠠᠨ ᠢᠶᠠᠷ ᠭᠠᠯ ᠴᠤ ᠠᠮᠠᠷᠬᠠᠨ ᠲᠦᠷᠡᠯᠵᠠᠨ ᠰᠢᠳᠠᠪᠠ᠃ | ᠲᠤᠭᠤᠰ ᠭᠡᠤᠭᠡᠨ ᠴᠤ ᠰᠢᠨ᠎ᠠ ᠪᠡᠷᠢ ᠶᠢᠨ ᠶᠤᠰᠤᠭᠠᠷ ᠭᠤᠷᠪᠠᠨᠳᠠ ᠮᠦᠷᠬᠦᠵᠦ ᠠᠮᠵᠢᠭᠠᠳ᠂ ᠡᠨ᠋ᠨ ᠭᠤᠯᠤᠮᠳᠠ ᠶᠢ | ᠡᠵᠡᠨ ᠤ ᠶᠤᠰᠤᠭᠠᠷ ᠮᠠᠨᠠᠵᠦ ᠪᠦᠯᠢᠶᠠᠨ ᠠᠮᠢᠲᠤᠷᠠᠯ ᠳᠤ ᠪᠦᠯᠢ ᠨᠡᠮᠡᠭᠡᠳ᠂ ᠡᠬᠦᠷᠢᠳᠡ ᠶᠢᠨ ᠲᠠᠩᠭᠠᠷᠢᠭ ᠲᠠᠢ ᠡᠷ᠎ᠡ | ᠨᠦᠬᠦᠷ ᠲᠤ ᠡᠨ᠋ᠨ ᠪᠠᠶ᠎ᠠ ᠪᠠᠨ ᠲᠤᠰᠢᠶᠠᠵᠦ ᠡᠭᠡᠨᠡᠷ ᠨᠢ ᠪᠤᠯᠤᠭᠰᠠᠨ ᠢᠶᠠᠨ ᠭᠤᠯᠤᠮᠳᠠ ᠶᠢᠨ ᠡᠵᠡᠨ ᠳᠤ ᠮᠡᠳᠡᠭᠳᠡᠨ᠂ | ᠬᠠᠨᠢ ᠶᠢᠨ ᠲᠡᠭᠷᠢ ᠲᠤ ᠠᠨᠳᠠᠭᠠᠶᠢᠯᠠᠪᠠ᠃ | ᠡᠵᠢ ᠮᠢᠨᠢ ᠮᠠᠨᠲᠤ ᠪᠠᠶᠢᠬᠤ ᠳᠠᠭᠠᠨ ᠨᠠᠳᠠ ᠳᠤ ᠭᠠᠭᠴᠠ ᠮᠤᠲᠤ ᠭᠠᠯ ᠪᠤᠯᠳᠠᠭ ᠦᠭᠡᠢ᠂ ᠭᠠᠭᠴᠠ ᠬᠦᠮᠦᠨ | ᠠᠶᠢᠯ ᠪᠤᠯᠳᠠᠭ ᠦᠭᠡᠢ ᠭᠡᠵᠦ ᠬᠠᠶᠢᠷ᠎ᠠ ᠶᠢᠨ ᠰᠡᠳᠬᠢᠯ ᠢᠶᠠᠷ ᠭᠡᠯᠡᠵᠦ᠂ ᠬᠦᠦ ᠮᠢᠨᠢ ᠠᠶᠢᠯ ᠭᠡᠷ ᠪᠤᠯᠤᠭᠰᠠᠨ ᠪᠤᠯ ᠮᠢᠨᠦ | ᠵᠢᠷᠭᠠᠯ ᠭᠡᠵᠦ ᠪᠠᠶᠢᠪᠠ᠃ ᠡᠵᠢ ᠮᠢᠨᠢ ᠮᠠᠨᠲᠤ ᠰᠠᠷᠡᠬᠦᠨ ᠪᠠᠶᠢᠭᠰᠠᠨ ᠪᠤᠯ ᠶᠠᠭᠠᠬᠢᠵᠦ ᠴᠤ ᠪᠠᠶᠠᠷᠯᠠᠭᠤᠯᠬᠤ ᠪᠠᠶᠢᠭᠰᠠᠨ | ᠪᠤᠯ ᠭᠡᠵᠦ ᠲᠡᠰᠭᠡᠯ ᠦᠭᠡᠢ ᠤᠶᠠᠷᠠᠨ᠂ ᠲᠤᠭᠤᠰ ᠢ ᠪᠤᠰᠬᠤ ᠠᠴᠠ ᠡᠮᠤᠨ᠎ᠠ ᠰᠤᠭᠤᠳᠠᠨ ᠠᠪᠴᠦ ᠵᠡᠬᠦᠨ ᠬᠤᠶᠢᠮᠤᠷ | ᠢᠶᠠᠷ ᠲᠦᠰᠢᠵᠦ ᠰᠠᠭᠤᠯᠭᠠᠭᠠᠳ ᠦᠨᠦᠰᠬᠦ ᠭᠡᠳᠡᠯ᠎ᠠ ᠲᠡᠷᠨ ᠨᠢ ᠬᠦᠩᠭᠡᠨ ᠲᠦᠯᠬᠢᠵᠦ ᠲᠤᠭᠤᠭ᠎ᠠ ᠪᠠᠨ ᠵᠢᠭᠠᠪᠠ᠃ | ᠲᠦᠷᠪᠠᠨ ᠬᠠᠨ᠎ᠠ ᠲᠠᠢ ᠦᠷᠤᠭᠡᠨ ᠳᠤᠨᠢ ᠰᠢᠨ᠎ᠠ ᠭᠡᠷ ᠤᠨ ᠡᠳ᠋ᠯᠠᠯ ᠭᠡᠷᠡᠭᠰᠡᠯ ᠨᠦᠭᠦᠳ ᠢᠶᠠᠷ ᠪᠦᠷᠢᠨ ᠪᠠᠶᠢᠪᠠᠴᠦ | ᠤᠲᠤᠷ ᠤᠨ ᠠᠶᠢᠯ ᠰᠢᠭ᠋ ᠠᠪᠳᠠᠷ᠎ᠠ ᠱᠦᠭᠦᠢ ᠦᠭᠡᠶᠢᠯᠡᠭᠳᠡᠨ᠂ ᠲᠡᠪᠢᠰᠭᠡᠷ ᠰᠢᠷᠳᠡᠭ ᠴᠦᠭᠡᠨ ᠪᠠᠶᠢᠭᠰᠠᠨ ᠠᠴᠠ | ᠪᠤᠯᠵᠦ ᠠᠭᠤᠵᠢᠮ ᠰᠢᠭ᠋ ᠰᠢᠨ᠎ᠠ ᠬᠦᠮᠦᠨ ᠤ ᠡᠮᠤᠨ᠎ᠠ ᠬᠠᠷᠠᠭᠳᠠᠵᠦ ᠪᠠᠶᠢᠯ᠎ᠠ᠃ ᠰᠢᠨ᠎ᠠ ᠪᠠᠷ ᠡᠬᠢᠯᠠᠵᠦ ᠪᠠᠶᠢᠭ᠎ᠠ | ᠠᠮᠢᠲᠤᠷᠠᠯ ᠳᠤ ᠶᠠᠭᠤᠮ᠎ᠠ ᠪᠦᠬᠦᠨ ᠪᠠᠯᠠᠨ ᠵᠠᠯᠠᠨ ᠪᠠᠶᠢᠬᠤ ᠦᠭᠡᠢ ᠨᠢ ᠮᠡᠳᠡᠭᠡᠵᠢ ᠶᠢᠨ ᠭᠡᠷᠡᠭ᠂ ᠭᠡᠯ᠎ᠠ ᠴᠤ ᠠᠮᠢᠲᠤᠷᠠᠯ | ᠤᠨ ᠪᠡᠷᠭᠡ ᠶᠢ ᠲᠤᠭᠤᠯᠬᠤ ᠰᠡᠳᠬᠢᠯ ᠤᠨ ᠲᠠᠮᠢᠷ ᠢ ᠢᠨᠢᠶᠠᠲᠤ ᠲᠤᠲᠤᠷᠠᠭᠤᠯᠤᠭᠰᠠᠨ ᠬᠠᠨᠢ ᠶᠢᠨ ᠴᠢᠷᠠᠢ ᠠᠴᠠ ᠤᠯᠵᠦ | ᠬᠠᠷᠠᠭᠰᠠᠨ ᠳᠠᠭᠠᠨ ᠦᠪᠠᠷ ᠢᠶᠠᠨ ᠴᠦ ᠤᠷᠮᠠᠰᠢᠨ᠂ ᠵᠢᠷᠭᠠᠯ ᠤᠨ ᠤᠷᠲᠤᠨ ᠳᠤ ᠵᠠᠯᠠᠷᠠᠨ ᠪᠠᠭᠤᠭᠰᠠᠨ ᠮᠠᠲᠤ ᠲᠠᠭᠠᠲᠡᠢ | ᠰᠠᠨᠠᠭᠳᠠᠭᠰᠠᠨ ᠢ ᠶᠠᠭᠤᠨ ᠭᠡᠯᠡᠬᠦ ᠪᠤᠢ᠃ ᠢᠢᠮᠤ ᠯᠠ ᠢᠳᠡᠭᠡᠯ ᠤᠨ ᠬᠦᠴᠦᠨ ᠳᠤ ᠬᠠᠶᠢᠷ᠎ᠠ ᠶᠢᠨ ᠲᠦᠯᠤᠭᠡ ᠭᠡᠲᠤᠨ | ᠵᠢᠯ ᠢᠶᠠᠷ ᠭᠤᠶᠢᠪᠢᠰᠢ ᠦᠭᠡᠢ ᠬᠦᠯᠢᠶᠠᠵᠦ ᠬᠦᠰᠡᠯ ᠤᠨ ᠰᠠᠶᠢᠬᠠᠨ ᠢ ᠦᠨᠦᠲᠤᠷ ᠤᠯᠵᠦ ᠬᠠᠷᠠᠭᠰᠠᠨ ᠳᠠᠭᠠᠨ ᠰᠡᠳᠬᠢᠯ | ᠤᠨ ᠲᠤᠭᠲᠤᠯᠤᠯ ᠢ ᠲᠠᠷᠤᠵᠦ ᠶᠠᠳᠠᠨ᠂ ᠡᠷ᠎ᠡ ᠨᠦᠬᠦᠷ ᠤᠨ ᠢᠶᠠᠨ ᠤᠷᠤᠵᠦ ᠭᠠᠷᠬᠤ ᠶᠢ ᠬᠠᠷᠠᠵᠦ ᠰᠠᠭᠤᠬᠤ ᠨᠢ | ᠪᠠᠰᠠᠴᠦ ᠵᠢᠷᠭᠠᠯ ᠤᠨ ᠨᠢᠭᠡ ᠨᠢ ᠪᠢᠯᠨ᠃ ᠲᠦᠷᠡᠯᠵᠡᠭᠰᠡᠨ ᠭᠠᠯ ᠳᠤ ᠲᠦᠯᠡᠭᠡ ᠨᠡᠮᠡᠬᠦ ᠶᠢ ᠬᠦᠰᠡᠨ ᠪᠠᠶᠢᠪᠠᠴᠦ | ᠲᠤᠭᠤᠭ᠎ᠠ ᠰᠢᠨᠠᠭ᠎ᠠ ᠪᠠᠨ ᠡᠷᠬᠢᠴᠡᠬᠦᠯᠤᠨ ᠪᠠᠶᠢᠭ᠎ᠠ ᠬᠠᠨᠢ ᠨᠢ ᠬᠠᠪᠢᠳᠠᠭᠤᠯᠬᠤ ᠨᠢ ᠪᠢᠰᠢ ᠡ᠃ ᠬᠠᠷᠠᠵᠦ ᠰᠠᠭᠤᠬᠤ ᠨᠢ | ᠪᠠᠶᠠᠷ ᠲᠠᠢ᠂ ᠬᠠᠷᠠᠭᠤᠯᠵᠦ ᠪᠠᠶᠢᠬᠤ ᠨᠢ ᠴᠤ ᠵᠢᠷᠭᠠᠯ ᠲᠠᠢ ᠰᠠᠨᠠᠭᠳᠠᠨ᠎ᠠ᠃ ᠭᠤᠯᠤᠮᠳᠠ ᠪᠠᠳᠠᠷᠠᠭᠠᠭᠰᠠᠨ ᠡᠨ᠋ᠨ ᠭᠡᠷ ᠲᠤ | ᠪᠠᠶᠠᠷ ᠵᠢᠷᠭᠠᠯ ᠪᠢᠯᠬᠠᠵᠠᠢ᠃ | ᠬᠤᠷᠢᠮᠯᠠᠭᠰᠠᠨ ᠤ ᠲᠠᠷᠠᠭ᠎ᠠ ᠡᠲᠤᠷ ᠨᠢ᠂ ᠠᠮᠢᠲᠤᠷᠠᠯ ᠢᠶᠠᠨ ᠪᠤᠲᠤᠭᠰᠠᠨ ᠱᠠᠯᠪᠢᠩ ᠠᠩ ᠳᠤ ᠭᠠᠷᠬᠤ ᠪᠤᠯᠵᠠᠢ᠃ | ᠬᠠᠨᠢ ᠶᠢᠨ ᠪᠠᠨ ᠤᠷᠤᠭᠤᠯ ᠢ ᠨᠢ ᠲᠠᠭᠠᠯᠠᠨ ᠦᠨᠦᠰᠴᠦ᠂ ᠨᠤᠮᠤ ᠰᠤᠮᠤ ᠪᠠᠨ ᠠᠪᠴᠦ ᠭᠠᠷᠤᠭᠠᠳ᠂ ᠲᠤᠭᠤᠰ ᠢ | ᠴᠠᠢ ᠴᠢᠨᠠᠵᠦ ᠶᠡᠬᠦᠯᠠᠵᠦ ᠪᠠᠶᠢᠬᠤ ᠳᠤ ᠬᠤᠶᠠᠷ ᠤᠭᠤᠨᠤ ᠭᠡᠯᠭᠢᠵᠦ ᠡᠬᠦᠷᠤᠭᠡᠳ ᠢᠷᠡᠵᠠᠢ᠃ ᠦᠭᠡᠳᠡᠷᠭᠡᠭ ᠡᠭᠡᠨᠡᠷ ᠤᠨ | ᠪᠤᠶᠠᠨ ᠳᠤ ᠠᠩ ᠤᠨ ᠭᠡᠰᠢᠭ ᠰᠠᠶᠢᠲᠡᠢ ᠭᠡᠵᠦ ᠡᠨ᠋ᠨ ᠪᠤᠶᠤ᠃ ᠦᠷᠯᠤᠭᠡ ᠶᠢᠨ ᠨᠠᠷᠠᠨ ᠤ ᠲᠡᠭᠳᠡᠭᠰᠡᠨ ᠵᠦᠭ ᠠᠴᠠ | ᠵᠡᠭᠡᠷᠡᠨ ᠰᠦᠷᠦᠭ ᠲᠤ ᠰᠢᠭᠤᠳ ᠤᠶᠢᠷᠠᠲᠤᠨ ᠶᠠᠪᠠᠭᠠᠨ ᠢᠶᠠᠷ ᠠᠩᠨᠠᠬᠤ ᠶᠢ ᠭᠠᠨᠵᠤᠭᠠᠲᠡᠢ ᠡᠪᠤᠭᠡᠨ ᠠᠴᠠ | ᠰᠤᠷᠤᠭᠰᠠᠨ ᠪᠠᠶᠢᠵᠠᠢ᠃ ᠠᠪᠠᠭᠠᠢ ᠠᠪᠤᠭᠰᠠᠨ ᠲᠠᠢ᠂ ᠤᠭᠤᠨᠤ ᠠᠩᠨᠠᠭᠰᠠᠨ ᠲᠠᠢ ᠤᠮᠤᠭᠰᠢᠨ ᠪᠠᠶᠢᠭ᠎ᠠ ᠡᠷ᠎ᠠ ᠡᠭᠡᠨᠡᠷ | ᠤᠨ ᠢᠶᠠᠨ ᠴᠢᠨᠠᠭᠰᠠᠨ ᠠᠩᠬᠠᠨ ᠤ ᠴᠠᠢ ᠶᠢ ᠬᠦᠯᠤᠰᠤ ᠠᠯᠳᠠᠭᠤᠯᠤᠨ ᠤᠤᠭᠤᠵᠦ ᠬᠦᠴᠦ ᠪᠠᠨ ᠨᠦᠬᠦᠵᠦ ᠤᠮᠳᠠ ᠪᠠᠨ | ᠲᠠᠷᠤᠭᠰᠠᠨ ᠪᠠᠶᠢᠯ᠎ᠠ᠂ ᠡᠨ᠋ᠨ ᠨᠢ ᠭᠡᠯᠡᠯᠭᠡᠨ ᠦᠭᠡᠢ ᠵᠢᠷᠭᠠᠯᠲᠤ ᠠᠮᠢᠲᠤᠷᠠᠯ ᠤᠨ ᠡᠬᠢᠯᠠᠯ ᠭᠡᠰᠡᠨ ᠳᠡᠭᠡᠨ ᠠᠯᠢ ᠠᠯᠢ ᠨᠢ | ᠪᠠᠶᠠᠷ ᠲᠠᠢ ᠯᠨ ᠪᠠᠶᠢᠪᠠ᠃ ᠪᠤᠶᠠᠨᠲᠤ ᠨᠤᠲᠤᠭ ᠢᠶᠠᠨ ᠭᠡᠵᠦ ᠴᠠᠢ ᠶᠢᠨ ᠲᠡᠭᠡᠵᠢ ᠪᠠᠷ ᠰᠠᠴᠤᠯᠢ ᠡᠷᠬᠦᠬᠦ ᠳᠡᠭᠡᠨ | ᠪᠤᠭᠤᠷᠤᠯ ᠡᠵᠢ ᠮᠢᠨᠢ ᠭᠡᠵᠦ ᠰᠢᠪᠰᠢᠬᠦ ᠶᠤᠰᠤᠲᠡᠢ ᠪᠠᠶᠢᠭᠰᠠᠨ ᠢ ᠡᠭᠡᠨᠡᠷ ᠨᠢ ᠬᠠᠷᠢᠨ ᠪᠤᠲᠤᠵᠦ ᠤᠯᠤᠭᠰᠠᠨ ᠦᠭᠡᠢ᠃ | ᠬᠤᠶᠠᠷ ᠡᠲᠤᠷ ᠤᠨ ᠲᠠᠷᠠᠭ᠎ᠠ᠂ ᠠᠶᠢᠯ ᠤᠨ ᠲᠡᠮᠡᠭᠡ ᠬᠦᠲᠤᠯᠤᠨ ᠠᠮᠢᠨ ᠤ ᠭᠡᠲᠤᠨ ᠲᠡᠮᠡᠭᠡ ᠲᠠᠢ ᠬᠠᠮᠲᠤ | ᠨᠢᠭᠡ ᠴᠦᠷᠭᠡ ᠠᠶᠠᠨ ᠳᠤ ᠮᠤᠷᠳᠠᠭᠰᠠᠨ ᠡᠷ᠎ᠡ ᠶᠢᠨ ᠢᠶᠠᠨ ᠬᠤᠶᠢᠨ᠎ᠠ ᠠᠴᠠ ᠨᠢᠯᠪᠤᠰᠤ ᠲᠠᠢ ᠦᠳᠡᠵᠦ ᠬᠤᠴᠤᠷᠤᠭᠰᠠᠨ | ᠲᠤᠭᠤᠰ ᠨᠢ ᠡᠲᠤᠷ ᠬᠤᠨᠤᠭ ᠢ ᠲᠤᠭᠠᠯᠠᠨ ᠦᠩᠭᠡᠷᠡᠭᠡᠵᠦ ᠪᠠᠶᠢᠯ᠎ᠠ᠃ ᠠᠪᠤ ᠡᠵᠢ ᠶᠢᠨ ᠲᠡᠷᠭᠡᠳᠡ ᠠᠴᠠ ᠲᠦᠭᠡ | ᠰᠠᠯᠵᠦ ᠦᠵᠡᠭᠡ ᠦᠭᠡᠢ ᠭᠡᠤᠭᠡᠨ᠂ ᠠᠮᠠᠷᠠᠭ ᠬᠠᠨᠢ ᠶᠢᠨ ᠲᠡᠷᠭᠡᠳᠡ ᠠᠴᠠ ᠠᠯᠬᠤᠮ ᠬᠤᠯᠠᠳᠬᠤ ᠦᠭᠡᠢ ᠪᠠᠶᠢᠬᠤ ᠶᠢ | ᠪᠤᠲᠤᠭᠰᠠᠨ ᠡᠭᠡᠨᠠᠷ ᠭᠤᠪᠢ ᠶᠢᠨ ᠬᠦᠨ ᠳᠤ ᠭᠡᠷ ᠡᠵᠡᠩᠨᠡᠵᠦ ᠭᠠᠭᠴᠠᠭᠠᠷ ᠰᠠᠭᠤᠬᠤ ᠶᠢᠨ ᠭᠤᠨᠢᠭᠲᠤ ᠤᠶᠢᠳᠬᠠᠷ ᠢ | ᠡᠳ᠋ᠯᠡᠵᠠᠢ᠃ ᠦᠨᠦᠴᠢᠨ ᠲᠡᠷᠠ ᠲᠡᠭᠡᠷ᠎ᠠ ᠨᠢᠭᠡ ᠶᠠᠭᠤᠮ᠎ᠠ ᠲᠤᠳᠠᠭᠰᠠᠨ ᠰᠢᠭ᠋ ᠪᠤᠯᠵᠦ᠂ ᠤᠮᠳᠠᠬᠤ ᠨᠤᠶᠢᠷ ᠢᠶᠠᠷ | ᠬᠠᠯᠬᠠᠯᠠᠨ ᠦᠷᠤᠭᠡ ᠭᠡᠷ ᠲᠡᠭᠡᠨ ᠲᠤᠭᠳᠠᠵᠦ ᠶᠠᠳᠠᠭᠰᠠᠨ ᠮᠠᠲᠤ ᠭᠠᠳᠠᠨᠠᠬᠢ ᠶᠢ ᠠᠨᠢᠷᠬᠠᠨ ᠪᠠᠶ᠎ᠠ ᠪᠠᠨ ᠮᠡᠭᠡᠯᠡᠨ᠂ | ᠬᠤᠨᠢᠨ ᠤ ᠵᠠᠬ᠎ᠠ ᠳᠤ ᠬᠤᠯᠨ ᠶᠢ ᠪᠠᠷᠠᠯᠠᠨ ᠰᠠᠨᠠᠭ᠎ᠠ ᠪᠠᠨ ᠬᠠᠭᠤᠷᠴᠦ᠂ ᠡᠲᠤᠷ ᠰᠠᠷ᠎ᠠ ᠶᠢ ᠦᠩᠭᠡᠷᠡᠭᠡᠨ ᠬᠦᠯᠢᠶᠠᠨ | ᠰᠠᠭᠤᠯ᠎ᠠ᠃ | ᠲᠡᠭᠷᠢ ᠡᠯᠡᠰᠤᠨ ᠤ ᠲᠤᠮᠳᠠ ᠴᠠᠶᠢᠷᠠᠨ ᠪᠠᠶᠢᠬᠤ ᠴᠠᠭᠠᠨ ᠪᠤᠯᠠᠭ ᠤᠨ ᠲᠠᠪᠤᠰᠤᠨ ᠨᠠᠭᠤᠷ —— ᠪᠠᠶᠢᠭᠠᠯᠢ ᠡᠭᠡ | ᠶᠢᠨ ᠰᠤᠶᠤᠷᠬᠠᠭᠰᠠᠨ ᠪᠠᠷᠠᠭᠳᠠᠰᠢ ᠦᠭᠡᠢ ᠲᠠᠪᠤᠰᠤ ᠲᠠᠢ ᠪᠠᠶᠠᠨ ᠲᠠᠩᠰᠤᠭ ᠨᠠᠭᠤᠷ ᠪᠤᠯ ᠡᠵᠢ ᠬᠦᠮᠦᠨ ᠴᠠᠭᠠᠨ ᠰᠦ | ᠪᠠᠨ ᠬᠦᠬᠦᠬᠦᠯᠵᠦ ᠭᠡᠤᠭᠡᠳ ᠢᠶᠠᠨ ᠦᠰᠭᠡᠬᠦ ᠮᠠᠲᠤ ᠠᠯᠠᠱᠨ ᠶᠢᠨ ᠲᠦᠮᠠᠨ ᠤᠯᠠᠨ ᠢ ᠲᠡᠵᠢᠭᠡᠭᠰᠡᠨ ᠤᠯᠠᠨ ᠵᠢᠯ ᠤᠨ | ᠲᠡᠤᠭᠡ ᠲᠠᠢ ᠡᠵᠢ ᠨᠠᠭᠤᠷ ᠪᠢᠯᠨ᠃ ᠠᠳᠡ ᠠᠶᠠᠨ ᠲᠡᠭᠡᠭᠡᠪᠤᠷᠢ ᠬᠢᠵᠦ ᠠᠮᠢᠲᠤᠷᠠᠵᠦ ᠪᠠᠶᠢᠭ᠎ᠠ ᠮᠤᠩᠭᠤᠯᠴᠤᠳ᠂ | ᠬᠢᠳᠠᠳ ᠬᠤᠲᠤᠩᠴᠤᠳ ᠤᠨ ᠲᠡᠮᠡᠭᠡᠨ ᠴᠤᠪᠤᠭ᠎ᠠ ᠴᠤ ᠤᠯᠠᠷᠢᠯ ᠳᠠᠭᠠᠨ ᠡᠷᠬᠢᠯᠲᠤᠵᠦ ᠪᠠᠶᠢᠳᠠᠭ᠃ ᠲᠡᠮᠡᠭᠡ ᠪᠠᠷᠠᠯᠠᠨ | ᠠᠶᠠᠨ ᠬᠦᠳᠡᠯᠬᠦ ᠦᠶ᠎ᠠ ᠳᠤ ᠲᠠᠪᠤᠰᠤᠨ ᠨᠠᠭᠤᠷ ᠢᠶᠠᠷ ᠢᠶᠠᠨ ᠠᠶᠠᠨ ᠤ ᠲᠡᠮᠡᠭᠡ ᠨᠦᠭᠦᠳ ᠬᠠᠷ᠎ᠠ ᠰᠢᠷᠭᠤᠯᠵᠢ ᠰᠢᠭ | ᠪᠦᠷᠬᠦᠨ ᠲᠠᠪᠤᠰᠤᠨ ᠭᠤᠷᠤᠬ᠎ᠠ ᠶᠢ ᠬᠤᠴᠢᠭᠠᠳ᠂ ᠲᠡᠮᠡᠭᠡᠨ ᠤ ᠲᠠᠭᠤ ᠲᠠᠰᠤᠷᠠᠯᠳᠠ ᠦᠭᠡᠢ ᠲᠦᠩᠬᠢᠨᠠᠨ ᠴᠦᠷᠭᠡ | ᠲᠠᠢ ᠲᠡᠮᠡᠭᠡ ᠨᠦᠭᠦᠳ ᠵᠦᠷᠢᠯᠲᠤᠨ᠂ ᠠᠶᠠᠨ ᠤ ᠬᠤᠩᠬᠤᠨ ᠤ ᠲᠠᠭᠤᠨ ᠳᠤ ᠪᠠᠶᠠᠷᠯᠠᠭᠰᠠᠨ ᠮᠠᠲᠤ ᠪᠤᠯᠵᠦ ᠤᠷᠤᠭᠰᠢ | ᠵᠢᠳᠬᠦᠯᠤᠨ ᠴᠤᠪᠤᠵᠠᠭᠠᠨᠠ᠃ ᠡᠨ᠋ᠨ ᠦᠶ᠎ᠠ ᠳᠤ ᠱᠠᠯᠪᠢᠩ ᠤᠨ ᠬᠢᠨ ᠤ ᠬᠠᠮᠲᠤᠷᠠᠭᠰᠠᠨ ᠨᠢᠭᠡ ᠭᠠᠯ ᠠᠶᠠᠨᠴᠢᠳ | ᠲᠠᠪᠤᠰᠤ ᠰᠠᠪᠠᠯᠠᠬᠤ ᠪᠠᠨ ᠬᠦᠯᠢᠶᠠᠵᠦ ᠪᠠᠶᠢᠭᠠᠳ ᠪᠤᠰᠤᠳ ᠤᠨ ᠲᠡᠮᠡᠭᠡᠳ ᠠᠴᠢᠶᠠᠯᠠᠭᠠᠳ ᠭᠠᠷᠬᠤ ᠶᠢᠨ ᠦᠶ᠎ᠡ ᠳᠤ | ᠭᠤᠷᠤᠬᠠᠨ ᠳᠤ ᠤᠷᠤᠵᠦ ᠲᠠᠪᠤᠰᠤ ᠪᠠᠨ ᠰᠠᠪᠠᠯᠠᠨ ᠠᠴᠢᠶᠠᠯᠠᠭᠠᠳ ᠶᠠᠪᠤᠪᠠ᠃ | ᠡᠪᠤᠯ ᠤᠨ ᠬᠠᠬᠢᠷ ᠬᠦᠢᠳᠡᠨ ᠤ ᠭᠤᠤᠯ ᠪᠤᠯᠬᠤ ᠳᠤ ᠲᠤᠯᠤᠭᠠᠨ ᠤᠳᠠᠭ᠎ᠠ ᠲᠠᠪᠤᠰᠤ ᠲᠡᠭᠡᠭᠡᠪᠤᠷᠢᠯᠠᠨ ᠭᠠᠨᠰᠤ | ᠶᠢᠨ ᠭᠠᠵᠠᠷ ᠬᠦᠷᠭᠡᠵᠦ ᠲᠠᠪᠤᠰᠤ ᠪᠠᠷ ᠬᠦᠨᠠᠰᠤ ᠰᠤᠯᠢᠵᠦ᠂ ᠭᠠᠨᠵᠤᠭ᠎ᠠ ᠲᠦᠬᠦᠷᠡᠩ ᠬᠦᠨᠠᠰᠤ᠂ ᠠᠷᠢᠬᠢ ᠲᠤᠰᠤ᠂ | ᠴᠢᠪᠠᠭ᠎ᠠ ᠪᠠᠯ ᠡᠨ᠋ᠨ ᠲᠡᠷᠨ ᠠᠬᠠᠷ ᠴᠢᠬᠢᠷ ᠶᠠᠭᠤᠮ᠎ᠠ ᠪᠠᠨ ᠠᠪᠤᠭᠠᠳ ᠭᠡᠷ ᠲᠡᠭᠡᠨ ᠬᠠᠷᠢᠵᠦ ᠢᠷᠡᠯ᠎ᠠ᠃ ᠠᠴᠢᠶ᠎ᠠ ᠪᠠᠨ | ᠪᠠᠭᠤᠯᠭᠠᠬᠤ ᠳᠤ ᠡᠭᠡᠨᠡᠷ ᠨᠢ ᠭᠡᠷ ᠠᠴᠠ ᠭᠠᠷᠴᠦ ᠢᠷᠡᠭᠡᠳ —— ᠰᠠᠶᠢᠨ ᠶᠠᠪᠤᠭᠠᠳ ᠢᠷᠡᠪᠠᠤ︖ ᠶᠠᠳᠠᠷᠠᠭᠰᠠᠨ | ᠪᠢᠵᠠ᠂ ᠪᠢ ᠲᠠᠮᠨᠠᠵᠦ ᠠᠴᠢᠶ᠎ᠠ ᠶᠢ ᠪᠠᠭᠤᠯᠭᠠᠶ᠎ᠠ ᠭᠡᠬᠦ ᠳᠤ ᠱᠠᠯᠪᠢᠩ ᠢᠨᠢᠶᠠᠮᠰᠦᠭᠯᠡᠨ ᠪᠤᠯᠴᠢᠬᠠᠨ᠎ᠠ ᠭᠡᠳ ᠬᠤᠶᠠᠷ ᠭᠠᠷ | ᠲᠠᠭᠠᠨ ᠨᠢᠭᠡ ᠨᠢᠭᠡ ᠰᠤᠮᠠᠯ ᠲᠠᠢ ᠪᠤᠳᠠᠭ᠎ᠠ ᠠᠪᠤᠨ ᠪᠠᠭᠤᠯᠭᠠᠵᠦ ᠪᠠᠶᠢᠪᠠ᠃ | —— ᠱᠠᠯᠪᠢᠩ ᠠᠴᠢᠵᠦ ᠢᠷᠡᠭᠰᠡᠨ ᠤᠯᠠᠭᠠᠨ ᠠᠪᠳᠠᠷ᠎ᠠ ᠪᠠᠨ ᠬᠤᠶᠢᠮᠤᠷ ᠵᠡᠷᠭᠡᠴᠡᠬᠦᠯᠵᠦ᠂ ᠨᠤᠭᠤᠭᠠᠨ ᠲᠤᠷᠭ᠎ᠠ | ᠭᠠᠷᠭᠠᠨ ᠡᠭᠡᠨᠡᠷ ᠤᠨ ᠢᠶᠠᠨ ᠭᠠᠷ ᠲᠡᠭᠡᠷ᠎ᠠ ᠠᠭᠠᠵᠢᠭᠤᠬᠠᠨ ᠲᠠᠯᠪᠢᠭᠠᠳ᠂ | —— ᠴᠠᠭᠠᠨ ᠰᠠᠷ᠎ᠠ ᠠᠴᠠ ᠡᠮᠤᠨ᠎ᠠ ᠠᠮᠵᠢᠭᠤᠯᠵᠦ ᠤᠶᠤᠭᠠᠳ ᠲᠦᠷᠬᠦᠮᠴᠢᠯᠠᠬᠦ ᠳᠡᠭᠡᠨ ᠡᠮᠤᠰ ᠭᠡᠬᠦ ᠳᠤᠨᠢ | ᠲᠤᠭᠤᠰ ᠤᠨ ᠨᠢᠲᠤ ᠨᠡᠭᠡᠭᠳᠡᠵᠦ ᠵᠤᠤᠮᠠᠯᠵᠠᠭᠠᠳ᠂ | —— ᠢᠢᠮᠤ ᠭᠤᠶᠤ ᠲᠤᠷᠭ᠎ᠠ ᠪᠠᠷ ᠲᠡᠪᠠᠯ ᠤᠶᠤᠵᠦ ᠡᠮᠤᠰᠤᠭᠡᠳ ᠬᠦᠷᠪᠠᠯ ᠠᠪᠤ ᠡᠵᠢ ᠮᠢᠨᠢ ᠲᠠᠨᠢᠬᠤ ᠪᠤᠯᠪᠠ | ᠤᠤ︖ ᠲᠠ ᠦᠪᠠᠷ ᠢᠶᠠᠨ ᠶᠠᠮᠠᠷ ᠦᠩᠭᠡ ᠶᠢᠨ ᠲᠤᠷᠭ᠎ᠠ ᠠᠪᠤᠪᠠ︖ ᠭᠡᠵᠦ ᠡᠷ᠎ᠠ ᠶᠢᠨ ᠢᠶᠠᠨ ᠴᠡᠭᠡᠵᠢᠨ ᠳᠤ | ᠬᠠᠴᠠᠷ ᠢᠶᠠᠨ ᠨᠠᠭᠠᠯᠲᠤᠭᠤᠯᠤᠨ ᠠᠯᠢᠶᠠᠷᠬᠠᠬᠤ ᠳᠤ ᠲᠦᠯᠬᠢᠯ ᠦᠭᠡᠢ᠂ | —— ᠨᠠᠳᠠ ᠰᠢᠭ᠋ ᠬᠦᠵᠢᠷ ᠪᠠᠵᠢᠷ ᠬᠦᠮᠦᠨ᠂ ᠭᠡ ᠳᠤ ᠡᠮᠤᠰᠬᠦ ᠠᠴᠠ ᠲᠠᠪᠤᠤ᠂ ᠭᠡᠷ ᠲᠤ ᠡᠮᠤᠰᠬᠦ ᠠᠴᠠ | ᠬᠦᠲᠤᠰᠤ ᠪᠠᠶᠢᠪᠠᠯ ᠪᠤᠯᠴᠢᠬᠠᠨ᠎ᠠ᠂ ᠵᠤᠲᠤᠭ ᠠᠴᠠ ᠲᠡᠷᠢᠬᠦᠨ ᠭᠤᠶᠤᠯᠠᠬᠤ ᠬᠤᠪᠴᠠᠰᠤ ᠨᠠᠳᠠ ᠪᠠᠶᠢᠬᠤ ᠦᠢᠭᠡᠢ ᠭᠡᠳ | ᠤᠭ᠍ᠶᠤ ᠨᠤᠮᠢᠨ ᠰᠢᠬᠢᠳᠭᠡᠭᠡᠷᠢ ᠲᠠᠢ ᠲᠠᠷᠤᠯᠭ᠎ᠠ᠂ ᠤᠯᠠᠭᠠᠨ ᠱᠢᠷᠤᠨ ᠲᠤᠪᠴᠢ ᠵᠡᠷᠭᠡ ᠲᠤᠯᠤᠭᠠᠢ ᠶᠢᠨ ᠴᠢᠮᠡᠭᠯᠠᠯ | ᠭᠠᠷᠳᠠᠭᠤᠯᠪᠠ᠃ | —— ᠶᠠᠭᠠᠬᠢᠭᠰᠠᠨ ᠭᠤᠶᠤ ᠡᠳ᠋ ᠪᠤᠢ᠂ ᠠᠯᠠᠱᠨ ᠦᠰᠦ ᠬᠦᠷᠤᠬᠦ ᠳᠤ ᠠᠶᠢᠯ ᠢᠶᠠᠷ ᠤᠴᠢᠬᠤ ᠦᠭᠡᠢ ᠪᠤᠯ | ᠬᠦᠮᠦᠨ ᠵᠠᠯᠠᠵᠦ ᠬᠦᠷᠤᠬᠦᠯᠬᠦ ᠰᠢᠤ ᠭᠡᠵᠦ ᠡᠭᠡᠨᠡᠷ ᠨᠢ ᠰᠡᠳᠬᠢᠯ ᠲᠦᠬᠦᠷᠡᠩ ᠪᠠᠶᠠᠷ ᠲᠠᠢ ᠠᠵᠢ᠃ ᠲᠦᠷᠬᠦᠮ ᠤᠨ | ᠭᠠᠵᠠᠷ ᠵᠠᠶᠠᠭᠠᠭᠰᠠᠨ ᠦᠬᠢᠨ ᠪᠠᠶ᠎ᠠ ᠪᠠᠨ ᠤᠷᠬᠢᠵᠦ᠂ ᠬᠠᠨᠢ ᠶᠢᠨ ᠵᠠᠶᠠᠭ᠎ᠠ ᠲᠠᠭᠠᠨ ᠢᠷᠡᠭᠰᠡᠨ ᠲᠤᠭᠤᠰ ᠡᠷ᠎ᠡ ᠨᠦᠬᠦᠷ | ᠤᠨ ᠬᠠᠶᠢᠷ᠎ᠠ ᠬᠠᠯᠠᠮᠵᠢ ᠳᠤ ᠬᠠᠳᠠᠭᠤ ᠲᠠᠷᠠᠰᠤ ᠪᠠᠯᠭᠤᠭᠰᠠᠨ ᠶᠤᠮ ᠰᠢᠭ᠋ ᠰᠤᠭᠲᠤᠭᠤᠷᠠᠨ ᠪᠠᠶᠢᠬᠤ ᠨᠢ ᠨᠢᠭᠡ ᠴᠠᠭ | ᠤᠨ ᠵᠢᠷᠭᠠᠯ ᠪᠢᠯᠨ᠃ | —— ᠵᠤᠲᠤᠭ ᠢ ᠴᠢᠨᠢ ᠠᠪᠠᠴᠢᠵᠦ ᠦᠭᠬᠦᠭᠰᠡᠨ ᠪᠢᠵᠠ ᠭᠡᠵᠦ ᠡᠭᠡᠨᠠᠷ ᠨᠢ ᠭᠠᠷ ᠲᠠᠬᠢ ᠶᠠᠭᠤᠮ᠎ᠠ ᠪᠠᠨ | ᠰᠤᠨᠢᠷᠬᠠᠭᠰᠠᠭᠠᠷ ᠭᠡᠯᠡᠪᠠ᠃ | —— ᠮᠢᠨᠦ ᠵᠤᠲᠤᠭ ᠪᠤᠯ ᠪᠤᠭᠳᠠ ᠴᠢᠩᠬᠢᠰ ᠤᠨ ᠲᠡᠬᠦᠦ ᠬᠠᠪᠤᠲᠤ ᠬᠠᠰᠠᠷ ᠤᠨ ᠵᠠᠷᠯᠢᠭ ᠢᠶᠠᠷ ᠦᠪ ᠪᠤᠯᠭᠠᠨ | ᠵᠠᠯᠭᠠᠮᠵᠢᠯᠠᠭᠰᠠᠨ᠂ ᠲᠦᠷᠪᠠᠨ ᠤᠶᠢᠷᠠᠳ ᠤᠨ ᠪᠦᠭᠡ ᠶᠢᠨ ᠠᠪᠤᠷᠭᠤᠴᠤᠳ ᠦᠶ᠎ᠠ ᠤᠯᠠᠷᠢᠨ ᠡᠳ᠋ᠯᠡᠭᠰᠡᠨ ᠬᠤᠪᠢᠯᠭᠠᠨ | ᠵᠤᠲᠤᠭ ᠶᠤᠮ᠃ ᠲᠠᠯᠠᠨ ᠬᠤᠶᠠᠷ ᠲᠤᠪᠤᠷᠤᠤ ᠶᠢ ᠶᠤᠯᠲᠤᠷᠮᠠ ᠭᠡᠭᠴᠢ ᠬᠤᠪᠢᠯᠭᠠᠨ ᠲᠠᠷᠬᠠᠨ᠂ ᠤᠷᠠᠨ ᠲᠦᠰᠢ ᠶᠢᠨ | ᠠᠭᠤᠯᠠᠨ ᠳᠤ ᠲᠡᠭᠷᠢ ᠶᠢᠨ ᠨᠢᠭᠤᠴᠠ ᠤᠪᠠᠳᠢᠰ ᠢᠶᠠᠷ ᠲᠠᠪᠳᠠᠵᠦ ᠬᠢᠭᠰᠡᠨ ᠪᠠᠶᠢᠵᠠᠢ᠃ ᠭᠠᠨᠳᠢᠭ ᠬᠠᠶᠢᠯᠤᠭᠤᠯᠬᠤ | ᠭᠠᠯᠪᠠᠷᠰᠤᠳᠠᠢ ᠶᠢᠨ ᠭᠠᠯ ᠳᠤ ᠶᠢᠰᠤᠨ ᠶᠢᠰᠤ ᠤᠯᠠᠶᠢᠯᠭᠠᠵᠦ᠂ ᠭᠠᠩ ᠭᠡᠪᠰᠢᠬᠦ ᠠᠯᠤᠬ᠎ᠠ ᠲᠦᠰᠢ ᠶᠢᠨ ᠬᠤᠭᠤᠷᠤᠨᠲᠤ | ᠶᠢᠰᠤᠨ ᠶᠢᠰᠤ ᠲᠠᠪᠳᠠᠵᠦ᠂ ᠲᠠᠬᠢᠨ ᠲᠠᠪᠳᠠᠨ ᠠᠷᠢᠭᠤᠨ ᠤᠰᠤᠨ ᠳᠤ ᠬᠠᠳᠠᠭᠠᠵᠦ᠂ ᠵᠦᠪ ᠢᠶᠠᠷ ᠡᠷᠬᠢᠭᠰᠡᠨ | ᠬᠤᠷᠮᠤᠰᠳᠠ ᠶᠢᠨ ᠶᠤᠭᠤᠷᠠᠩ ᠲᠡᠮᠳᠡᠭ ᠢ ᠲᠡᠭᠰᠢ ᠰᠠᠶᠢᠬᠠᠨ ᠤᠷᠠᠯᠠᠵᠦ ᠬᠢᠭᠰᠡᠨ ᠵᠤᠲᠤᠭ ᠪᠤᠯ ᠬᠤᠶᠢᠴᠢ ᠦᠶ᠎ᠠ ᠶᠢᠨ | ᠬᠦᠮᠦᠰ ᠲᠤ ᠦᠯᠡᠳᠡᠭᠡᠨ ᠦᠭᠬᠦᠭᠰᠡᠨ ᠨᠠᠨᠳᠢᠨ ᠡᠳ᠋ ᠶᠤᠮ᠃ | —— ᠵᠤᠲᠤᠭ ᠢᠶᠠᠨ ᠤᠯᠵᠦ ᠠᠪᠤᠭᠰᠠᠨ ᠦᠭᠡᠢ ᠶᠤᠮ ᠤᠤ︖ ᠡᠭᠡᠨᠡᠷ ᠨᠢ ᠭᠠᠶᠢᠬᠠᠰᠢᠷᠠᠨ ᠠᠰᠠᠭᠤᠪᠠ᠃ | —— ᠮᠢᠨᠦ ᠵᠤᠲᠤᠭ ᠤᠤ︖ ᠭᠡᠷ ᠲᠤ ᠪᠠᠶᠢᠬᠤ ᠪᠢᠰᠢ ᠤᠤ ᠭᠡᠳ ᠡᠭᠡᠨᠡᠷ ᠢᠶᠠᠨ ᠨᠢᠭᠡ ᠬᠠᠷᠠᠭᠰᠠᠨ ᠱᠠᠯᠪᠢᠩ | ᠰᠠᠨᠲᠤᠷᠤᠨ ᠴᠠᠭᠠᠰᠢ ᠡᠷᠬᠢᠪᠠ᠃ | —— ᠦᠭᠡᠢ ᠴᠢ ᠯᠨ ᠬᠦᠮᠦᠨ ᠶᠠᠪᠤᠭᠤᠯᠵᠦ ᠵᠤᠲᠤᠭ ᠢᠶᠠᠨ ᠠᠪᠤᠭᠤᠯᠬᠤ ᠭᠡᠰᠡᠨ᠂᠂᠂᠂ | —— ᠭᠡᠨ ᠳᠤ ᠦᠭᠬᠦᠭᠰᠡᠨ ᠢᠶᠠᠨ ᠮᠡᠳᠡᠨ᠎ᠠ ᠤᠤ︖ | —— ᠨᠡᠷ᠎ᠡ ᠶᠢ ᠨᠢ ᠬᠠᠷᠢᠨ ᠠᠰᠠᠭᠤᠭᠰᠠᠨ ᠦᠭᠡᠢ᠂ ᠴᠢᠨᠦ ᠪᠠᠭ᠎ᠠ ᠶᠢᠨ ᠠᠨᠳᠠ᠂᠂᠂᠂ | —— ᠭᠡᠵᠢᠶ᠎ᠠ ᠪᠤᠢ︖ | —— ᠶᠠᠪᠤᠭᠠᠳ ᠭᠤᠷᠪᠠ ᠬᠤᠨᠤᠵᠦ ᠪᠠᠶᠢᠨ᠎ᠠ᠃ | —— ᠬᠠᠮᠢᠭᠠᠰᠢ ᠪᠠᠨ ᠬᠠᠨᠲᠤᠯ᠎ᠠ︖ | —— ᠪᠠᠷᠠᠭᠤᠨᠰᠢ ᠬᠠᠨᠲᠤᠬᠤ ᠰᠢᠭ᠋ ᠪᠤᠯᠤᠭᠰᠠᠨ᠃ | —— ᠵᠠ ᠲᠡᠭᠡᠪᠠᠯ ᠴᠢ ᠨᠠᠮᠠᠢᠢ ᠬᠦᠯᠢᠶᠠᠵᠦ ᠪᠠᠢ᠂ ᠭᠡᠲᠤᠨ ᠡᠲᠤᠷ ᠪᠤᠯᠬᠤ ᠴᠤ ᠮᠠᠭᠠᠳ ᠦᠭᠡᠢ᠂ ᠭᠡᠲᠤᠨ | ᠰᠠᠷ᠎ᠠ ᠢᠶᠠᠷ ᠬᠦᠯᠢᠶᠡᠯᠭᠡᠬᠦ ᠴᠤ ᠶᠠᠳᠠᠬᠤ ᠦᠭᠡᠢ ᠭᠡᠳ ᠴᠢᠷᠠᠢ ᠭᠡᠨᠡᠳᠳᠡ ᠬᠤᠪᠢᠷᠠᠭᠰᠠᠨ ᠡᠷ᠎ᠠ ᠲᠡᠷᠨ ᠴᠢᠭ ᠲᠡᠭᠡᠨ | ᠱᠤᠤᠬᠢᠷᠠᠨ ᠭᠠᠷᠴᠦ ᠤᠲᠤᠯᠠ᠃ | ᠭᠠᠭᠴᠠ ᠲᠡᠮᠡᠭᠡᠨ ᠤ ᠲᠡᠰᠢᠬᠦᠯᠦᠭᠰᠡᠨ ᠮᠦᠷ ᠢᠶᠠᠷ ᠤᠷᠤᠭᠰᠠᠨ ᠡᠷ᠎ᠡ ᠰᠠᠨᠠᠭ᠎ᠠ ᠨᠢ ᠠᠭᠤᠵᠢᠷᠠᠭᠰᠠᠨ ᠭᠡᠯᠳᠡᠢ | ᠤᠨᠤᠭᠠᠨ ᠠᠴᠠ ᠪᠠᠨ ᠪᠠᠭᠤᠭᠠᠳ ᠲᠡᠮᠡᠭᠡ ᠪᠠᠨ ᠬᠦᠲᠤᠯᠤᠨ ᠠᠯᠬᠤᠪᠠ᠃ | ᠲᠡᠭᠡᠭᠡᠳ ᠮᠦᠷᠳᠡᠨ ᠶᠠᠪᠤᠭᠰᠠᠨ ᠱᠠᠯᠪᠢᠩ ᠲᠡᠮᠡᠭᠡ ᠪᠠᠨ ᠤᠨᠤᠵᠦ ᠬᠠᠷᠠᠩᠭᠤᠢ ᠪᠤᠯᠳᠠᠯ᠎ᠠ ᠮᠦᠷ ᠢ ᠠᠯᠳᠠᠵᠦ | ᠶᠠᠪᠤᠭᠠᠳ ᠰᠢᠷ᠎ᠠ ᠰᠢᠪᠠᠭᠤ ᠰᠢᠭ᠋ ᠰᠦᠨᠢ ᠶᠠᠪᠤᠭᠠᠳ ᠪᠤᠯᠬᠤ ᠦᠭᠡᠢ᠂ ᠨᠢᠭᠡ ᠪᠠᠭ᠎ᠠ ᠤᠮᠳᠠᠵᠦ ᠠᠪᠤᠭᠠᠳ ᠶᠠᠪᠤᠶ᠎ᠠ | ᠭᠡᠳ ᠲᠡᠮᠡᠭᠡᠨ ᠤ ᠪᠠᠨ ᠨᠦᠮᠤᠷᠢ ᠳᠤ ᠭᠡᠪᠳᠡᠵᠦ ᠦᠤᠷ ᠴᠠᠶᠢᠬᠤ ᠰᠢᠭ᠋ ᠪᠤᠯᠬᠤ ᠳᠤ ᠲᠡᠮᠡᠭᠡ ᠪᠠᠨ ᠤᠨᠤᠵᠦ ᠶᠠᠪᠤᠭᠠᠳ | ᠨᠦᠬᠦᠭᠡ ᠲᠡᠷᠨ ᠬᠦᠮᠦᠨ ᠤ ᠮᠦᠷ ᠢ ᠤᠯᠵᠦ᠂ ᠶᠠᠪᠤᠭᠰᠠᠭᠠᠷ ᠪᠠᠶᠢᠭᠠᠳ ᠬᠦᠭᠡᠭᠡᠵᠦ ᠬᠦᠢᠴᠡᠪᠠ᠃ | ᠬᠠᠭᠤᠴᠢᠨ ᠠᠨᠳᠠ ᠵᠢᠭᠵᠢᠳ ᠪᠠᠶᠢᠵᠠᠢ᠃ | —— ᠴᠢ ᠶᠠᠭᠤ ᠭᠡᠵᠦ ᠮᠢᠨᠦ ᠵᠤᠲᠤᠭ ᠢ ᠠᠪᠤᠭᠰᠠᠨ ᠪᠤᠢ︖ ᠴᠢ ᠵᠤᠲᠤᠭ ᠢᠶᠠᠷ ᠶᠠᠭᠠᠬᠢᠬᠤ ᠭᠡᠰᠡᠨ ᠪᠤᠢ︖ | ᠡᠴᠢᠭᠡ ᠶᠢᠨ ᠰᠢᠬᠢᠷ᠎ᠠ ᠬᠠᠳᠠᠭᠠᠶᠠ ᠭᠡᠪᠡ ᠤᠤ᠃ ᠡᠴᠢᠭᠡ ᠴᠢᠨᠢ ᠪᠦᠭᠡᠴᠢᠨ ᠪᠢᠰᠢ ᠪᠠᠶᠢᠬᠤ ᠶᠠᠭᠤᠨ ᠢᠶᠠᠨ ᠬᠢᠬᠦ ᠪᠤᠢ︖ | ᠪᠦᠭᠡᠴᠢᠨ ᠪᠢᠰᠢ ᠴᠢᠮ᠎ᠠ ᠳᠤ ᠠᠯᠳᠠᠨ ᠲᠤᠪᠤᠷᠤᠤᠲᠤ ᠵᠤᠲᠤᠭ ᠠᠷᠪᠠ ᠪᠠᠶᠢᠯ᠎ᠠ ᠭᠡᠳ ᠶᠠᠭᠠᠬᠢᠨ᠎ᠠ ᠪᠤᠢ᠃ | ᠬᠦᠮᠦᠨ ᠤ ᠵᠤᠲᠤᠭ ᠢ ᠮᠡᠭᠡᠯᠡᠵᠦ ᠠᠪᠤᠭᠰᠠᠨ ᠵᠢᠭᠵᠢᠳ ᠦᠭᠡ ᠲᠠᠭᠤ ᠦᠭᠡᠢ᠂ ᠭᠡᠯᠡᠬᠦ ᠦᠭᠡ ᠠᠯᠳᠠᠨ | ᠪᠤᠷᠤᠭᠤ ᠪᠠᠨ ᠮᠡᠳᠡᠷᠡᠭᠰᠡᠨ ᠰᠢᠭ ᠴᠢᠷᠠᠢ ᠨᠢ ᠮᠠᠭᠤᠳᠠᠨ ᠲᠡᠮᠡᠭᠡᠨ ᠠᠴᠠ ᠪᠠᠨ ᠪᠠᠭᠤᠵᠦ ᠵᠤᠲᠤᠭ ᠢᠶᠠᠨ ᠨᠡᠭᠡᠮᠵᠢᠯᠠᠨ | ᠢᠷᠡᠭᠰᠡᠨ ᠱᠠᠯᠪᠢᠩ ᠳᠤ ᠭᠠᠷᠳᠠᠭᠤᠯᠵᠠᠢ᠃ | —— ᠴᠢ ᠲᠡᠬᠢᠵᠦ ᠬᠦᠮᠦᠨ ᠤ ᠶᠠᠭᠤᠮ᠎ᠠ ᠶᠢ ᠠᠪᠴᠦ ᠪᠤᠯᠬᠤ ᠦᠭᠡᠢ᠂ ᠭᠡᠷᠪᠠ ᠬᠦᠮᠦᠨ ᠤ ᠶᠠᠭᠤᠮ᠎ᠠ ᠶᠢ | ᠠᠪᠬᠤ ᠳᠤ ᠬᠦᠷᠪᠠᠯ᠂ ᠠᠷᠠᠰᠤ ᠮᠢᠬ᠎ᠠ ᠴᠢᠨᠢ ᠲᠡᠰᠳᠡᠭ ᠯᠨ ᠶᠤᠮ ᠪᠤᠯ ᠲᠡᠭᠡᠵᠦ ᠦᠵᠨ ᠭᠡᠵᠦ ᠭᠡᠯᠡᠭᠡᠳ ᠶᠠᠪᠤᠬᠤ | ᠭᠡᠰᠡᠨ ᠳᠤ᠂ | ᠵᠢᠭᠵᠢᠳ᠂ ᠮᠢᠨᠦ ᠪᠤᠷᠤᠭᠤ ᠪᠤᠯᠪᠠ᠂ ᠲᠠ ᠮᠢᠨᠦ ᠠᠨᠳᠠ ᠪᠠᠶᠢᠭᠰᠠᠨ ᠤ ᠬᠤᠪᠢ ᠪᠠᠷ ᠨᠠᠮᠠᠢᠢ ᠦᠷᠤᠰᠢᠶᠠᠨ᠂ ᠪᠢ | ᠲᠡᠬᠢᠵᠦ ᠬᠦᠮᠦᠨ ᠤ ᠶᠠᠭᠤᠮ᠎ᠠ ᠶᠢ ᠠᠪᠬᠤ ᠦᠭᠡᠢ ᠭᠡᠵᠠᠢ᠃ | ᠵᠤᠲᠤᠭ ᠢᠶᠠᠨ ᠤᠯᠵᠦ ᠠᠪᠤᠭᠰᠠᠨ ᠱᠠᠯᠪᠢᠩ ᠠᠷᠤ ᠳᠠᠭᠠᠨ ᠡᠷᠬᠢᠵᠦ ᠬᠠᠷᠠᠯ ᠦᠭᠡᠢ ᠲᠡᠮᠡᠭᠡ ᠪᠠᠨ ᠤᠨᠤᠵᠦ | ᠲᠠᠰᠢᠭᠤᠷᠳᠠᠨ ᠪᠠᠷ᠎ᠠ ᠠᠯᠳᠠᠷᠠᠪᠠ᠃ | ︵ᠦᠷᠭᠦᠯᠵᠢᠯᠡᠯ᠄ ᠡᠵᠢ ᠪᠠᠨ ᠡᠭᠦᠷᠴᠦ ᠡᠯᠡᠰᠦ ᠮᠠᠩᠬ᠎ᠠ ᠶᠢ ᠲᠤᠭᠤᠯᠪᠠ) |