ᠲᠥᠭᠦᠬᠡᠢ ᠭᠠᠭ᠋ᠠᠢ ᠶᠢᠨ ᠮᠢᠬ᠎ᠠ ᠶᠢᠨ ᠰᠠᠶᠢᠠ ᠮᠠᠭᠤ ᠶᠢ ᠭᠡᠷᠬᠢᠠ ᠢᠯᠭᠠᠬᠤ ᠪᠤᠢ︖
ᠨᠡᠶᠢᠲᠡᠯᠡᠭᠰᠡᠨ ᠴᠠᠭ᠄
2021/8/20
     ᠵᠠᠬ᠎ᠠ ᠳᠡᠯᠭᠡᠭᠦᠷ ᠲᠤ ᠬᠤᠳᠠᠯᠳᠤᠵᠤ ᠪᠠᠶᠢᠭ᠎ᠠ ᠲᠥᠭᠦᠬᠡᠢ ᠭᠠᠭ᠋ᠠᠢ ᠶᠢᠨ ᠮᠢᠬ᠎ᠠ ᠶᠢᠨ ᠳᠡᠭᠡᠷ᠎ᠠ ᠪᠠᠶᠢᠴᠠᠭᠠᠯᠳᠠ ᠶᠢ ᠳᠠᠮᠵᠢᠭᠠᠳ ᠳᠠᠷᠤᠭᠰᠠᠨ ᠠᠳᠠᠯᠢ ᠪᠤᠰᠤ ᠳᠠᠮᠠᠭ᠎ᠠ ᠨᠤᠭᠤᠳ ᠥᠷᠭᠦᠯᠵᠢ ᠬᠠᠷᠠᠭᠳᠠᠳᠠᠭ᠃ ᠡᠳᠡᠭᠡᠷ ᠳᠠᠮᠠᠭ᠎ᠠ ᠪᠤᠯ ᠬᠠᠮᠢᠶ᠎ᠠ ᠪᠥᠬᠦᠢ ᠰᠠᠯᠠᠭ᠎ᠠ ᠮᠥᠴᠢᠷ ᠤᠨ ᠬᠢᠨ ᠤᠯᠤᠰ ᠤᠨ ᠳᠤᠭᠳᠠᠭᠠᠯ ᠢ ᠥᠨᠳᠤᠰᠤᠯᠡᠵᠤ᠂ ᠮᠢᠬᠠᠨ ᠤ ᠭᠡᠮ ᠬᠢᠵᠢᠭ ᠢ ᠪᠠᠶᠢᠴᠠᠭᠠᠭᠰᠠᠨ ᠳᠡᠮᠳᠡᠭ ᠪᠤᠯᠤᠨ᠎ᠠ᠃ ᠬᠡᠷᠡᠭᠯᠡᠭᠴᠢᠳ ᠡᠳᠡᠭᠡᠷ ᠠᠳᠠᠯᠢ ᠪᠤᠰᠤ ᠶᠢᠨ ᠳᠡᠮᠳᠡᠭ ᠢ ᠮᠡᠳᠡᠨ ᠠᠪᠴᠤ᠂ ᠵᠠᠬ᠎ᠠ ᠳᠡᠯᠭᠡᠭᠦᠷ ᠲᠤ ᠬᠢ ᠮᠢᠬᠠᠨ ᠤ ᠴᠢᠨᠠᠷ ᠴᠢᠨᠰᠠᠭ᠎ᠠ ᠶᠢ ᠢᠯᠭᠠᠨ ᠳᠠᠨᠢᠵᠤ ᠰᠤᠩᠭᠤᠨ ᠬᠡᠷᠡᠭᠯᠡᠨ᠎ᠠ᠃      ︽X︾ ᠬᠡᠯᠪᠡᠷᠢ ᠲᠠᠢ ᠳᠠᠮᠠᠭ᠎ᠠ ᠪᠤᠯ ︽ᠤᠰᠠᠳᠬᠠᠬᠤ︾ ᠭᠡᠰᠡᠨ ᠳᠠᠮᠠᠭ᠎ᠠ ᠮᠥᠨ᠃ ᠡᠶᠢᠮᠤ ᠳᠠᠮᠠᠭ᠎ᠠ ᠲᠠᠢ ᠮᠢᠬ᠎ᠠ ᠶᠢ ᠬᠤᠳᠠᠯᠳᠤᠵᠤ ᠪᠤᠯᠬᠤ ᠥᠭᠡᠢ ᠪᠥᠭᠡᠳ ᠢᠳᠡᠵᠤ ᠪᠤᠯᠬᠤ ᠥᠭᠡᠢ᠂ ᠳᠠᠮᠠᠭ᠎ᠠ ᠶᠢᠨ ᠳᠤᠳᠤᠷ᠎ᠠ ᠨᠢ ︽ᠤᠰᠠᠳᠬᠠᠬᠤ︾ ᠭᠡᠰᠡᠨ ᠥᠰᠥᠭ ᠲᠠᠢ᠃ ᠵᠤᠤᠪᠠᠩ ᠬᠡᠯᠪᠡᠷᠢ ᠲᠠᠢ ᠳᠠᠮᠠᠭ᠎ᠠ ᠪᠤᠯ ︽ᠠᠵᠤ ᠥᠢᠯᠡᠳᠪᠤᠷᠢ ᠶᠢᠨ ᠳᠤᠰᠤ ︾ ᠭᠡᠰᠡᠨ ᠳᠠᠮᠠᠭ᠎ᠠ ᠮᠥᠨ᠃ ᠡᠶᠢᠮᠤ ᠳᠠᠮᠠᠭ᠎ᠠ ᠲᠠᠢ ᠮᠢᠬ᠎ᠠ ᠶᠢ ᠬᠤᠳᠠᠯᠳᠤᠵᠤ ᠢᠳᠡᠵᠤ ᠪᠥᠷ ᠪᠤᠯᠬᠤ ᠥᠭᠡᠢ᠂ ᠵᠥᠪᠬᠡᠨ ᠳᠤᠰᠤ ᠰᠢᠷᠭᠠᠭᠠᠵᠤ᠂ ᠠᠵᠤ ᠥᠢᠯᠡᠳᠪᠤᠷᠢ ᠳᠤ ᠬᠡᠷᠡᠭᠯᠡᠵᠤ ᠪᠤᠯᠤᠨ᠎ᠠ᠃ ᠳᠠᠮᠠᠭ᠎ᠠ ᠶᠢᠨ ᠳᠤᠳᠤᠷ᠎ᠠ ᠨᠢ ︽ᠠᠵᠤ ᠥᠢᠯᠡᠳᠪᠤᠷᠢ ᠶᠢᠨ ᠳᠤᠰᠤ︾ ᠭᠡᠰᠡᠨ ᠥᠰᠥᠭ ᠲᠠᠢ᠃ ᠭᠤᠷᠪᠠᠯᠵᠢᠨ ᠬᠡᠯᠪᠡᠷᠢ ᠲᠠᠢ ᠳᠠᠮᠠᠭ᠎ᠠ ᠪᠤᠯ ︽ᠥᠨᠳᠤᠷ ᠳᠤᠯᠠᠭᠠᠨ︾ ᠤ ᠳᠠᠮᠠᠭ᠎ᠠ ᠪᠤᠯᠬᠤ ᠪᠠ ᠡᠶᠢᠮᠤ ᠳᠠᠮᠠᠭ᠎ᠠ ᠲᠠᠢ ᠮᠢᠬ᠎ᠠ ᠶᠢ ᠡᠷᠬᠡᠪᠰᠢ ᠳᠤᠭᠳᠠᠭᠰᠠᠨ ᠴᠠᠭ ᠤᠨ ᠳᠤᠳᠤᠷ᠎ᠠ ᠥᠨᠳᠤᠷ ᠳᠤᠯᠠᠭᠠᠨ ᠢᠶᠠᠷ ᠰᠢᠢᠳᠪᠤᠷᠢᠯᠡᠭᠰᠡᠨ ᠤ ᠳᠠᠷᠠᠭ᠎ᠠ ᠰᠠᠶ᠋ᠢ ᠬᠤᠳᠠᠯᠳᠤᠵᠤ ᠪᠤᠯᠤᠨ᠎ᠠ᠃ ᠳᠠᠮᠠᠭ᠎ᠠ ᠶᠢᠨ ᠳᠤᠳᠤᠷ᠎ᠠ ᠨᠢ ︽ᠥᠨᠳᠤᠷ ᠳᠤᠯᠠᠭᠠᠨ︾ ᠭᠡᠰᠡᠨ ᠥᠰᠥᠭ ᠲᠠᠢ᠃ ᠤᠷᠳᠤ ᠲᠥᠷᠪᠡᠯᠵᠢᠨ ᠬᠡᠯᠪᠡᠷᠢ ᠲᠠᠢ ᠳᠠᠮᠠᠭ᠎ᠠ ᠪᠤᠯ ︽ᠢᠳᠡᠰᠢᠨ ᠳᠤᠰᠤ︾ ᠭᠡᠰᠡᠨ ᠳᠠᠮᠠᠭ᠎ᠠ ᠪᠤᠯᠤᠨ᠎ᠠ᠃ ᠡᠶᠢᠮᠤ ᠳᠠᠮᠠᠭ᠎ᠠ ᠳᠠᠷᠤᠭᠰᠠᠨ ᠮᠢᠬ᠎ᠠ ᠶᠢ ᠰᠢᠭᠤᠳ ᠬᠤᠳᠠᠯᠳᠤᠬᠤ ᠪᠤᠶᠤ ᠢᠳᠡᠵᠤ ᠪᠤᠯᠬᠤ ᠥᠭᠡᠢ᠂ ᠳᠤᠰ ᠳᠤᠰᠤ ᠶᠢ ᠰᠢᠷᠭᠠᠭᠠᠭᠰᠠᠨ ᠤ ᠰᠡᠭᠦᠯᠡᠷ ᠰᠠᠶ᠋ᠢ ᠬᠤᠳᠠᠯᠳᠤᠵᠤ ᠪᠤᠯᠤᠨ᠎ᠠ᠃ ᠳᠠᠮᠠᠭ᠎ᠠ ᠶᠢᠨ ᠳᠤᠳᠤᠷ᠎ᠠ ᠨᠢ ︽ᠢᠳᠡᠰᠢᠨ ᠳᠤᠰᠤ︾ ᠭᠡᠰᠡᠨ ᠥᠰᠥᠭ ᠲᠠᠢ᠃ ᠳᠤᠭᠤᠷᠢᠭ ᠬᠡᠯᠪᠡᠷᠢ ᠲᠠᠢ ᠳᠠᠮᠠᠭ᠎ᠠ ᠪᠤᠯ ︽ᠬᠢᠷᠢ ᠳᠡᠩᠴᠡᠭᠰᠡᠨ︾ ᠭᠡᠰᠡᠨ ᠳᠠᠮᠠᠭ᠎ᠠ ᠮᠥᠨ᠃ ᠡᠶᠢᠮᠤ ᠳᠠᠮᠠᠭ᠎ᠠ ᠲᠠᠢ ᠮᠢᠬᠠᠨ ᠤ ᠴᠢᠨᠠᠷ ᠨᠢ ᠰᠠᠶᠢᠨ ᠂ ᠢᠳᠡᠵᠤ ᠬᠤᠳᠠᠯᠳᠤᠵᠤ ᠪᠥᠷ ᠪᠤᠯᠤᠨ᠎ᠠ᠃ ᠳᠠᠮᠠᠭ᠎ᠠ ᠶᠢᠨ ᠲᠥᠪ ᠳᠤᠮᠳᠠ ᠨᠢ ︽ᠮᠠᠯ ᠤᠨ ᠡᠮᠴᠢ ᠪᠠᠶᠢᠴᠠᠭᠠᠪᠠ︾ ᠭᠡᠰᠡᠨ ᠥᠰᠥᠭ ᠲᠠᠢ ᠪᠥᠭᠡᠳ ᠤᠨ ᠰᠠᠷ᠎ᠠ ᠡᠳᠤᠷ ᠪᠤᠯᠤᠨ ᠶᠠᠮᠠᠷ ᠭᠠᠭ᠋ᠠᠢ ᠪᠤᠯᠬᠤ ᠶᠢ ᠨᠢ ᠳᠡᠮᠳᠡᠭᠯᠡᠵᠤ ᠪᠠᠶᠢᠳᠠᠭ᠃  
 
ᠢᠷᠡᠯᠲᠡ᠄ ᠠᠯᠠᠱᠨ ᠵᠡᠬᠦᠨ ᠬᠤᠰᠢᠭᠤᠨ ᠤ ᠠᠷᠠᠳ ᠤᠨ ᠵᠠᠰᠠᠭ ᠤᠨ ᠤᠷᠲᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号