ᠵᠢᠷᠠᠨᠳᠠᠢ ᠪᠠᠯᠭᠠᠰᠤᠨ ᠤ ᠲᠠᠷᠪᠤᠰ ᠡᠯᠪᠡᠭ ᠬᠤᠷᠢᠶᠠᠯᠲᠠ ᠣᠯᠵᠤ ᠨᠡᠶᠢᠬᠡᠮ ᠤᠨ ᠡᠯ᠎ᠡ ᠡᠲᠡᠭᠡᠳ ᠠᠴᠠ ᠲᠠᠷᠢᠶᠠᠴᠢᠳ ᠤᠨ ᠪᠣᠷᠤᠯᠠᠭᠤᠯᠭ᠎ᠠ ᠶᠢ ᠳᠡᠮᠵᠢᠵᠤ ᠪᠣᠢ
ᠨᠡᠶᠢᠲᠡᠯᠡᠭᠰᠡᠨ ᠴᠠᠭ᠄
2021/8/20
     ᠤᠢᠢᠷ᠎ᠠ ᠶᠢᠨ ᠡᠳᠦᠷ᠂ ᠰᠤᠷᠪᠤᠯᠵᠢᠯᠠᠭᠴᠢ ᠠᠯᠠᠱᠠ ᠵᠡᠬᠦᠨ ᠬᠤᠰᠢᠭᠤᠨ ᠤ ᠵᠢᠷᠠᠨᠳᠠᠢ ᠪᠠᠯᠭᠠᠰᠤᠨ ᠤ ᠬᠠᠲᠤᠭᠤᠲᠣᠯᠤᠭᠠᠢ ᠭᠠᠴᠠᠭᠠᠨ ᠤ ᠲᠠᠷᠪᠤᠰ᠂ ᠪᠠᠯᠲᠦ ᠬᠡᠮᠬᠡ ᠶᠢᠨ ᠪᠣᠷᠤᠯᠠᠭᠤᠯᠭ᠎ᠠ ᠶᠢᠨ ᠭᠠᠵᠠᠷ ᠲᠤ ᠬᠦᠷᠬᠦ ᠳᠤ᠂ ᠬᠤᠯᠠ ᠣᠶᠢᠷ᠎ᠠ ᠶᠢᠨ ᠬᠦᠮᠦᠰ ᠲᠠᠷᠪᠤᠰ ᠬᠤᠳᠠᠯᠳᠤᠨ ᠠᠪᠴᠦ ᠪᠠᠶᠢᠯ᠎ᠠ᠃ ︽ᠡᠨᠡ ᠵᠠᠮ ᠢᠶᠠᠷ ᠥᠩᠭᠡᠷᠡᠬᠦ ᠪᠦᠷᠢ ᠡ᠊᠊ᠡᠳᠡ ᠠᠴᠠ ᠲᠠᠷᠪᠤᠰ ᠬᠤᠳᠠᠯᠳᠤᠨ ᠠᠪᠳᠠᠭ᠂ ᠡ᠊ᠡᠳᠡᠬᠢ ᠶᠢᠨ ᠲᠠᠷᠪᠤᠰ ᠠᠮᠲᠠᠲᠠᠢ ᠪᠦᠭᠡᠳ ᠦᠨ᠎ᠡ ᠬᠠᠩᠰᠢ ᠨᠢ ᠲᠣᠬᠢᠷᠠᠮᠵᠢᠲᠠᠢ︾ ᠭᠡᠵᠦ ᠰᠠᠭᠤᠭᠠᠯᠢ ᠠᠷᠠᠳ ᠸᠠᠩ ᠵᠢᠤᠢ ᠼᠠᠢ ᠶᠠᠷᠢᠵᠦ ᠪᠠᠶᠢᠪᠠ᠃      ᠵᠢᠷᠠᠨᠳᠠᠢ ᠪᠠᠯᠭᠠᠰᠤᠨ ᠤ ᠭᠠᠵᠠᠷ ᠤᠨ ᠪᠠᠶᠢᠴᠠ ᠲᠡᠭᠰᠢ᠂ ᠬᠦᠷᠦᠰᠦ ᠰᠢᠷᠦᠢ ᠨᠢ ᠰᠢᠮᠡᠯᠢᠭ᠂ ᠨᠠᠷᠠᠨ ᠤ ᠲᠤᠰᠤᠯᠲᠠ ᠬᠦᠢᠴᠡᠳ᠂ ᠲᠠᠷᠪᠤᠰ ᠲᠠᠷᠢᠬᠤ ᠠᠭᠤᠷ ᠠᠮᠢᠰᠬᠤᠯ ᠪᠣᠯᠤᠨ ᠭᠠᠵᠠᠷ ᠵᠦᠢ ᠶᠢᠨ ᠨᠦᠬᠦᠴᠡᠯ ᠨᠢ ᠣᠨᠴᠣᠭᠤᠢ ᠲᠤᠯᠠ ᠠᠯᠠᠱᠠ ᠵᠡᠬᠦᠨ ᠬᠤᠰᠢᠭᠤᠨ ᠤ ᠲᠠᠷᠪᠤᠰ ᠪᠤᠯᠤᠨ ᠪᠡᠯᠲᠦ ᠬᠡᠮᠬᠡ ᠶᠢᠨ ᠭᠤᠣᠯ ᠭᠠᠷᠤᠯᠲᠠ ᠶᠢᠨ ᠤᠷᠤᠨ ᠪᠤᠯᠤᠨ᠎ᠠ᠃ ᠲᠠᠷᠪᠤᠰ ᠪᠤᠯᠤᠨ ᠪᠡᠯᠲᠦ ᠬᠡᠮᠬᠡ ᠶᠢᠨ ᠠᠮᠳᠠ ᠨᠢ ᠤᠨᠴᠠ ᠰᠠᠶᠢᠨ ᠪᠤᠯᠬᠤᠷ ᠪᠦᠬᠦ ᠤᠯᠤᠰ ᠤᠨ ᠤᠯᠠᠩᠬᠢ ᠭᠠᠵᠡᠷ ᠤᠷᠤᠨ ᠳᠤ ᠪᠤᠷᠤᠯᠠᠭᠤᠯᠤᠭᠳᠠᠵᠤ ᠪᠤᠢ᠃ ᠡᠨᠡ ᠵᠢᠯ ᠵᠢᠷᠠᠨᠳᠠᠢ ᠪᠠᠯᠭᠠᠰᠤ ᠨᠡᠶᠢᠲᠡ 4108 ᠮᠦ ᠭᠠᠵᠡᠷ ᠲᠤ ᠪᠡᠯᠲᠦ ᠬᠡᠮᠬᠡ ᠲᠠᠷᠢᠵᠤ᠂ ᠮᠦ ᠪᠦᠷᠢ ᠶᠢᠨ ᠤᠨᠠᠯᠲᠠ ᠨᠢ 6000 ᠵᠢᠩ ᠣᠷᠴᠢᠮ ᠬᠦᠷᠴᠦ᠂ ᠶᠡᠷᠦᠩᠬᠡᠢ ᠭᠠᠷᠤᠯᠲᠠ ᠨᠢ 2400 ᠭᠠᠷᠦᠢ ᠵᠢᠩ ᠳᠤ ᠬᠦᠷᠪᠡ᠃      7 — 8 ᠰᠠᠷ᠎ᠠ ᠪᠣᠯ ᠪᠦᠬᠦ ᠤᠯᠤᠰ ᠤᠨ ᠪᠡᠯᠲᠦ ᠬᠡᠮᠬᠡ ᠶᠡᠭᠡ ᠬᠡᠪᠴᠢᠶ᠎ᠡ ᠪᠠᠷ ᠵᠠᠬ᠎ᠠ ᠳᠡᠯᠭᠡᠭᠦᠷ ᠲᠤ ᠭᠠᠷᠬᠤ ᠴᠠᠭ ᠪᠣᠯᠬᠤᠷ ᠴᠠᠬᠠᠷ ᠤᠨ ᠬᠦᠳᠡᠭᠡ ᠶᠢᠨ ᠪᠡᠯᠲᠦ ᠬᠡᠮᠬᠡ ᠶᠢᠨ ᠪᠤᠷᠤᠯᠠᠭᠤᠯᠭ᠎ᠠ ᠦᠷᠢᠰᠦᠯᠳᠦᠬᠡᠨ ᠳᠤ ᠲᠤᠯᠭᠠᠷᠠᠵᠦ᠂ ᠨᠡᠩ ᠴᠦ ᠬᠢᠵᠢᠭ ᠤᠨ ᠨᠥᠯᠦᠭᠡ ᠠᠴᠠ ᠭᠠᠳᠠᠷ ᠮᠤᠵᠢ ᠤᠷᠤᠨ ᠤ ᠠᠷᠠᠯᠵᠢᠶᠠᠴᠢᠳ ᠴᠦᠬᠡᠷᠡᠵᠠᠢ᠃ ᠡᠨᠡᠬᠦ ᠪᠠᠶᠢᠳᠠᠯ ᠳᠤ ᠴᠢᠭᠯᠡᠭᠦᠯᠦᠨ᠂ ᠠᠯᠠᠱᠠ ᠵᠡᠬᠦᠨ ᠬᠤᠰᠢᠭᠤᠨ ᠤ ᠵᠠᠰᠠᠭ ᠤᠨ ᠣᠷᠳᠤᠨ ᠠᠴᠠ ᠵᠦᠪᠳᠠᠯᠴᠡᠵᠦ ᠪᠠᠶᠢᠭᠠᠳ ᠡᠯ᠎ᠠ ᠵᠠᠬ᠎ᠠ ᠲᠡᠯᠬᠡᠬᠦᠷ᠂ ᠴᠢᠯᠦᠬᠡᠲᠦ ᠳᠡᠯᠭᠡᠭᠦᠷ ᠲᠤ ᠲᠦᠪᠯᠡᠷᠡᠭᠦᠯᠦᠨ ᠪᠣᠷᠤᠯᠠᠭᠤᠯᠬᠤ ᠶᠢᠨ ᠬᠠᠮᠲᠦ᠂ ᠠᠵᠤ ᠠᠬᠤᠶᠢᠯᠠᠯ᠂ ᠺᠠᠳ᠋ᠷ ᠠᠵᠢᠯᠲᠠᠨ ᠢ ᠵᠣᠬᠢᠶᠠᠨ ᠪᠠᠶᠢᠭᠤᠯᠵᠤ ᠪᠠᠶᠢᠭᠠᠳ ᠤᠷᠤᠨ ᠨᠤᠳᠤᠭ ᠤᠨ ᠭᠠᠷᠤᠯᠳᠠ ᠪᠠᠨ ᠬᠤᠳᠠᠯᠳᠤᠨ ᠠᠪᠴᠦ᠂ ᠮᠠᠯᠴᠢᠨ ᠲᠠᠷᠢᠶᠠᠴᠢᠳ ᠤᠨ ᠨᠢᠳᠤᠨ ᠡᠮᠦᠨᠡᠬᠢ ᠬᠦᠴᠢᠷᠳᠠᠯ ᠢ ᠰᠢᠢᠳᠪᠤᠷᠢᠯᠡᠬᠦ ᠪᠠᠷ ᠴᠢᠷᠮᠠᠶᠢᠭᠰᠠᠨ ᠪᠠᠶᠢᠨ᠎ᠠ᠃
 
ᠢᠷᠡᠯᠲᠡ᠄ ᠠᠯᠠᠱᠠ ᠶᠢᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号