ᠵᠢᠷᠠᠠ ᠵᠢᠯ ᠤᠨ ᠳᠠᠷᠠᠭᠠᠬᠢ ᠤᠴᠢᠷ ᠲᠠᠢ ᠰᠠᠶᠢᠬᠠᠠ ᠵᠤᠯᠭᠠᠯᠳᠠ
ᠨᠡᠶᠢᠲᠡᠯᠡᠭᠰᠡᠨ ᠴᠠᠭ᠄
2021/8/2
    ᠵᠤᠠ ᠤ 7 ᠰᠠᠷ᠎ᠠ ᠶᠢᠨ ᠵᠦᠬᠡᠯᠡᠨ ᠬᠤᠷ᠎ᠠ ᠵᠦᠰᠡᠷᠡᠭᠰᠡᠠ ᠰᠠᠶᠢᠬᠠᠠ ᠡᠳᠤᠷ᠃ ᠡᠨᠡ ᠰᠠᠶᠢᠬᠠᠠ ᠮᠦᠴᠠ ᠳᠤ᠂ ᠨᠠᠮ ᠪᠠᠶᠢᠭᠤᠯᠤᠭᠳᠠᠭᠰᠠᠨ 100 ᠵᠢᠯ ᠤᠨ ᠤᠢ ᠶᠢ ᠲᠤᠬᠢᠶᠠᠯᠳᠤᠭᠤᠯᠤᠨ᠂ ᠤᠤᠯ ᠤᠨ ᠬᠥᠪᠡᠭᠡᠨᠠᠮᠤᠬ ᠪᠠᠭ ᠤᠨ ᠪᠠᠭ᠎ᠠ ᠰᠤᠷᠭᠠᠭᠤᠯᠢ ᠶᠢᠨ ᠲᠡᠭᠡᠷ᠎ᠠ ᠵᠠᠭᠤᠨ ᠤ 58 ᠠᠴᠠ 62 ᠤᠨ ᠤ ᠪᠠᠭᠰᠢ ᠰᠤᠷᠤᠬᠴᠢᠳ ᠤᠨ 60 ᠵᠢᠯ ᠤᠨ ᠳᠠᠷᠠᠭᠠᠬᠢ ᠠᠭᠤᠯᠵᠠᠯᠳᠠ ᠠᠯᠠᠱᠠ ᠵᠡᠬᠦᠨ ᠬᠤᠰᠢᠭᠤᠨ ᠤ ᠪᠤᠳᠠᠰ ᠤᠨ ᠪᠤᠰᠤ ᠰᠤᠶᠤᠯ ᠤᠨ ᠥᠪ ᠢ ᠤᠯᠠᠮᠵᠢᠯᠠᠠ ᠬᠠᠮᠠᠭᠠᠯᠠᠬᠤ ᠰᠠᠭᠤᠷᠢᠨ ᠭᠠᠵᠠᠷ ᠤᠨ ᠲᠤᠮᠤ ᠮᠤᠩᠭᠤᠯ ᠭᠡᠷ ᠲᠤ ᠤᠴᠢᠷ ᠲᠠᠢ ᠰᠠᠶᠢᠬᠠᠠ ᠶᠠᠪᠤᠭᠳᠠᠵᠦ᠂ ᠡᠷᠳᠡᠮ ᠨᠤᠮ ᠵᠢᠭᠠᠬᠰᠠᠠ ᠠᠴᠢᠳᠦ ᠪᠠᠭᠰᠢ ᠳᠠᠭᠠᠨ ᠬᠥᠨᠳᠤᠳᠭᠡᠯ ᠳᠠᠯᠠᠷᠬᠠᠯ ᠢᠶᠠᠨ ᠳᠡᠪᠰᠢᠬᠦᠯᠦᠨ᠂ ᠡᠬᠡ ᠤᠷᠤᠨ ᠤ ᠪᠠᠨ ᠬᠦᠭᠵᠢᠯ ᠪᠠᠳᠠᠷᠠᠯ᠂ ᠠᠵᠤ ᠠᠮᠢᠳᠤᠷᠠᠯ ᠤᠨ ᠵᠤᠯ ᠵᠢᠷᠭᠠᠯ ᠢᠶᠠᠨ ᠶᠠᠷᠢᠯᠴᠠᠵᠦ ᠬᠦᠬᠡᠷᠦᠯᠳᠤᠨ ᠪᠠᠶᠠᠰᠤᠯᠴᠠᠯ᠎ᠠ᠃     ᠲᠤᠰ ᠤᠳᠠᠭᠠᠠ ᠤ ᠪᠠᠭᠰᠢ ᠰᠤᠷᠤᠬᠴᠢᠳ ᠤᠨ ᠠᠭᠤᠯᠵᠠᠯᠳᠠ ᠳᠤ ᠨᠠᠶᠠ ᠰᠢᠬᠠᠮ ᠬᠥᠮᠦᠨ ᠴᠤᠬᠯᠠᠷᠠᠵᠤ᠂ ᠮᠥᠡᠭᠬᠦᠨᠴᠡᠴᠡᠭ᠂ ᠮᠥᠡᠭᠬᠡᠨᠠᠰᠤᠨ᠂ ᠪᠠᠢ ᠭᠤᠨᠴᠤᠬ ᠵᠡᠷᠭᠡ ᠬᠥᠨᠳᠤᠳᠤ ᠭᠤᠷᠪᠠᠨ ᠪᠠᠭᠰᠢ ᠳᠠᠭᠠᠨ ᠭᠡᠮᠡᠷᠯᠢᠭ ᠲᠤᠬ ᠲᠠᠪᠰᠢᠬᠦᠯᠵᠤ᠂ ︽ᠭᠠᠪᠢᠶᠠᠳᠤ ᠪᠠᠭᠰᠢ︾ ᠶᠢᠨ ᠮᠧᠳᠠᠯ ᠵᠡᠬᠦᠯᠭᠡᠨ᠂ ᠤᠯᠠᠭᠠᠠ ᠪᠥᠴᠡ ᠪᠠᠨ ᠵᠡᠬᠦᠵᠤ ᠬᠤᠰᠢᠭᠤᠴᠢ ᠠᠩᠬᠢ ᠶᠢᠨ ᠭᠡᠰᠢᠬᠦᠨ ᠤ ᠶᠤᠰᠤ ᠪᠠᠷ ᠶᠤᠰᠤᠯᠠᠭᠠᠳ᠂ ᠬᠠᠮᠳᠤ ᠶᠢᠨ ᠵᠢᠷᠤᠬ ᠰᠡᠬᠦᠳᠡᠷ ᠪᠠᠭᠤᠯᠭᠠᠵᠤ᠂ ᠬᠠᠮᠳᠤ ᠪᠠᠷ ᠢᠶᠠᠨ ᠬᠤᠪᠢᠰᠬᠠᠯ ᠤᠨ ᠳᠠᠭᠤᠤ ᠳᠠᠭᠤᠯᠠᠵᠦ᠂ ︽ᠮᠠᠤ ᠲᠡᠷᠢᠬᠦᠯᠡᠭᠴᠢ ᠶᠢᠨ ᠭᠡᠭᠡᠨ ᠭᠡᠷᠡᠯ︾᠂ ︽ᠬᠥᠭᠡᠷᠦᠬᠦᠨ ᠪᠢᠴᠢᠬᠠᠠ ᠴᠠᠭᠠᠠ ᠲᠠᠬᠳᠠᠭ᠎ᠠ︾᠂ ︽ᠠᠮᠢᠨ ᠬᠠᠶᠢᠷᠠᠳᠠᠢ ᠠᠯᠠᠱᠠ︾ ᠭᠡᠬᠦ ᠵᠡᠷᠬᠡ ᠶᠢᠨ ᠳᠠᠭᠤᠤ᠂ ᠪᠥᠵᠢᠭ᠂ ᠲᠤᠪᠰᠢᠭᠤᠷ᠂ ᠰᠢᠯᠦᠭ᠂ ᠠᠨᠳᠠᠢ ᠪᠥᠵᠢᠭ ᠤᠨ ᠲᠤᠬᠯᠠᠯᠳᠠ ᠭᠠᠷᠭᠠᠵᠤ᠂ ᠳᠠᠯᠠ ᠨᠠᠶᠠ ᠶᠢᠨ ᠪᠠᠷ᠎ᠠ ᠶᠢ ᠪᠠᠷᠠᠳᠠᠬᠰᠠᠠ ᠪᠤᠭᠤᠷᠤᠯᠴᠤᠳ ᠦᠪᠡᠳᠡᠭᠰᠢ ᠨᠠᠶᠢᠷ ᠢᠶᠠᠨ ᠬᠢᠵᠦ ᠪᠠᠶᠠᠰᠤᠨ ᠨᠠᠷᠬᠢᠬᠰᠠᠠ ᠪᠠᠶᠢᠨ᠎ᠠ᠃     1958 ᠤᠨ ᠳᠤ ᠪᠤᠤ ᠭᠡᠰᠢᠭᠳᠦ ᠭᠡᠳᠡᠭ ᠪᠠᠭᠰᠢ ᠶᠢ ᠨᠠᠮ ᠵᠠᠰᠠᠬ ᠠᠴᠠ ᠤᠤᠯ ᠤᠨ ᠬᠥᠪᠡᠭᠡᠨᠠᠮᠤᠬ ᠪᠠᠬ ᠤᠨ ᠪᠠᠭ᠎ᠠ ᠰᠤᠷᠭᠠᠭᠤᠯᠢ ᠳᠤ ᠲᠤᠮᠢᠯᠠᠠ ᠪᠠᠭᠰᠢ ᠪᠤᠯᠭᠠᠭᠰᠠᠨ ᠪᠠᠶᠢᠪᠠ᠃ ᠡᠬᠢᠯᠡᠭᠡᠳ 53 ᠰᠤᠷᠤᠬᠴᠢ ᠳᠤ ᠬᠢᠴᠢᠶᠠᠯ ᠵᠢᠭᠠᠵᠤ᠂ ᠠᠮᠢᠳᠤᠷᠠᠯ ᠰᠤᠷᠤᠯᠭ᠎ᠠ ᠶᠢ ᠨᠢ ᠬᠠᠷᠢᠭᠤᠴᠠᠵᠦ ᠪᠠᠶᠢᠵᠡᠢ᠃ ᠲᠤᠬᠠᠢ ᠶᠢᠨ ᠥᠶ᠎ᠡ ᠳᠤ᠂ ᠨᠥᠬᠦᠴᠡᠯ ᠮᠠᠭᠤ ᠪᠠᠶᠢᠬᠰᠠᠠ ᠪᠤᠯᠬᠤᠷ ᠡᠪᠦᠳᠦᠭ ᠳᠡᠭᠡᠷ᠎ᠠ ᠪᠠᠨ ᠲᠠᠰᠬᠠᠯ ᠲᠡᠪᠳᠡᠷ ᠢᠶᠠᠨ ᠳᠠᠯᠪᠢᠵᠤ ᠥᠰᠦᠭ ᠪᠢᠴᠢᠵᠤ ᠰᠤᠷᠤᠯᠴᠠᠳᠠᠬ ᠪᠠᠶᠢᠭᠰᠠᠨ ᠬᠡᠵᠦ ᠡᠳᠡᠬᠡᠷ ᠠᠬᠠᠮᠠᠳ ᠰᠤᠷᠤᠭᠴᠢᠳ ᠶᠠᠷᠢᠯᠴᠠᠨ᠎ᠠ᠃ ᠰᠡᠬᠦᠯᠡᠷ ᠨᠢ ᠮᠥᠡᠭᠬᠦᠨᠴᠡᠴᠡᠭ ᠪᠠᠭᠰᠢ᠂ ᠮᠦᠩᠭᠡᠨᠠᠰᠦᠨ ᠪᠠᠭᠰᠢ᠂ ᠪᠠᠢ ᠭᠤᠨᠴᠤᠬ ᠪᠠᠭᠰᠢ ᠨᠡᠮᠡᠭᠳᠡᠠ ᠢᠷᠡᠵᠤ᠂ ᠰᠤᠷᠤᠭᠴᠢᠳ ᠢ ᠬᠡᠦᠬᠡᠳ ᠢᠶᠠᠨ ᠰᠢᠭ ᠠᠰᠠᠷᠠᠵᠤ ᠳᠤᠳᠤᠮᠳᠠᠨ᠂ ᠪᠥᠬᠦ ᠰᠡᠳᠬᠢᠯ ᠢᠶᠠᠷ ᠰᠤᠷᠤᠭᠴᠢᠳ ᠢᠶᠠᠨ ᠰᠤᠷᠭᠠᠨ ᠬᠥᠮᠦᠵᠢᠬᠦᠯᠵᠤ ᠪᠠᠶᠢᠵᠡᠢ᠃ 1962 ᠤᠨ ᠪᠤᠯᠬᠤ ᠳᠤ 117 ᠰᠤᠷᠤᠬᠴᠢ ᠲᠠᠢ ᠪᠤᠯᠪᠠ᠃ ᠳᠡᠷᠡ ᠦᠶ᠎ᠠ ᠶᠢᠨ ᠬᠥᠪᠡᠭᠡᠨᠠᠮᠤᠬ ᠪᠠᠭ᠎ᠠ ᠰᠤᠷᠭᠠᠭᠤᠯᠢ ᠳᠤ ᠰᠤᠷᠤᠯᠴᠠᠵᠦ ᠪᠠᠶᠢᠭᠰᠠᠨ ᠳᠠᠯᠠᠨ ᠳᠠᠪᠤᠨ ᠨᠠᠰᠤᠳᠠᠢ ᠯᠦᠸᠧ ᠶᠢᠨ ᠬᠤᠸᠠ ᠨᠠᠰᠤᠳᠠᠨ᠄ ︽ᠲᠡᠷᠡ ᠥᠶ᠎ᠡ ᠳᠤ ᠭᠡᠳᠦ᠋ᠢᠪᠡᠷ ᠠᠮᠢᠳᠤᠷᠠᠯ ᠤᠨ ᠨᠥᠬᠦᠴᠡᠯ ᠮᠠᠭᠤ ᠪᠠᠶᠢᠬᠰᠠᠠ ᠪᠤᠯᠪᠠᠴᠤ᠂ ᠮᠠᠠ ᠤ ᠮᠥᠡᠭᠬᠦᠨᠴᠡᠴᠡᠭ ᠪᠠᠭᠰᠢ ᠪᠢᠳᠡᠨ ᠢ ᠥᠪᠡᠷ ᠤᠨ ᠭᠡᠤᠭᠡᠳ ᠢᠶᠠᠨ ᠰᠢᠭ ᠬᠠᠶᠢᠷᠠᠯᠠᠠ ᠬᠠᠷᠠᠭᠠᠯᠵᠠᠵᠦ᠂ ᠠᠩᠬᠢ ᠶᠢᠨ ᠭᠡᠷ᠂ ᠪᠠᠶᠢᠷᠢ ᠶᠢᠨ ᠭᠡᠷ ᠲᠤ ᠲᠥᠯᠡᠭᠡ ᠮᠤᠳᠤ ᠲᠡᠬᠦᠵᠤ ᠠᠪᠴᠢᠷᠠᠨ ᠭᠠᠯ ᠲᠥᠯᠡᠵᠤ ᠲᠤᠯᠠᠭᠠᠯᠠᠵᠤ᠂ ᠪᠢᠳᠡᠨ ᠤ ᠬᠤᠭᠤᠯᠠ ᠪᠤᠳᠠᠭ᠎ᠠ ᠶᠢ ᠴᠢᠨᠠᠵᠤ᠂ ᠭᠠᠷᠠᠬ ᠤᠨ ᠡᠳᠦᠷ ᠪᠤᠯᠬᠤ ᠳᠤ ᠰᠤᠷᠤᠬᠴᠢ ᠶᠢᠨ ᠬᠤᠪᠴᠠᠰᠦ ᠬᠤᠨᠠᠷ ᠢ ᠤᠬᠢᠶᠠᠵᠦ ᠴᠡᠪᠡᠷᠯᠡᠨ ᠪᠦᠬᠡᠰᠦ ᠬᠢᠭᠤᠷᠠᠰᠦ ᠶᠢ ᠠᠷᠢᠯᠭᠠᠨ ᠳᠤᠳᠤᠮᠳᠠᠵᠦ᠂ ᠪᠢᠳᠠᠨ ᠳᠤ ᠨᠤᠮ ᠪᠢᠴᠢᠭ ᠵᠢᠭᠠᠬᠤ ᠠᠴᠠ ᠭᠠᠳᠠᠨ᠎ᠠ ᠠᠵᠤ ᠳᠦᠷᠦᠵᠦ ᠠᠮᠢᠳᠤᠷᠠᠬᠤ ᠶᠢᠨ ᠤᠬᠠᠭᠠᠨ᠂ ᠬᠦᠮᠦᠨ ᠪᠤᠯᠬᠤ ᠶᠢᠨ ᠶᠤᠰᠤ ᠤᠬᠠᠭᠠᠨ ᠢ ᠵᠢᠭᠠᠵᠦ ᠦᠭᠭᠦᠭᠰᠡᠨ ᠠᠴᠢᠳᠦ ᠪᠠᠭᠰᠢ ᠪᠠᠶᠢᠭᠰᠠᠨ ᠶᠤᠮ᠃ ᠪᠠᠭᠰᠢ ᠮᠢᠨᠢ ᠤᠳᠤ ᠨᠠᠶᠠᠨ ᠳᠦᠷᠪᠡ ᠬᠦᠷᠴᠦ᠂ ᠡᠷᠡᠬᠦᠯ ᠰᠠᠷᠠᠭᠤᠯ ᠰᠠᠶᠢᠬᠠᠨ ᠠᠮᠢᠳᠤᠷᠠᠵᠦ ᠪᠠᠶᠢᠨ᠎ᠠ᠃ ᠪᠢᠳᠠ ᠪᠦᠬᠦᠳᠡᠭᠡᠷ ᠪᠠᠭᠰᠢ ᠶᠢᠨ ᠢᠶᠠᠨ ᠤᠷᠳᠤ ᠨᠠᠰᠤᠯᠠᠵᠦ ᠤᠳᠠᠭᠠᠨ ᠵᠢᠷᠭᠠᠬᠤ ᠶᠢ ᠬᠦᠰᠡᠨ ᠵᠦᠩᠨᠡᠵᠦ ᠪᠠᠶᠢᠨ᠎ᠠ᠃ ᠪᠢᠳᠠᠨ ᠳᠤ ᠡᠶᠢᠮᠦ ᠰᠠᠶᠢᠬᠠᠨ ᠠᠵᠤ ᠠᠮᠢᠳᠤᠷᠠᠯ ᠢ ᠤᠯᠭᠤᠭᠰᠠᠨ ᠨᠠᠮ ᠤᠨ ᠢᠶᠠᠨ ᠠᠴᠢ ᠭᠠᠪᠢᠶ᠎ᠠ ᠳᠤ ᠳᠠᠯᠠᠷᠬᠠᠵᠦ ᠪᠠᠶᠢᠨ᠎ᠠ︾ ᠭᠡᠵᠤ ᠰᠡᠳᠬᠢᠯ ᠳᠤᠭᠳᠤᠯᠤᠨ ᠶᠠᠷᠢᠵᠦ ᠪᠠᠶᠢᠯ᠎ᠠ᠃
 
ᠢᠷᠡᠯᠲᠡ᠄ ᠠᠯᠠᠱᠠ ᠶᠢᠨ ᠡᠳᠦᠷ ᠤᠨ ᠰᠦ᠋‌‍ᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号