ᠥᠨᠳᠡᠭᠡ ᠪᠠᠷ ᠦᠶ᠎ᠡ ᠮᠦᠴᠢ ᠶᠢᠨ ᠡᠪᠡᠳᠴᠢᠨ ᠢ ᠵᠠᠰᠠᠬᠤ ᠠᠷᠭ᠎ᠠ
ᠨᠡᠶᠢᠲᠡᠯᠡᠭᠰᠡᠨ ᠴᠠᠭ᠄
2021/8/19
    ᠡᠪᠦᠳᠦᠭ ᠨᠢ ᠪᠢᠳᠡᠨ ᠤ ᠠᠷᠤᠭ ᠶᠠᠰᠤᠨ ᠤ ᠬᠠᠮᠤᠭ ᠤᠨ ᠴᠢᠬᠤᠯᠠ ᠦᠶ᠎ᠡ ᠨᠦᠭᠦᠳ ᠤᠨ ᠨᠢᠭᠡ ᠪᠢᠯᠡ᠃ ᠡᠭᠦᠨ ᠤ ᠠᠴᠢ ᠪᠠᠷ ᠯᠠ ᠪᠢᠳᠡ ᠠᠵᠢᠯᠯᠠᠵᠤ᠂ ᠭᠦᠶᠦᠵᠦ᠂ ᠰᠠᠭᠤᠵᠤ ᠡᠳᠦᠷ ᠲᠤᠲᠤᠮ ᠤᠨ ᠬᠥᠳᠡᠯᠭᠡᠭᠡᠨ ᠢ ᠬᠢᠳᠡᠭ ᠰᠢᠦ ᠳ᠋ᠡ᠃ ᠡᠪᠤᠳᠦᠭ ᠤᠨ ᠦᠶ᠎ᠡ ᠨᠢ ᠬᠦᠮᠦᠨ ᠤ ᠪᠡᠶ᠎ᠡ ᠳᠠᠬᠢ 187 ᠬᠡᠰᠡᠭ ᠭᠥᠯᠢᠭᠡᠷ ᠵᠥᠭᠡᠯᠡᠨ ᠪᠦᠷᠬᠦᠭᠦᠯ ᠲᠠᠢ ᠦᠶ᠎ᠡ ᠶᠢᠨ ᠳᠣᠲᠣᠷᠠᠬᠢ ᠲᠠᠯᠠᠪᠠᠢ ᠪᠠᠷ ᠬᠠᠮᠤᠭ ᠤᠨ ᠲᠣᠮᠣ ᠦᠶ᠎ᠡ ᠪᠣᠯᠤᠨ᠎ᠠ᠃ ᠶᠡᠷᠦ ᠶᠢᠨ ᠪᠠᠶᠢᠳᠠᠯ ᠳᠤ ᠦᠶ᠎ᠡ ᠶᠢᠨ ᠬᠥᠨᠳᠡᠢ ᠳᠤ 0. 13 — 3.5 ᠮᠢᠯᠯᠢᠯᠢᠳ᠋ᠷ ᠥᠩᠭᠡ ᠦᠭᠡᠢ᠂ ᠲᠤᠩᠭᠠᠯᠠᠭ ᠰᠢᠩᠭᠡᠨ ᠠᠭᠤᠯᠤᠭᠳᠠᠵᠤ ᠪᠠᠶᠢᠳᠠᠭ ᠢ ᠦᠶ᠎ᠡ ᠶᠢᠨ ᠰᠢᠩᠭᠡᠨ ᠭᠡᠵᠦ ᠨᠡᠷᠡᠯᠡᠨ᠎ᠡ᠃ ᠲᠡᠷᠡ ᠨᠢ ᠦᠶ᠎ᠡ ᠶᠢᠨ ᠭᠠᠳᠠᠷᠭᠤ ᠶᠢᠨ ᠭᠥᠯᠢᠭᠡᠷ ᠮᠥᠭᠡᠷᠰᠦᠯᠢᠭ ᠡᠳ᠋ ᠲᠤ ᠲᠡᠵᠢᠭᠡᠯ ᠥᠭᠬᠦ ᠤᠶᠠᠨ ᠵᠥᠭᠡᠯᠡᠨ ᠬᠠᠷᠢᠮᠠᠬᠠᠢ ᠴᠢᠨᠠᠷ ᠢ ᠨᠢ ᠬᠠᠮᠠᠭᠠᠯᠠᠬᠤ ᠡᠭᠦᠷᠭᠡ ᠲᠠᠢ ᠪᠠᠶᠢᠵᠤ ᠦᠶ᠎ᠡ ᠶᠢᠨ ᠬᠥᠳᠡᠯᠭᠡᠭᠡᠨ ᠬᠢᠬᠦ᠂ ᠰᠤᠩᠭᠠᠬᠤ ᠲᠠᠬᠢᠢᠯᠭᠠᠬᠤ ᠪᠣᠯᠭᠠᠨ ᠳᠤ ᠵᠥᠭᠡᠯᠡᠨ ᠮᠥᠭᠡᠷᠰᠦᠯᠢᠭ ᠪᠦᠲᠦᠴᠡ ᠠᠴᠠ ᠲᠣᠳᠣᠷᠬᠠᠢ ᠬᠡᠮᠵᠢᠶᠡᠨ ᠤ ᠦᠶ᠎ᠡ ᠶᠢᠨ ᠰᠢᠩᠭᠡᠨ ᠨᠡᠪᠴᠢᠨ ᠭᠠᠷᠴᠤ ᠮᠥᠨ ᠰᠢᠩᠭᠡᠨ ᠣᠷᠣᠵᠤ ᠪᠠᠶᠢᠳᠠᠭ᠂ ᠪᠠᠰᠠ ᠵᠠᠷᠢᠮ ᠣᠨᠴᠠᠭᠠᠢ ᠪᠠᠶᠢᠳᠠᠯ ᠳᠤ ᠲᠡᠷᠡ ᠨᠢ ᠨᠡᠮᠡᠭᠳᠡᠬᠦ ᠪᠤᠶᠤ ᠬᠠᠰᠤᠭᠳᠠᠬᠤ ᠵᠡᠷᠭᠡ ᠥᠭᠡᠷᠡᠴᠢᠯᠡᠯᠲᠡ ᠭᠠᠷᠬᠤ ᠲᠠᠯ᠎ᠠ ᠪᠤᠢ᠃ ᠡᠪᠤᠳᠦᠭ ᠤᠨ ᠦᠶ᠎ᠡ ᠨᠢ ᠬᠦᠮᠦᠨ ᠤ ᠪᠡᠶ᠎ᠡ ᠶᠢᠨ ᠬᠦᠨᠳᠦ ᠳᠠᠭᠠᠭᠠᠴᠠ ᠶᠢᠨ ᠴᠣᠷ ᠤᠨ ᠭᠠᠭᠴᠠ ᠦᠶ᠎ᠡ ᠪᠥᠭᠡᠳ ᠳᠤᠮᠳᠠ ᠴᠢᠮᠦᠭᠡ ︵ᠲᠠᠬᠢᠯᠵᠠᠭᠤᠷ︶ ᠬᠢᠭᠡᠳ ᠰᠢᠯᠪᠢ ᠶᠠᠰᠤᠨ ᠤ ᠬᠤᠯᠪᠤᠬᠤ ᠬᠡᠰᠡᠭ ᠲᠤᠶᠢᠭ᠂ ᠥᠭᠡᠬᠦᠨ ᠡᠳ᠋᠂ ᠰᠢᠷᠪᠦᠰᠦ᠂ ᠲᠠᠯ᠎ᠠ ᠰᠠᠷᠠᠨ ᠡᠳ᠋ ︵ᠬᠥᠳᠡᠯᠭᠡᠭᠡᠨ ᠪᠣᠯᠤᠨ ᠠᠴᠢᠶᠠᠯᠠᠯ ᠢ ᠵᠦᠭᠡᠯᠡᠷᠡᠭᠦᠯᠬᠦ ᠡᠭᠦᠷᠭᠡ ᠲᠠᠢ ᠪᠦᠲᠦᠴᠡ︶ ᠦᠶ᠎ᠡ ᠶᠢᠨ ᠰᠢᠩᠭᠡᠨ ᠪᠣᠯᠤᠨ ᠪᠤᠰᠤᠳ ᠬᠤᠯᠪᠤᠬᠤ ᠨᠢᠭᠢᠳᠡᠰᠦ ᠠᠴᠠ ᠪᠦᠲᠦᠭᠰᠡᠨ ᠪᠠᠶᠢᠳᠠᠭ᠃ ᠡᠪᠤᠳᠦᠭ ᠤᠨ ᠦᠶ᠎ᠡ ᠨᠢ ᠬᠦᠮᠦᠨ ᠤ ᠨᠠᠰᠤᠨ ᠲᠤᠷᠰᠢ ᠶᠢᠨ ᠠᠵᠤ ᠠᠮᠢᠳᠤᠷᠠᠯ ᠳᠠᠬᠢ ᠪᠦᠬᠦᠢ ᠯᠠ ᠬᠥᠳᠡᠯᠭᠡᠭᠡᠨ ᠤ ᠦᠶ᠎ᠡ ᠳᠤ ᠭᠤᠣᠯ ᠲᠤᠯᠬᠤ ᠡᠭᠦᠷᠭᠡ ᠭᠦᠢᠴᠡᠳᠭᠡᠵᠦ ᠠᠯᠬᠤᠬᠤ᠂ ᠭᠢᠰᠭᠢᠬᠦ᠂ ᠭᠦᠶᠦᠬᠦ᠂ ᠪᠣᠰᠬᠤ᠂ ᠰᠠᠭᠤᠬᠤ ᠪᠦᠬᠦᠢ ᠯᠠ ᠦᠢᠯᠡ ᠶᠢ ᠭᠤᠣᠯᠴᠢᠯᠠᠨ ᠭᠦᠢᠴᠡᠳᠭᠡᠳᠡᠭ ᠪᠥᠭᠡᠳ ᠵᠥᠪᠬᠡᠨ ᠠᠷᠤᠨᠰᠢ ᠪᠠᠨ ᠬᠥᠳᠡᠯᠳᠡᠭ ᠴᠣᠷ ᠤᠨ ᠭᠠᠭᠴᠠ ᠬᠦᠨᠳᠦ ᠳᠠᠭᠠᠭᠠᠴᠠ ᠶᠢᠨ ᠦᠶ᠎ᠡ ᠪᠣᠯᠤᠨ᠎ᠠ᠃    ᠬᠡᠷᠡᠭᠯᠡᠭᠳᠡᠬᠦ ᠵᠦᠢᠯᠡᠰ᠄ ᠥᠨᠳᠡᠭᠡᠨ ᠤ ᠰᠢᠷ᠎ᠠ 2 ᠴᠠᠢ ᠶᠢᠨ ᠬᠠᠯᠪᠠᠭ᠎ᠠ ᠳᠠᠪᠤᠰᠤ ᠤᠶᠠᠨ ᠪᠣᠭᠤᠯᠲᠠ ᠪᠡᠯᠡᠳᠬᠡᠬᠦ ᠠᠷᠭ᠎ᠠ᠄    ᠥᠨᠳᠡᠭᠡᠨ ᠤ ᠰᠢᠷ᠎ᠠ ᠳᠡᠭᠡᠷ᠎ᠡ ᠪᠠᠨ ᠳᠠᠪᠤᠰᠤ ᠪᠠᠨ ᠨᠡᠮᠡᠭᠡᠳ ᠰᠠᠶᠢᠲᠤᠷ ᠬᠤᠳᠬᠤᠵᠤ ᠬᠤᠯᠢᠨ᠎ᠠ᠃    ᠬᠡᠷᠬᠢᠨ ᠠᠰᠢᠭᠯᠠᠬᠤ ᠪᠤᠢ︖   ᠪᠡᠯᠡᠳᠬᠡᠭᠰᠡᠨ ᠵᠠᠭᠤᠮᠠᠭ ᠢᠶᠠᠨ ᠡᠪᠤᠳᠦᠭ ᠤᠨ ᠢᠶᠠᠨ ᠶᠠᠭ ᠡᠪᠡᠳᠴᠦ ᠪᠤᠢ ᠬᠡᠰᠡᠭ ᠳᠡᠭᠡᠷ᠎ᠡ ᠪᠠᠨ ᠲᠠᠯᠪᠢᠭᠠᠳ ᠤᠶᠠᠨ ᠪᠣᠭᠤᠯᠲᠠ ᠪᠠᠷ ᠳᠠᠪᠬᠤᠷᠯᠠᠵᠤ ᠪᠣᠭᠤᠨ᠎ᠠ᠃ 2 ᠴᠠᠭ ᠤᠨ ᠲᠤᠷᠰᠢ ᠪᠠᠶᠢᠯᠭᠠᠭᠠᠳ ᠠᠷᠴᠢᠵᠤ ᠠᠪᠤᠭᠠᠷᠠᠢ᠃ ᠡᠳᠦᠷ ᠲᠤ 4 ᠠᠴᠠ ᠳᠣᠭᠤᠭᠰᠢ ᠦᠭᠡᠢ ᠲᠤᠰ ᠠᠷᠭ᠎ᠠ ᠪᠠᠨ ᠬᠡᠷᠡᠭᠯᠡᠨ᠎ᠡ᠃     ᠦᠵᠡᠭᠦᠯᠬᠦ ᠨᠥᠯᠥᠭᠡ᠄ ᠳᠠᠪᠤᠰᠤ ᠨᠢ ᠮᠠᠭᠨᠢ ᠶᠢᠨ ᠥᠨᠳᠥᠷ ᠠᠭᠤᠯᠤᠮᠵᠢ ᠲᠠᠢ ᠪᠠᠶᠢᠳᠠᠭ᠃ ᠡᠨᠡ ᠨᠢ ᠠᠷᠠᠰᠤᠨ ᠳᠤ ᠨᠥᠯᠦᠭᠡᠯᠡᠵᠦ ᠦᠷᠪᠢᠰᠦᠯ ᠢ ᠪᠠᠭᠤᠷᠠᠭᠤᠯᠬᠤ ᠳᠤ ᠲᠤᠰᠠᠯᠠᠳᠠᠭ ᠪᠥᠭᠡᠳ ᠡᠪᠡᠳᠦᠯᠲᠡ ᠶᠢ ᠨᠠᠮᠳᠠᠭᠠᠳᠠᠭ ᠠᠵᠡᠢ᠃ ᠨᠥᠭᠦᠭᠡ ᠲᠠᠯ᠎ᠠ ᠠᠴᠠ ᠥᠨᠳᠡᠭᠡᠨ ᠤ ᠰᠢᠷ᠎ᠠ ᠨᠢ ᠪᠢᠳᠡᠨ ᠤ ᠠᠷᠠᠰᠤ ᠶᠢ ᠡᠷᠦᠳᠡᠰᠦ ᠪᠣᠳᠠᠰ ᠤᠨ ᠠᠭᠤᠯᠤᠮᠵᠢ ᠪᠠᠷ ᠲᠡᠳᠬᠦᠵᠦ ᠡᠳ᠋ ᠡᠰ᠂ ᠰᠢᠷᠪᠦᠰᠦ᠂ ᠶᠠᠰᠤ ᠶᠢ ᠪᠠᠬᠢᠵᠢᠭᠦᠯᠳᠡᠭ ᠪᠠᠶᠢᠨ᠎ᠠ᠃  
 
ᠢᠷᠡᠯᠲᠡ᠄ ᠠᠯᠠᠱᠨ ᠵᠡᠬᠦᠨ ᠬᠤᠰᠢᠭᠤᠨ ᠤ ᠠᠷᠠᠳ ᠤᠨ ᠵᠠᠰᠠᠭ ᠤᠨ ᠤᠷᠲᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号