ᠬᠦᠳᠠᠯᠮᠤᠷᠢ ᠵᠢᠳᠬᠦᠯ ᠠᠴᠠ ᠴᠠᠬᠢᠯᠤᠬᠰᠠᠠ ᠵᠠᠯᠠᠭᠤ ᠨᠠᠰᠤᠠ ᠤ ᠬᠢᠯᠪᠠᠭ᠎ᠠ
ᠨᠡᠶᠢᠲᠡᠯᠡᠭᠰᠡᠨ ᠴᠠᠭ᠄
2021/8/19
   ︽ᠪᠠᠶᠢᠭᠠᠯᠢᠯᠢᠭ ᠮᠤᠩᠭᠤᠯ ᠬᠤᠭᠤᠯᠡᠡ︾ ᠭᠡᠷ ᠨᠢ ᠪᠠᠶᠠᠨᠬᠤᠳᠡ ᠳᠤ ᠪᠠᠶᠢᠷᠢᠯᠠᠵᠤ ᠦᠨᠳᠦᠰᠦᠳᠡᠨ ᠤ ᠤᠨᠴᠠᠯᠢᠭ ᠪᠦᠬᠦᠢ ᠦᠪᠡᠷ ᠤᠨ ᠬᠡᠪ ᠨᠠᠮᠪᠡ ᠲᠠᠢ ᠮᠤᠩᠭᠤᠯ ᠢᠳᠡᠭᠡᠨ ᠢᠶᠠᠷ ᠢᠶᠠᠨ ᠨᠤᠳᠤᠭ ᠤᠨ ᠤᠯᠡᠨ ᠤ ᠪᠠᠨ ᠲᠠᠭᠠᠰᠢᠶᠠᠯ ᠢ ᠬᠦᠷᠳᠡᠵᠦ᠂ ᠵᠣᠭᠤᠭ ᠤᠨ ᠴᠠᠭ ᠢᠶᠠᠷ ᠪᠤᠯ ᠵᠤᠴᠢᠨ ᠲᠠᠰᠤᠷᠠᠳᠠᠭ ᠦᠭᠡᠢ ᠭᠠᠵᠠᠷ᠃ ᠦᠢᠯᠡᠴᠢᠯᠡᠭᠴᠢ ᠨᠠᠷ ᠬᠤᠭᠤᠯᠠ ᠵᠠᠭᠤᠰᠢ ᠵᠥᠭᠡᠭᠡᠨ ᠬᠤᠭᠤᠷᠣᠨᠳᠣ ᠪᠠᠨ ᠦᠭᠡ ᠬᠡᠯᠡᠯᠴᠡᠬᠦ ᠵᠠᠪ ᠦᠭᠡᠢ ᠵᠣᠷᠴᠢᠨ᠎ᠠ᠃ ᠲᠡᠳᠡᠨ ᠤ ᠳᠣᠲᠣᠷ᠎ᠠ ᠨᠢᠭᠡᠨ ᠬᠤᠷᠢ ᠡᠷᠭᠢᠮ᠎ᠡ ᠨᠠᠰᠤᠨ ᠤ ᠵᠠᠯᠠᠭᠤ ᠨᠢᠭᠤᠷ ᠲᠠᠭᠠᠨ ᠢᠨᠢᠶᠡᠳᠦ ᠲᠣᠳᠣᠷᠠᠭᠤᠯᠤᠨ ᠠᠰᠠᠷ ᠤᠨ ᠱᠠᠳᠦ ᠪᠠᠷ ᠥᠭᠡᠳᠡ ᠤᠷᠤᠭᠤ ᠥᠭᠰᠥᠬᠦ ᠨᠢ ᠬᠥᠳᠡᠯᠮᠦᠷᠢ ᠶᠢᠨ ᠵᠤᠭ᠎ᠠ ᠶᠢ ᠬᠥᠮᠦᠰ ᠲᠤ ᠬᠠᠷᠠᠭᠤᠯᠬᠤ ᠰᠢᠤᠬᠠᠨ᠃ ᠡᠨᠡ ᠬᠦᠦ ᠶᠢ ᠪᠠᠶᠢᠭᠠᠯᠢ ᠭᠡᠳᠡᠭ᠃     ᠪᠠᠶᠢᠭᠠᠯᠢ ᠪᠤᠯ ᠠᠯᠠᠱᠠ ᠪᠠᠷᠠᠭᠤᠨ ᠬᠤᠰᠢᠭᠤᠨ ᠤ ᠠᠯᠳᠠᠨᠴᠤᠭ ᠰᠤᠮᠤᠨ ᠤ ᠤᠤᠭᠠᠯ᠃ ᠰᠢᠨᠵᠢᠶᠠᠩ ᠶᠡᠭᠡ ᠰᠤᠷᠭᠠᠭᠤᠯᠢ ᠶᠢᠨ ᠬᠢᠲᠠᠳ ᠬᠡᠯᠡ ᠤᠳᠬ᠎ᠠ ᠵᠣᠬᠢᠶᠠᠯ ᠤᠨ ᠰᠠᠯᠪᠦᠷᠢ ᠶᠢᠨ ᠲᠦᠷᠪᠡᠳᠦᠭᠡᠷ ᠤᠨ ᠤ ᠤᠶᠤᠳᠡᠨ ᠪᠤᠯᠤᠨ᠎ᠠ ᠃ ᠵᠤᠨ ᠤ ᠠᠮᠠᠷᠠᠯᠳᠡ ᠶᠢᠨ ᠴᠢᠯᠤᠭᠡ ᠪᠠᠨ ᠠᠰᠢᠬᠯᠡᠨ ᠲᠡᠷᠡ ᠮᠠᠨᠢ ᠠᠵᠢᠯ ᠬᠢᠵᠦ ᠶᠠᠪᠤᠭ᠎ᠠ ᠨᠢ ᠡᠨᠡ ᠪᠢᠯᠡ᠃ ᠲᠡᠷᠡᠪᠡᠷ ᠠᠩᠬ᠎ᠠ ᠲᠤᠮᠳᠠᠳᠦ ᠠᠴᠠ ᠡᠬᠢᠯᠡᠨ ᠴᠢᠯᠥᠭᠡᠨ ᠤ ᠠᠮᠠᠷᠠᠯᠲᠠ ᠪᠠᠨ ᠠᠰᠢᠬᠯᠡᠨ ᠠᠵᠢᠯ ᠬᠢᠵᠦ ᠦᠪᠡᠷ ᠤᠨ ᠪᠡᠶ᠎ᠠ ᠪᠠᠨ ᠲᠡᠪᠳᠡᠨ ᠪᠤᠯᠪᠠᠰᠤᠷᠠᠭᠤᠯᠵᠦ ᠵᠤᠭᠤᠰ ᠮᠦᠡᠭᠭᠦ ᠣᠯᠣᠭᠰᠠᠭᠠᠷ ᠡᠳᠦᠭᠡ ᠳᠤ ᠬᠦᠷᠴᠡᠢ᠃ ᠬᠦᠳᠡᠭᠡ ᠶᠢᠨ ᠬᠡᠥᠭᠡᠳ ᠶᠡᠷᠤᠨᠢ ᠠᠵᠢᠯ ᠳᠤ ᠡᠷᠲᠡ ᠣᠷᠣᠳᠠᠭ ᠭᠡᠳᠡᠭ ᠣᠷᠣ ᠲᠠᠢ ᠦᠭᠡ ᠳ᠋ᠠ᠃ ᠬᠠᠷ᠎ᠠ ᠪᠠᠭ᠎ᠠ ᠠᠴᠠ ᠪᠠᠨ ᠲᠡᠷᠡ ᠮᠠᠨᠢ ᠡᠪᠦᠭᠡ ᠶᠢᠨ ᠢᠶᠠᠨ ᠬᠠᠵᠠᠭᠤ ᠳᠤ ᠥᠰᠴᠦ ᠤᠰᠤ ᠲᠦᠯᠡᠭᠡ ᠣᠶᠢᠷᠠᠲᠤᠭᠤᠯᠬᠤ ᠠᠴᠠ ᠡᠬᠢᠯᠡᠭᠡᠳ ᠬᠠᠰᠢᠶ᠎ᠠ ᠬᠤᠷᠤᠭ᠎ᠠ ᠴᠡᠪᠡᠷᠯᠡᠬᠦ ᠭᠡᠬᠦᠴᠢᠯᠡᠨ ᠭᠡᠷ ᠵᠠᠭᠤᠷ᠎ᠠ ᠶᠢᠨ ᠠᠷᠰᠠᠷ ᠠᠵᠢᠯ ᠢ ᠪᠦᠷ ᠪᠡᠶ᠎ᠡ ᠪᠠᠨ ᠳᠠᠭᠠᠭᠠᠵᠤ ᠬᠢᠴᠢᠬᠡᠳᠡᠭ ᠪᠠᠶᠢᠵᠠᠢ᠃ ︽ᠮᠢᠨᠦ ᠠᠪᠤ ᠪᠠᠭᠰᠢ ᠪᠤᠯᠬᠤᠷ ᠪᠢᠳᠡᠨ ᠢ ᠬᠠᠲᠠᠭᠤ ᠰᠤᠷᠭᠠᠳᠠᠭ᠂ ᠠᠮᠠᠷᠠᠯᠳᠡ ᠪᠤᠯᠤᠭᠰᠠᠭᠠᠷ ᠨᠠᠮ᠎ᠠ ᠶᠢ ᠡᠪᠦᠭᠡ ᠶᠢᠨ ᠭᠡᠷ ᠲᠤ ᠡᠰᠡᠬᠦᠯ᠎ᠠ ᠨᠠᠭᠠᠴᠦ ᠶᠢᠨ ᠳᠤ ᠬᠦᠷᠭᠡᠵᠦ ᠠᠵᠢᠯ ᠬᠢᠯᠭᠡᠳᠡᠭ᠃ ᠮᠢᠨᠦ ᠬᠤᠪᠢ ᠳᠤ ᠮᠠᠯᠴᠢᠨ ᠬᠦᠮᠦᠨ ᠤ ᠠᠵᠢᠯ ᠯᠡ ᠬᠦᠳᠡᠯᠮᠦᠷᠢ ᠰᠢᠭ ᠪᠣᠳᠣᠭᠳᠠᠳᠠᠭ᠃ ᠪᠣᠲᠣᠭᠤ ᠭᠤᠩᠭᠢᠨᠠᠵᠤ ᠢᠰᠢᠭᠡ ᠬᠤᠷᠠᠭ᠎ᠠ ᠮᠠᠶᠢᠯᠠᠯᠳᠤᠭᠰᠠᠨ ᠪᠠᠭ᠎ᠠ ᠶᠢᠨ ᠠᠮᠢᠳᠤᠷᠠᠯ ᠢᠶᠠᠨ ᠮᠠᠰᠢ ᠳᠤᠷᠠᠰᠳᠠᠭ᠂ ᠲᠡᠭᠦᠨ ᠤ ᠳᠤᠮᠳᠠ ᠠᠴᠠ ᠪᠢ ᠬᠥᠳᠡᠯᠮᠦᠷᠢ ᠶᠢᠨ ᠬᠠᠪᠤ ᠴᠡᠩᠭᠡᠯ ᠢ ᠮᠡᠳᠡᠷᠡᠭᠰᠡᠨ ᠶᠤᠮ︾ ᠭᠡᠵᠦ ᠪᠠᠶᠢᠭᠠᠯᠢ ᠪᠠᠭ᠎ᠠ ᠨᠠᠰᠤ ᠪᠠᠨ ᠡᠷᠭᠢᠴᠡᠭᠦᠯᠦᠨ ᠶᠠᠷᠢᠯ᠎ᠠ᠃     ᠠᠩᠬ᠎ᠠ ᠬᠤᠶᠡᠳᠦᠭᠠᠷ ᠤᠨ ᠤ ᠵᠤᠨ ᠤ ᠠᠮᠠᠷᠡᠯᠳᠡ ᠳᠤ ᠲᠡᠷᠡ ᠮᠠᠨᠢ ᠬᠠᠮᠤᠭ ᠤᠨ ᠠᠩᠬ᠎ᠠ ᠤᠳᠠᠭ᠎ᠠ ᠠᠵᠢᠯ ᠬᠢᠵᠦ ᠵᠤᠭᠤᠰ ᠣᠯᠵᠠᠢ᠃ ᠥᠪᠡᠷ ᠤᠨ ᠲᠣᠭᠤᠭᠰᠠᠨ ᠭᠠᠷ ᠤᠲᠠᠰᠤ ᠪᠠᠨ ᠥᠪᠡᠷ ᠢᠶᠠᠨ ᠮᠥᠩᠭᠦ ᠵᠣᠭᠤᠰ ᠣᠯᠵᠤ ᠠᠪᠤᠨ᠎ᠠ ᠭᠡᠵᠦ ᠰᠢᠢᠳᠦᠭᠰᠡᠨ ᠤ ᠬᠢ᠃ ᠲᠤᠬᠠᠢ ᠶᠢᠨ ᠦᠶ᠎ᠡ ᠳᠤ ᠲᠡᠷᠭᠡ ᠤᠬᠢᠶᠠᠬᠤ ᠭᠠᠵᠡᠷ ᠠᠮᠠᠷᠡᠯᠳᠡ ᠶᠢᠨ ᠦᠢᠯᠡᠴᠢᠯᠡᠭᠡᠨ ᠤ ᠬᠦᠮᠦᠡ ᠬᠥᠯᠥᠰᠥᠯᠡᠵᠦ ᠪᠠᠶᠢᠬᠤ ᠲᠠᠢ ᠲᠠᠭᠠᠷᠠᠵᠤ ᠦᠪᠡᠷ ᠤᠨ ᠠᠩᠬᠠᠨ ᠤ ᠠᠵᠢᠯ ᠢᠶᠠᠨ ᠡᠬᠢᠯᠡᠭᠦᠯᠦᠭᠰᠡᠡ ᠪᠠᠶᠢᠨ᠎ᠠ᠃ ᠵᠢᠷᠭᠤᠭᠠᠨ ᠰᠠᠷ᠎ᠠ ᠭᠡᠭᠴᠢ ᠵᠣᠨ ᠤ ᠨᠠᠷᠠᠨ ᠵᠤᠯᠠᠢ ᠳᠡᠭᠡᠷ᠎ᠡ ᠠᠴᠠ ᠲᠥᠭᠡᠨᠡᠵᠦ ᠬᠥᠯᠥᠰᠦ ᠤᠰᠤ ᠰᠢᠭ᠋ ᠤᠷᠤᠰᠬᠤ ᠨᠢ ᠬᠡᠴᠡᠭᠦᠦ᠃ ᠲᠡᠷᠭᠡ ᠤᠬᠢᠶᠠᠨ᠎ᠠ ᠭᠡᠭᠴᠢ ᠠᠷᠴᠢᠵᠦ ᠵᠦᠯᠭᠦᠨ᠎ᠡ᠂ ᠲᠡᠷᠭᠡ ᠤᠬᠢᠶᠠᠨ᠎ᠠ ᠁ ᠨᠢᠭᠡ ᠯᠠ ᠠᠶᠢᠵᠠᠮ ᠢᠶᠠᠷ ᠪᠦᠲᠦᠨ ᠡᠳᠦᠷ ᠢᠶᠠᠷ ᠬᠥᠳᠡᠯᠦᠨ᠎ᠡ ᠭᠡᠳᠡᠭ ᠨᠢ ᠠᠷᠪᠡᠨ ᠬᠡᠳᠦᠲᠡᠢ ᠬᠡᠥᠬᠡᠳ ᠲᠤ ᠠᠪᠴᠤ ᠬᠡᠯᠡᠪᠡᠯ ᠰᠢᠨᠳᠠᠰᠦ ᠰᠢᠯᠭᠠᠵᠦ ᠪᠠᠶᠢᠭ᠎ᠠ ᠬᠡᠷᠡᠭ ᠶᠤᠮᠰᠠᠨ᠃ ᠬᠠᠮᠳᠦ ᠨᠠᠶᠢᠵᠡ ᠲᠠᠢ ᠪᠠᠨ ᠬᠤᠶᠠᠭᠤᠯᠠ ᠡᠨᠡ ᠠᠵᠢᠯ ᠢ ᠡᠬᠢᠯᠡᠭᠦᠯᠦᠭᠰᠡᠨ ᠪᠣᠯᠪᠠᠴᠤ ᠠᠵᠢᠯ ᠲᠡᠩᠳᠡᠭᠦᠦ ᠶᠠᠳᠠᠷᠠᠯᠳᠠᠢ ᠭᠡᠳ ᠨᠠᠶᠢᠵᠠ ᠨᠢ ᠬᠤᠶᠠᠷᠬᠠᠨ ᠡᠳᠦᠷ ᠪᠣᠯᠣᠭᠠᠳ ᠬᠢᠬᠦ ᠪᠠᠨ ᠪᠤᠯᠢᠵᠦ᠂ ᠲᠡᠷᠡ ᠮᠠᠨᠢ ᠬᠠᠷᠢᠨ ︽ᠠᠵᠢᠯ ᠬᠢᠪᠡᠯ ᠳᠠᠭᠤᠰᠲᠠᠯ᠎ᠠ ᠳᠠᠪᠤᠰᠤ ᠬᠢᠪᠡᠯ ᠠᠭᠤᠰᠲᠠᠯ᠎ᠠ︾ ᠭᠡᠳᠡᠭ ᠢᠶᠠᠷ ᠦᠬᠦᠨ ᠪᠠᠷᠢᠮᠲᠠᠯᠠᠵᠤ ᠰᠠᠷ᠎ᠠ ᠶᠢᠨ ᠬᠤᠭᠤᠴᠠᠭ᠎ᠠ ᠪᠠᠨ ᠠᠮᠵᠢᠯᠳᠡ ᠲᠠᠢ ᠲᠠᠭᠤᠰᠬᠠᠭᠠᠳ ᠬᠠᠮᠤᠭ ᠠᠩᠬᠠᠨ ᠤ ᠴᠠᠯᠢᠩ 3000 ᠲᠦᠭᠦᠷᠢᠭ ᠤᠯᠤᠭᠰᠠᠠ ᠠᠵᠢ᠃ ᠡᠨᠡ ᠪᠣᠯ ᠵᠤᠷᠢᠭᠵᠢᠭᠤᠯᠤᠯ ᠪᠤᠯᠠᠢ᠃ ᠲᠡᠭᠦᠨ ᠤ ᠬᠤᠵᠢᠮ ᠤᠨ ︽ᠠᠵᠢᠯ︾ ᠳᠤ ᠢᠲᠡᠭᠡᠯ ᠵᠣᠷᠢᠭ ᠬᠠᠶᠢᠷᠠᠯᠠᠭᠰᠠᠨ ᠨᠢ ᠮᠡᠳᠡᠭᠡᠵᠢ᠃ ᠲᠡᠷᠡᠪᠡᠷ ᠠᠩᠬᠠᠨ ᠤ ᠴᠠᠯᠢᠩ ᠢᠶᠠᠷ ᠢᠶᠠᠨ ᠠᠪᠦ ᠡᠵᠢ ᠲᠡᠭᠦᠦ ᠳᠡᠭᠡᠨ ᠭᠠᠷ ᠤᠨ ᠪᠡᠯᠡᠭ ᠲᠠᠢ ᠠᠷᠤ ᠭᠡᠷ ᠲᠡᠭᠡᠨ ᠬᠠᠷᠢᠭᠰᠠᠨ ᠢᠶᠠᠷ ᠪᠠᠷᠠᠬᠤ ᠦᠭᠡᠢ ᠦᠪᠡᠷ ᠤᠨ ᠤᠳᠠᠭᠠᠨ ᠬᠤᠨᠤᠭ ᠡᠷᠡᠮᠡᠯᠵᠡᠭᠰᠡᠡ ᠭᠠᠷ ᠤᠳᠠᠰᠦ ᠪᠠᠨ ᠴᠤ ᠠᠪᠤᠭᠰᠠᠠ ᠪᠠᠶᠢᠨ᠎ᠠ᠃      ᠶᠡᠷᠤᠨᠢ ᠠᠩᠬ᠎ᠠ ᠲᠤᠮᠳᠠᠳᠦ ᠠᠴᠠ ᠪᠠᠨ ᠡᠬᠢᠯᠡᠨ ᠴᠢᠯᠥᠭᠡᠨ ᠤ ᠠᠮᠠᠷᠠᠯᠲᠠ ᠪᠠᠷ ᠬᠦᠯᠦᠰᠦᠨ ᠠᠵᠢᠯ ᠬᠢᠵᠦ ᠭᠠᠷ ᠵᠠᠷᠤᠯᠭ᠎ᠠ ᠪᠠᠨ ᠤᠯᠤᠭᠰᠠᠭᠠᠷ ᠢᠷᠡᠭᠰᠡᠡ ᠲᠡᠭᠦᠨ ᠤ ᠲᠤᠭᠤᠯᠵᠤ ᠥᠩᠭᠡᠷᠡᠭᠦᠯᠦᠭᠰᠡᠨ ᠠᠮᠢᠳᠤᠷᠠᠯ ᠤᠨ ᠤᠯᠠ ᠮᠥᠷ ᠴᠡᠭᠡᠵᠢᠨ ᠳᠤᠨᠢ ᠬᠠᠳᠠᠩᠰᠢᠵᠠᠢ᠃ ᠲᠡᠷᠡ ᠪᠣᠯ ᠳᠠᠷᠤᠢ ᠮᠠᠷᠲᠠᠭᠳᠠᠰᠢ ᠦᠭᠡᠢ ᠡᠷᠭᠢᠴᠡᠭᠦᠯᠦᠯ ᠮᠥᠨ᠃ ᠨᠢᠭᠡᠨ ᠡᠪᠦᠯ ᠤᠨ ᠠᠮᠠᠷᠡᠯᠳᠡ ᠪᠠᠶᠢᠵᠤ ᠪᠢᠯᠡ᠃ ᠪᠠᠶᠢᠭᠠᠯᠢ ᠠᠶᠢᠯ ᠤᠨ ᠢᠩᠭᠡ ᠰᠠᠭᠠᠬᠤ ᠠᠵᠢᠯ ᠣᠯᠵᠠᠢ᠃ ᠴᠢᠮᠥᠭᠡ ᠵᠢᠩᠭᠢᠨᠡᠭᠦᠯᠦᠮ᠎ᠡ ᠡᠪᠦᠯ ᠤᠨ ᠬᠦᠢᠲᠡᠨ ᠰᠠᠯᠬᠢ ᠬᠠᠴᠠᠷ ᠨᠢᠭᠤᠷ ᠢ ᠬᠠᠶᠢᠷ᠎ᠠ ᠨᠠᠶᠢᠷ ᠦᠭᠡᠢ ᠰᠢᠯᠪᠢᠭᠦᠷᠳᠡᠬᠦ ᠭᠡᠭᠴᠢ ᠭᠡᠴᠡᠬᠦᠦ᠃ ᠢᠩᠭᠡ ᠪᠠᠨ ᠰᠠᠭᠠᠭᠠᠳ ᠭᠡᠷ ᠲᠤ ᠣᠷᠣᠬᠤ ᠳᠤ ᠭᠠᠷ ᠤᠨ ᠬᠤᠷᠤᠭᠤ ᠪᠦᠷ ᠮᠡᠳᠡᠭᠡ ᠠᠯᠳᠠᠴᠢᠬᠠᠳᠠᠭ ᠪᠠᠶᠢᠨ᠎ᠠ᠃ ᠲᠡᠭᠡᠭᠰᠡᠨ ᠴᠤ ᠬᠥᠯᠥᠰᠦ ᠣᠯᠭᠤᠮᠵᠢ ᠥᠨᠳᠥᠷ ᠠᠵᠢᠯ ᠬᠠᠮᠢᠭ᠎ᠠ ᠠᠴᠠ ᠲᠡᠶᠢᠮᠦ ᠬᠢᠯᠪᠠᠷ ᠪᠠᠶᠢᠬᠤ ᠪᠢᠯᠡ︖ ᠬᠡᠮᠡᠨ ᠰᠢᠳᠦ ᠵᠠᠭᠤᠨ ᠲᠡᠰᠪᠦᠷᠢᠯᠡᠵᠦ ᠬᠠᠮᠤᠭ ᠤᠨ ᠡᠴᠦᠰ ᠲᠤ ᠨᠠᠢᠮᠡᠨ ᠮᠢᠩᠭᠠᠨ ᠲᠦᠭᠦᠷᠢᠭ ᠢᠶᠠᠨ ᠡᠪᠦᠷᠯᠡᠭᠡᠳ ᠰᠤᠷᠭᠠᠭᠤᠯᠢ ᠳᠠᠭᠠᠨ ᠪᠤᠴᠠᠵᠠᠢ᠃ ᠣᠳᠣ ᠶᠢᠨ ᠲᠡᠭᠦᠨ ᠤ ᠬᠡᠷᠡᠭᠯᠡᠵᠦ ᠪᠠᠶᠢᠭ᠎ᠠ ᠺᠣᠮᠫᠢᠦ᠋ᠲ᠋ᠧᠷ ᠪᠣᠯ ᠶᠠᠭ ᠲᠡᠷᠡ ᠦᠶ᠎ᠡ ᠳᠤ ᠵᠣᠪᠠᠵᠤ ᠵᠦᠳᠡᠵᠦ ᠪᠠᠶᠢᠵᠤ ᠣᠯᠣᠭᠰᠠᠨ ᠵᠣᠭᠤᠰ ᠢᠶᠠᠷ ᠢᠶᠠᠨ ᠬᠤᠳᠠᠯᠳᠤᠨ ᠠᠪᠤᠭᠰᠠᠨ ᠡᠳ᠋ ᠪᠣᠯᠣᠨ᠎ᠠ᠃ ᠪᠠᠶᠢᠭᠠᠯᠢ ᠮᠠᠨᠢ᠄ ︽ᠠᠩᠬ᠎ᠠ ᠲᠤᠮᠳᠠᠳᠦ ᠠᠴᠠ ᠡᠬᠢᠯᠡᠨ ᠠᠮᠠᠷᠠᠯᠳᠡ ᠪᠠᠷ ᠡᠶᠢᠰᠢ ᠲᠡᠶᠢᠰᠢ ᠠᠵᠢᠯ ᠬᠢᠵᠦ ᠶᠠᠪᠤᠭᠰᠠᠨ᠂ ᠤᠳᠦ ᠪᠤᠯᠳᠡᠯ᠎ᠠ ᠴᠤᠬᠤᠮ ᠬᠡᠳᠦᠢ ᠮᠦᠡᠭᠭᠦ ᠤᠯᠤᠭᠰᠠᠠ ᠢᠶᠠᠨ ᠲᠤᠳᠦᠷᠬᠠᠢ ᠪᠤᠳᠦᠵᠦ ᠥᠩᠭᠡᠷᠡᠭᠡ ᠦᠭᠡᠢ ᠴᠦ ᠶᠡᠭᠡ ᠰᠤᠷᠭᠠᠭᠤᠯᠢ ᠶᠢᠨ ᠬᠤᠶᠡᠷ ᠵᠢᠯ ᠤᠨ ᠰᠤᠷᠤᠯᠭ᠎ᠠ ᠶᠢᠨ ᠰᠦᠢᠳᠭᠡᠯ ᠢᠶᠠᠨ ᠤᠯᠵᠦ᠂ ᠭᠠᠷ ᠤᠳᠠᠰᠦ ᠪᠤᠯᠤᠨ ᠺᠣᠮᠫᠢᠦ᠋ᠲ᠋ᠧᠷ ᠢᠶᠠᠨ ᠠᠪᠤᠭᠰᠠᠨ ᠶᠤᠮ᠃ ᠤᠯᠡᠨ ᠲᠦᠷᠤᠯ ᠤᠨ ᠠᠵᠢᠯ ᠢ ᠬᠢᠵᠦ ᠲᠤᠷᠰᠢᠯᠭ᠎ᠠ ᠬᠤᠷᠠᠮᠳᠤᠭᠤᠯᠤᠭᠰᠠᠨ ᠠᠴᠠ ᠤᠳᠦ ᠶᠠᠮᠠᠷ ᠠᠵᠢᠯ ᠢ ᠬᠢᠭᠰᠡᠡ ᠴᠦ ᠭᠠᠷᠰᠢᠬᠤ ᠳᠤ ᠲᠦᠢᠯ ᠤᠨ ᠬᠤᠷᠳᠦᠨ ᠪᠠᠶᠢᠳᠠᠭ᠃ ᠠᠮᠠᠷᠠᠯᠳᠡ ᠪᠠᠨ ᠠᠰᠢᠬᠯᠡᠨ ᠬᠦᠯᠦᠰᠦᠨ ᠠᠵᠢᠯ ᠬᠢᠵᠦ ᠵᠤᠭᠤᠰ ᠮᠦᠡᠭᠭᠦ ᠣᠯᠣᠭᠰᠠᠨ ᠠᠴᠠ ᠭᠠᠳᠡᠨ᠎ᠠ ᠮᠢᠨᠦ ᠣᠯᠣᠭᠰᠠᠨ ᠨᠠᠨᠳᠢᠨ ᠵᠦᠢᠯ ᠪᠣᠯ ᠳᠠᠷᠤᠢ ᠠᠮᠢᠳᠦᠷᠡᠯ ᠤᠨ ᠪᠠᠶᠠᠯᠢᠭ ᠲᠤᠷᠰᠢᠯᠭ᠎ᠠ ᠪᠣᠯᠣᠨ᠎ᠠ᠃ ᠡᠨᠡ ᠨᠢ ᠮᠢᠨᠦ ᠬᠤᠵᠢᠮ ᠤᠨ ᠠᠵᠢᠯ ᠠᠮᠢᠳᠦᠷᠡᠯ ᠳᠤ ᠶᠡᠬᠡᠬᠡᠨ ᠲᠡᠮᠵᠢᠯᠭᠡ ᠪᠤᠯᠬᠤ ᠨᠢ ᠯᠠᠪᠳᠠᠢ︾ ᠭᠡᠵᠦ ᠥᠪᠡᠷ ᠤᠨ ᠪᠣᠳᠣᠯ ᠢᠶᠠᠨ ᠤᠴᠢᠷᠯᠠᠯ᠎ᠠ᠃     ᠬᠦᠳᠡᠯᠮᠦᠷᠢ ᠠᠴᠠ ᠮᠥᠩᠭᠦ ᠵᠣᠭᠤᠰ ᠣᠯᠣᠨ᠎ᠠ᠂ ᠬᠥᠳᠡᠯᠮᠦᠷᠢ ᠠᠴᠠ ᠪᠠᠶᠠᠯᠢᠭ ᠲᠤᠷᠰᠢᠯᠭ᠎ᠠ ᠬᠤᠷᠠᠮᠳᠤᠨ᠎ᠠ᠂ ᠬᠥᠳᠡᠯᠮᠦᠷᠢ ᠠᠴᠠ ᠬᠠᠪᠤ ᠴᠡᠩᠭᠡᠯ ᠬᠦᠷᠲᠡᠨ᠎ᠡ᠃ ᠲᠡᠷᠡ ᠪᠣᠯ ᠳᠠᠷᠤᠢ ᠥᠷᠥᠭᠡᠯ ᠢ ᠲᠤᠰᠠᠯᠠᠬᠤ ᠶᠠᠪᠤᠳᠠᠯ ᠮᠥᠨ᠃ ᠪᠠᠶᠢᠭᠠᠯᠢ ᠲᠡᠭᠦᠨ ᠢ ᠣᠶᠢᠯᠠᠭᠠᠭᠰᠠᠨ᠃ ᠦᠨᠳᠦᠷ ᠭᠤᠷᠪᠡ ᠪᠠᠨ ᠲᠡᠭᠦᠰᠦᠭᠡᠳ ᠶᠠᠮᠡᠷ ᠨᠢᠭᠡᠨ ᠠᠵᠢᠯ ᠬᠢᠵᠦ ᠵᠢᠭᠠᠬᠠᠨ ᠮᠦᠡᠭᠭᠦ ᠤᠯᠬᠤ ᠶᠤᠮᠰᠠᠨ ᠭᠡᠵᠦ ᠪᠣᠳᠣᠵᠤ ᠰᠠᠭᠤᠲᠠᠯ᠎ᠠ ᠨᠠᠭᠠᠴᠦ ᠠᠴᠠ ᠨᠢ ᠤᠲᠠᠰᠤ ᠢᠷᠡᠵᠦ᠂ ᠰᠡᠭᠡᠷ ᠨᠢᠷᠤᠭᠤᠨ ᠤ ᠮᠥᠭᠡᠷᠰᠦᠨ ᠲᠠᠪᠠᠭ ᠭᠠᠳᠠᠭᠰᠢ ᠲᠦᠷᠢᠬᠦ ᠡᠪᠡᠳᠴᠢᠨ ᠳᠤ ᠨᠡᠷᠪᠡᠭᠳᠡᠭᠰᠡᠨ ᠠᠴᠠ 100 ᠭᠠᠷᠤᠢ ᠮᠦ ᠲᠠᠷᠢᠶ᠎ᠠ ᠪᠠᠨ ᠠᠷᠴᠢᠵᠤ ᠤᠰᠤᠯᠠᠵᠤ ᠴᠢᠳᠠᠬᠤ ᠦᠭᠡᠢ ᠪᠠᠶᠢᠨ᠎ᠠ᠂ ᠳᠡᠮᠵᠢᠭᠡᠳ ᠥᠭᠭᠦᠨ᠎ᠡ ᠤᠤ ᠭᠡᠵᠦ ᠭᠤᠶᠤᠭᠰᠠᠨ ᠳᠤ ᠪᠠᠶᠢᠭᠠᠯᠢ ᠦᠴᠦᠭᠡᠨ ᠴᠦ ᠲᠠᠳᠠᠭᠠᠯᠵᠡᠯ ᠦᠭᠡᠢ ᠬᠦᠷᠤᠭᠡᠳ ᠤᠴᠢᠵᠠᠢ᠃ ᠬᠠᠯᠠᠭᠤᠨ ᠨᠠᠷᠠᠨ ᠤ ᠳᠣᠣᠷ᠎ᠠ ᠲᠠᠷᠢᠶ᠎ᠠ ᠠᠷᠴᠢᠬᠤᠶ᠎ᠠ ᠬᠠᠷ᠎ᠠ ᠬᠥᠯᠥᠰᠦ ᠴᠢᠪ ᠴᠢᠪ ᠲᠤᠰᠤᠯᠮᠤᠢ᠃ ᠲᠠᠷᠢᠶᠡᠨ ᠠᠵᠢᠯ ᠬᠢᠵᠦ ᠦᠡᠭᠭᠡᠷᠡᠭᠡ ᠦᠭᠡᠢ ᠪᠠᠶᠢᠭᠠᠯᠢ ᠳᠤ ᠠᠪᠴᠦ ᠬᠡᠯᠡᠪᠡᠯ ᠡᠨᠡ ᠪᠣᠯ ᠠᠮᠢᠳᠤᠷᠠᠯ ᠤᠨ ᠪᠠᠰᠠ ᠨᠢᠭᠡᠨ ᠴᠤ᠋ ᠰᠢᠨ᠎ᠡ ᠥᠩᠭᠡᠷᠡᠯᠲᠡ ᠮᠥᠨ᠃ ᠲᠠᠷᠢᠶ᠎ᠠ ᠤᠰᠤᠯᠠᠬᠤ ᠡᠭᠡᠯᠵᠢ ᠨᠢ ᠵᠠᠷᠢᠮ ᠳᠠᠭᠠᠨ ᠰᠥᠨᠢ ᠳᠦᠯᠢ ᠪᠠᠷ ᠲᠠᠭᠠᠷᠠᠳᠠᠭ ᠠᠴᠠ ᠰᠥᠨᠢᠵᠢᠨ ᠨᠢᠳᠦ ᠠᠨᠢᠯ ᠦᠭᠡᠢ ᠥᠩᠭᠡᠷᠡᠭᠦᠯᠦᠭᠰᠡᠨ ᠤᠳᠠᠭ᠎ᠠ ᠴᠤ ᠵᠥᠩᠳᠡᠭᠡᠨ᠃ ᠬᠡᠳᠦᠢ ᠵᠦᠳᠡᠷᠡᠯᠲᠡᠢ ᠪᠠᠶᠢᠭᠰᠠᠨ ᠴᠤ ᠨᠠᠭᠠᠴᠤ ᠶᠢᠨ ᠢᠶᠠᠨ ᠬᠠᠶᠢᠷ᠎ᠠ ᠭᠡᠷᠡᠯᠲᠦᠭᠰᠡᠨ ᠴᠢᠷᠠᠢ ᠶᠢ ᠬᠠᠷᠠᠬᠤ ᠪᠦᠷᠢ ᠤᠷᠮ᠎ᠠ ᠰᠡᠷᠭᠦᠭᠡᠳ ᠴᠡᠭᠡᠵᠢᠨ ᠳᠤᠨᠢ ᠵᠢᠷᠭᠠᠯ ᠬᠠᠯᠭᠢᠳᠠᠭ ᠪᠠᠶᠢᠨ᠎ᠠ᠃     ᠡᠨᠡ ᠠᠮᠠᠷᠠᠯᠲᠠ ᠪᠠᠨ ᠠᠰᠢᠭᠯᠠᠨ ᠲᠡᠷᠡ ᠮᠠᠨᠢ ᠮᠥᠨ ᠯᠡ ᠵᠤᠷᠰᠢᠭᠰᠠᠨ ᠶᠣᠰᠣᠭᠠᠷ ᠠᠵᠢᠯ ᠢᠶᠠᠨ ᠬᠢᠵᠦ ᠶᠠᠪᠤᠭ᠎ᠠ ᠨᠢ ᠡᠶᠢᠮᠦ ᠤᠴᠢᠷ ᠲᠠᠢ᠃ ᠠᠮᠲᠠᠲᠤ ᠵᠣᠭᠤᠭ ᠲᠤ ᠴᠠᠳᠤᠭᠰᠠᠨ ᠬᠥᠮᠦᠰ ᠬᠤᠶᠢᠨ᠎ᠠ ᠬᠤᠶᠢᠨ᠎ᠠ ᠠᠴᠠ ᠨᠢᠭᠡ ᠬᠤᠶᠠᠷ ᠢᠶᠠᠷ ᠬᠥᠳᠡᠯᠵᠦ ᠡᠳᠡᠨᠡᠶᠢᠬᠢᠨ ᠤ ᠨᠢᠭᠡ ᠡᠳᠦᠷ ᠤᠨ ᠠᠵᠢᠯ ᠴᠤ ᠢᠩᠭᠢᠭᠡᠳ ᠳᠠᠭᠤᠰᠤᠯ᠎ᠠ᠃ ᠪᠠᠶᠢᠭᠠᠯᠢ ᠠᠶᠠᠭ᠎ᠠ ᠰᠠᠪᠬ᠎ᠠ ᠫᠢᠯᠠ ᠲᠠᠪᠠᠭ ᠡᠨᠡ ᠲᠡᠷᠡ ᠪᠠᠨ ᠳᠢᠭᠯᠢᠭᠰᠡᠨ ᠢᠶᠠᠨ ᠬᠤᠭᠤᠯᠠᠨ ᠭᠡᠷ ᠠᠴᠠ ᠭᠠᠷᠪᠠ᠃     ᠦᠳᠡᠰᠢ ᠶᠢᠨ ᠳ᠋ᠧᠩ ᠤᠨ ᠳᠤᠸᠠᠯᠠᠬᠤ ᠲᠤᠶᠠᠭ᠎ᠠ ᠲᠡᠭᠦᠨ ᠤ ᠪᠡᠶ᠎ᠡ ᠳᠡᠭᠡᠷ᠎ᠡ ᠠᠰᠬᠠᠷᠠᠵᠤ ᠬᠠᠷᠠᠭᠳᠠᠨ᠎ᠠ᠃
 
ᠢᠷᠡᠯᠲᠡ᠄ ᠠᠯᠠᠱᠠ ᠶᠢᠨ ᠡᠳᠦᠷ ᠤᠨ ᠰᠦ᠋‌‍ᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号