ᠬᠦᠮᠠᠯᠢ ᠶᠢᠨ ᠵᠠᠬ᠎ᠠ ᠳᠡᠯᠬᠡᠬᠦᠷ ᠬᠦᠭᠵᠢᠶᠠᠠ ᠲᠠᠢ
ᠨᠡᠶᠢᠲᠡᠯᠡᠭᠰᠡᠨ ᠴᠠᠭ᠄
2021/8/19
    ᠥᠢᠷ᠎ᠠ ᠳᠤ᠂ ᠲᠥᠪ ᠲᠧᠯᠸᠢᠰ ᠤᠨ ᠰᠥᠯᠵᠢᠶᠡᠨ ᠲᠡᠬᠡᠷ᠎ᠡ ᠵᠢᠩ ᠬᠥᠮᠡᠯᠢ ᠶᠢᠨ ᠪᠤᠷᠤᠯᠠᠭᠤᠯᠬᠤ ᠥᠨ᠎ᠡ ᠨᠢ 50 ᠲᠥᠭᠦᠷᠢᠭ ᠲᠤ ᠬᠥᠷᠴᠤ᠂ ︽ᠬᠠᠩᠭᠠᠯᠭ᠎ᠠ ᠨᠢ ᠬᠡᠷᠡᠭᠴᠡᠭᠡ ᠳᠡᠭᠡᠨ ᠬᠥᠷᠭᠦ ᠥᠬᠡᠢ ᠪᠠᠶᠢᠨ᠎ᠠ︾ ᠬᠡᠬᠦ ᠮᠡᠳᠡᠭᠡ ᠨᠢ ᠬᠦᠮᠦᠰ ᠤᠨ ᠠᠩᠬᠠᠷᠤᠯ ᠢ ᠲᠠᠲᠠᠭᠰᠠᠨ ᠪᠠᠶᠢᠨ᠎ᠠ᠃ ᠬᠥᠮᠡᠯᠢ ᠪᠤᠯ ᠮᠠᠨ ᠤ ᠤᠯᠤᠰ ᠤᠨ ᠪᠠᠷᠠᠭᠤᠨ ᠬᠤᠶᠢᠲᠤ ᠤᠷᠤᠨ ᠤ ᠣᠨᠴᠠ ᠭᠠᠷᠤᠯᠲᠠ ᠶᠢᠨ ᠨᠢᠬᠡ ᠶᠤᠮ᠃ ᠪᠥᠬᠦ ᠤᠯᠤᠰ ᠤᠨ ᠡᠯ᠎ᠡ ᠭᠠᠵᠠᠷ ᠤᠨ ᠴᠢᠯᠦᠬᠡᠳᠤ ᠳᠡᠯᠭᠡᠭᠦᠷ ᠲᠤ ᠪᠤᠷᠤᠯᠠᠭᠤᠯᠤᠭᠳᠠᠭᠰᠠᠨ ᠬᠠᠮᠤᠭ ᠥᠨᠳᠤᠷ ᠥᠨ᠎ᠡ ᠨᠢ ᠵᠢᠩ ᠪᠥᠷᠢ ᠳᠡᠭᠡᠨ 50 ᠲᠥᠭᠦᠷᠢᠭ ᠲᠤ ᠬᠥᠷᠴᠠᠢ᠃ ᠰᠥᠯᠵᠢᠶᠡᠨ ᠲᠡᠬᠡᠷ᠎ᠡ ᠬᠡᠳᠦ᠋ᠢᠪᠡᠷ ︽ᠬᠥᠮᠡᠯᠢ ᠶᠢᠨ ᠥᠨ᠎ᠡ ᠨᠢ ᠬᠡᠳᠤ ᠥᠨᠳᠤᠷ ᠪᠠᠶᠢᠨ᠎ᠠ︾ ᠬᠡᠵᠤ ᠶᠠᠷᠢᠯᠴᠠᠵᠤ ᠪᠠᠶᠢᠭ᠎ᠠ ᠪᠤᠯᠪᠠᠴᠤ ᠪᠠᠷᠠᠭᠤᠨ ᠬᠤᠶᠢᠳᠤ ᠤᠷᠤᠨ ᠤ ᠠᠮᠳᠠᠳᠤ ᠢᠳᠡᠬᠡᠨ ᠢ ᠠᠮᠳᠠᠯᠠᠵᠤ ᠥᠵᠡᠭᠦ ᠪᠠᠷ ᠥᠯᠡᠮᠵᠢ ᠤᠯᠠᠨ ᠰᠥᠯᠵᠢᠶᠡᠨ ᠤ ᠨᠠᠶᠢᠵᠠ ᠨᠠᠷ ᠬᠥᠮᠡᠯᠢ ᠶᠢ ᠬᠤᠳᠠᠯᠳᠤᠨ ᠠᠪᠴᠤ ᠪᠠᠶᠢᠭ᠎ᠠ ᠶᠤᠮ᠃     ᠤᠢᠢᠷ᠎ᠠ ᠶᠢᠨ ᠡᠳᠦᠷ᠂ ᠰᠤᠷᠪᠤᠯᠵᠢᠯᠠᠭᠴᠢ ᠲᠤᠬᠠᠢ ᠶᠢᠨ ᠭᠠᠵᠠᠷ ᠤᠨ ᠬᠥᠮᠡᠯᠢ ᠶᠢᠨ ᠠᠷᠠᠯᠵᠢᠶᠠᠴᠢᠨ ᠪᠤᠯᠤᠨ ᠬᠥᠮᠡᠯᠢ ᠲᠠᠷᠢᠵᠤ ᠪᠤᠷᠤᠯᠠᠭᠤᠯᠵᠤ ᠪᠠᠶᠢᠭ᠎ᠠ ᠲᠠᠷᠢᠶᠠᠴᠢᠨ ᠠᠴᠠ ᠡᠨᠡ ᠵᠢᠯ ᠤᠨ ᠤᠷᠤᠨ ᠨᠤᠳᠤᠭ ᠤᠨ ᠬᠥᠮᠡᠯᠢ ᠶᠢᠨ ᠥᠨ᠎ᠡ ᠬᠠᠩᠰᠢ ᠴᠤᠬᠤᠮ ᠶᠠᠮᠠᠷ ᠪᠤᠯᠵᠤ ᠪᠠᠶᠢᠭ᠎ᠠ ᠡᠰᠡᠭᠦ ᠶᠢ ᠤᠢᠢᠯᠠᠭᠠᠵᠠᠢ᠃ ᠶᠡᠷᠥᠩᠬᠡᠢ ᠳᠡᠭᠡᠨ ᠡᠨᠡ ᠵᠢᠯ ᠤᠨ ᠤᠷᠤᠨ ᠨᠤᠳᠤᠭ ᠤᠨ ᠬᠥᠮᠡᠯᠢ ᠶᠢᠨ ᠪᠣᠷᠣᠯᠠᠭᠤᠯᠭ᠎ᠠ ᠶᠢᠨ ᠬᠡᠮᠵᠢᠶ᠎ᠡ ᠥᠩᠭᠡᠷᠡᠭᠰᠡᠨ ᠵᠢᠯ ᠠᠴᠠ ᠬᠠᠷᠢᠴᠠᠩᠭᠤᠢ ᠨᠡᠮᠡᠭᠳᠡᠵᠦ᠂ ᠦᠨ᠎ᠡ ᠬᠠᠩᠰᠢ ᠨᠢ ᠥᠩᠭᠡᠷᠡᠭᠰᠡᠨ ᠵᠢᠯ ᠠᠴᠠ ᠥᠨᠳᠥᠷ ᠪᠣᠯᠵᠠᠶ᠃ ︽ᠡᠨᠡ ᠵᠢᠯ 5 ᠬᠦᠯᠠᠮᠵᠢ ᠳᠤ ᠬᠥᠮᠡᠯᠢ ᠲᠠᠷᠢᠵᠠᠢ᠃ ᠵᠤᠨ ᠤ ᠤᠯᠠᠷᠢᠯ ᠤᠨ ᠬᠦᠯᠠᠮᠵᠢ ᠪᠥᠷᠢ ᠶᠢᠨ ᠬᠥᠮᠡᠯᠢ ᠶᠢᠨ ᠭᠠᠷᠤᠯᠳᠠ 1300 ᠵᠢᠩ ᠤᠷᠴᠢᠮ ᠪᠠᠶᠢᠵᠤ᠂ ᠵᠢᠩ ᠬᠥᠮᠡᠯᠢ ᠶᠢ 4 ᠲᠥᠭᠦᠷᠢᠭ ᠤᠨ ᠥᠨ᠎ᠡ ᠪᠠᠷ ᠪᠥᠬᠡᠮ ᠢᠶᠠᠷ ᠪᠤᠷᠤᠯᠠᠭᠤᠯᠵᠤ ᠪᠤᠢ᠃ ᠡᠪᠤᠯ ᠤᠨ ᠤᠯᠠᠷᠢᠯ ᠤᠨ ᠬᠥᠮᠡᠯᠢ ᠶᠢᠨ ᠥᠨ᠎ᠡ ᠨᠢ ᠵᠤᠨ ᠤ ᠤᠯᠠᠷᠢᠯ ᠠᠴᠠ ᠪᠠᠨ ᠨᠡᠩ ᠥᠨᠳᠤᠷ ᠪᠠᠶᠢᠳᠠᠭ ᠁︾ ᠠᠯᠠᠱᠠ ᠵᠡᠭᠦᠨ ᠬᠤᠰᠢᠭᠤᠨ ᠤ ᠪᠠᠶᠠᠨᠬᠤᠳᠠ ᠪᠠᠯᠭᠠᠰᠤᠨ ᠤ ᠪᠠᠶᠠᠨᠬᠥ᠋ᠳᠡᠭᠡ ᠭᠠᠴᠠᠭᠠᠨ ᠤ ᠲᠠᠷᠢᠶᠠᠴᠢᠨ ᠯᠢ ᠴᠧᠩ ᠠᠨ ᠶᠠᠷᠢᠵᠦ ᠪᠠᠶᠢᠯ᠎ᠠ᠃     ᠬᠥᠮᠡᠯᠢ ᠪᠣᠯ ᠠᠯᠠᠱᠠ ᠨᠤᠳᠤᠭ ᠤᠨ ᠤᠨᠴᠠ ᠭᠠᠷᠤᠯᠳᠠ ᠪᠤᠯᠬᠤ ᠶᠤᠮ᠃ ᠲᠡᠭᠦᠨ ᠢ ᠢᠳᠡᠵᠦ ᠪᠣᠯᠬᠤ ᠪᠥᠭᠡᠳ ᠪᠠᠰᠠ ᠡᠮ ᠤᠨ ᠮᠠᠲ᠋ᠧᠷᠢᠶᠠᠯ ᠳᠤ ᠠᠰᠢᠭᠯᠠᠳᠠᠬ᠃ ᠲᠡᠷᠡᠴᠢᠯᠡᠨ ᠲᠡᠮᠡᠭᠡ ᠮᠠᠯ ᠤᠨ ᠢᠳᠡᠭᠦ ᠲᠤᠷᠠᠳᠠᠢ ᠤᠷᠭᠤᠮᠠᠯ ᠪᠣᠯᠤᠨ᠎ᠠ᠃ ᠲᠠᠷᠨ ᠨᠢ ᠰᠠᠯᠬᠢᠨ ᠳᠤ ᠴᠤᠬᠢᠭᠳᠠᠬᠤ ᠶᠢ ᠳᠠᠭᠠᠭᠠᠬᠤ᠂ ᠭᠠᠩ ᠬᠠᠭᠰᠠᠷᠠᠭᠠᠨ ᠢ ᠳᠠᠭᠠᠭᠠᠬᠤ᠂ ᠰᠢᠮ᠎ᠡ ᠲᠡᠵᠢᠭᠡᠯ ᠤᠨ ᠦᠨ᠎ᠡ ᠦᠷᠳᠡᠭ ᠪᠠ ᠡᠮ ᠤᠨ ᠬᠡᠷᠡᠭᠯᠡᠭᠡᠨ ᠤ ᠦᠨ᠎ᠡ ᠦᠷᠳᠡᠭ ᠥᠨᠳᠥᠷ᠂ ᠠᠮᠢ ᠠᠬᠤᠶ ᠶᠢᠨ ᠦᠨ᠎ᠡ ᠦᠷᠳᠡᠭ ᠪᠠ ᠠᠵᠤ ᠠᠬᠤᠶ ᠶᠢᠨ ᠦᠨ᠎ᠡ ᠦᠷᠳᠡᠭ ᠢ ᠬᠤᠣᠰᠯᠠᠭᠤᠯᠤᠭᠰᠠᠨ ᠨᠢᠭᠡ ᠵᠦᠢᠯ ᠤᠨ ᠡᠯᠡᠰᠦᠨ ᠤ ᠤᠷᠭᠤᠮᠠᠯ ᠪᠣᠯᠤᠨ᠎ᠠ᠃ ︽ᠭᠠᠳᠠᠷ ᠤᠷᠤᠨ ᠤ ᠴᠥᠬᠡᠨ ᠪᠤᠰᠤ ᠬᠡᠷᠡᠭᠯᠡᠭᠴᠢᠳ ᠰᠥᠯᠵᠢᠶᠡᠨ ᠲᠡᠬᠡᠷ᠎ᠡ ᠠᠴᠠ ᠬᠥᠮᠡᠯᠢ ᠬᠤᠳᠠᠯᠳᠤᠨ ᠠᠪᠴᠤ ᠪᠠᠶᠢᠨ᠎ᠠ᠃ ᠤᠷᠤᠨ ᠨᠤᠳᠤᠭ ᠤᠨ ᠬᠡᠷᠡᠭᠯᠡᠭᠴᠢᠳ ᠪᠤᠯ ᠪᠤᠭᠤᠳᠠᠯᠯᠠᠵᠦ ᠰᠠᠪᠠᠯᠠᠭᠰᠠᠨ ᠪᠤᠶᠤ ᠯᠤᠩᠬᠤᠨ ᠳᠤ ᠰᠠᠪᠠᠯᠠᠭᠰᠠᠨ ᠬᠥᠮᠡᠯᠢ ᠶᠢ ᠬᠤᠳᠠᠯᠳᠤᠨ ᠠᠪᠬᠤ ᠲᠤᠷᠠᠳᠠᠢ ᠪᠠᠶᠢᠳᠠᠭ᠃ ᠡᠨᠡ ᠬᠡᠳᠦᠨ ᠵᠢᠯ ᠤᠨ ᠪᠣᠷᠣᠯᠠᠭᠤᠯᠭ᠎ᠠ ᠶᠢᠨ ᠬᠡᠮᠵᠢᠶ᠎ᠡ ᠶᠡᠷᠦᠩᠬᠡᠢ ᠳᠡᠭᠡᠨ ᠵᠦ᠋ᠭᠡᠷ᠃ ᠡᠨᠡ ᠵᠢᠯ ᠨᠠᠶᠢᠳᠠ 15 ᠲᠥᠮᠡᠨ ᠪᠤᠭᠤᠳᠠᠯ ᠬᠥᠮᠡᠯᠢ ᠬᠤᠳᠠᠯᠳᠤᠨ ᠭᠠᠷᠭᠠᠵᠤ᠂ 8 ᠲᠥᠮᠡ ᠭᠠᠷᠤᠢ ᠲᠥᠭᠦᠷᠢᠭ ᠤᠨ ᠤᠷᠤᠯᠭ᠎ᠠ ᠤᠯᠤᠯ᠎ᠠ︾ ᠬᠡᠮᠡᠨ ᠠᠯᠠᠱᠠ ᠵᠡᠭᠦᠨ ᠬᠤᠰᠢᠭᠤᠨ ᠤ ᠬᠥᠮᠡᠯᠢ ᠶᠢᠨ ᠠᠷᠠᠯᠵᠢᠶᠠᠴᠢᠨ ᠯᠢ ᠰᠢᠶᠤᠤ ᠯᠢᠶᠠᠩ ᠤᠯᠵᠠᠷᠬᠠᠨ ᠶᠠᠷᠢᠵᠦ ᠪᠠᠶᠢᠯ᠎ᠠ᠃     ᠠᠯᠠᠱᠠ ᠨᠤᠳᠤᠭ ᠤᠨ ᠬᠥᠮᠡᠯᠢ ᠨᠢ ᠰᠢᠨ᠎ᠡ ᠰᠤᠷᠭᠤᠭ᠂ ᠠᠮᠳᠠ ᠰᠠᠶᠢᠳᠠᠢ᠂ ᠴᠢᠨᠠᠷ ᠰᠠᠶᠢᠳᠠᠢ ᠵᠡᠷᠬᠡ ᠤᠨᠴᠠᠯᠢᠭ ᠢᠶᠠᠷ ᠢᠶᠠᠨ ᠤᠯᠠᠨ ᠳᠤ ᠲᠠᠭᠠᠰᠢᠶᠠᠭᠳᠠᠵᠤ᠂ ᠭᠤᠤᠯᠳᠠᠭᠤ ᠤᠷᠤᠨ ᠨᠤᠳᠤᠭ ᠲᠠᠭᠠᠨ ᠪᠤᠷᠤᠯᠠᠭᠤᠯᠤᠭᠳᠠᠬᠤ ᠪᠤᠶᠤ ᠬᠥᠬᠡᠬᠤᠳᠠ᠂ ᠢᠷᠭᠠᠢ᠂ ᠪᠤᠭᠤᠳᠤ ᠵᠡᠷᠬᠡ ᠭᠠᠵᠠᠷ ᠤᠷᠤᠨ ᠳᠤ ᠪᠤᠷᠤᠯᠠᠭᠤᠯᠤᠭᠳᠠᠬᠤ ᠠᠴᠠ ᠭᠠᠳᠠᠨ᠎ᠠ ᠰᠥᠯᠵᠢᠶ᠎ᠡ ᠪᠠᠷ ᠲᠠᠮᠵᠢᠨ ᠪᠥᠭᠦ ᠤᠯᠤᠰ ᠤᠨ ᠡᠯ᠎ᠡ ᠭᠠᠵᠠᠷ ᠲᠤ ᠪᠤᠷᠤᠯᠠᠭᠤᠯᠤᠭᠳᠠᠵᠤ ᠪᠠᠶᠢᠨ᠎ᠠ᠃ ᠬᠥᠮᠡᠯᠢ ᠬᠡᠳᠦ᠋ᠢᠪᠡᠷ ᠭᠠᠳᠠᠷ ᠤᠷᠤᠨ ᠳᠤ ᠤᠨᠴᠠᠭᠠᠢ ᠥᠨᠳᠤᠷ ᠥᠨ᠎ᠡ ᠪᠠᠷ ᠪᠤᠷᠤᠯᠠᠭᠤᠯᠤᠭᠳᠠᠵᠤ ᠪᠠᠶᠢᠭ᠎ᠠ ᠪᠤᠯᠪᠠᠴᠤ ᠵᠤᠨ ᠤ ᠤᠯᠠᠷᠢᠯ ᠪᠤᠯᠬᠤᠷ ᠲᠡᠭᠦᠨ ᠢ ᠵᠥᠬᠡᠬᠡᠪᠤᠷᠢᠯᠡᠭᠦ᠂ ᠰᠤᠷᠭᠤᠭ ᠢᠶᠠᠷ ᠨᠢ ᠪᠤᠷᠤᠯᠠᠭᠤᠯᠬᠤ ᠵᠡᠷᠬᠡ ᠱᠠᠭᠠᠷᠳᠠᠯᠭ᠎ᠠ ᠠᠴᠠ ᠪᠤᠯᠵᠤ ᠥᠪᠡᠷ ᠤᠨ ᠥᠷᠳᠡᠭ ᠨᠢ ᠦᠰᠴᠤ᠂ ᠬᠥᠮᠡᠯᠢ ᠶᠢᠨ ᠥᠨ᠎ᠡ ᠴᠤ ᠲᠠᠭᠠᠯᠳᠤᠨ ᠥᠰᠳᠡᠭ᠃ ᠤᠷᠤᠨ ᠨᠤᠳᠤᠭ ᠲᠤ ᠠᠪᠴᠤ ᠭᠡᠯᠠᠪᠠᠯ ᠬᠤᠷ᠎ᠠ ᠪᠤᠷᠤᠭᠠᠨ ᠴᠥᠬᠡᠳᠡᠵᠤ᠂ ᠭᠠᠩ ᠬᠠᠭᠰᠠᠷᠠᠭᠠᠨ ᠪᠤᠶᠤ ᠬᠡᠬᠡᠷ᠎ᠡ ᠶᠢᠨ ᠬᠥᠮᠡᠯᠢ ᠬᠤᠪᠤᠷᠳᠠᠬᠤ ᠵᠡᠷᠭᠡ ᠰᠢᠯᠳᠠᠭᠠᠠ ᠠᠴᠠ ᠪᠤᠯᠵᠤ ᠵᠠᠬ᠎ᠠ ᠲᠡᠯᠬᠡᠭᠦᠷ ᠤᠨ ᠬᠥᠮᠡᠯᠢ ᠶᠢᠨ ᠥᠨ᠎ᠡ ᠬᠠᠷᠢᠴᠠᠩᠭᠤᠢ ᠥᠰᠥᠭᠰᠡᠨ ᠪᠠᠶᠢᠨ᠎ᠠ᠃
 
ᠢᠷᠡᠯᠲᠡ᠄ ᠠᠯᠠᠱᠠ ᠶᠢᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号