ᠵᠦᠬᠡᠬᠡᠢ ᠶᠢ ᠵᠦᠪ ᠬᠡᠷᠡᠭᠯᠡᠪᠡᠯ ᠦᠰᠤ ᠤᠨᠠᠬᠤ ᠶᠢ ᠰᠡᠷᠭᠡᠶᠢᠯᠡᠨ᠎ᠡ
ᠨᠡᠶᠢᠲᠡᠯᠡᠭᠰᠡᠨ ᠴᠠᠭ᠄
2021/8/19
     ᠮᠤᠩᠭᠤᠯᠴᠤᠳ ᠪᠢᠲᠠᠨ ᠳᠤ ᠭᠤᠸ᠎ᠠ ᠰᠠᠶᠢᠬᠠᠨ ᠪᠤᠯᠤᠭᠠᠳ ᠡᠷᠡᠭᠦᠯ ᠮᠡᠨᠲᠤ ᠪᠠᠨ ᠬᠠᠮᠠᠭᠠᠯᠠᠬᠤ ᠳᠤ ᠪᠠᠶᠢᠭᠠᠯᠢ ᠡᠬᠡ ᠭᠠᠶᠢᠬᠠᠮᠰᠢᠭ ᠲᠠᠢ ᠤᠯᠠᠨ ᠪᠡᠯᠡᠭ ᠢ ᠪᠡᠯᠡᠳᠬᠡᠵᠤ ᠦᠭᠴᠠᠢ᠃ ᠲᠡᠬᠦᠨ ᠤ ᠲᠤᠲᠤᠷ᠎ᠠ ᠠᠴᠠ ᠬᠠᠮᠤᠭ ᠤᠨ ᠶᠡᠬᠡᠪᠡᠷ ᠰᠠᠶᠢᠰᠢᠶᠠᠬᠤ ᠤᠴᠢᠷ ᠲᠠᠢ ᠨᠢ ᠰᠦ᠂ ᠰᠦᠨ ᠪᠦᠲᠦᠬᠡᠭᠲᠡᠬᠦᠨ ᠬᠡᠵᠤ ᠪᠢ ᠪᠤᠲᠤᠲᠠᠭ᠃ ᠢᠯᠠᠩᠭᠤᠶ᠎ᠠ᠂ ᠭᠤᠤᠯ ᠢ ᠪᠡᠶ᠎ᠠ ᠪᠠᠨ ᠬᠠᠲᠠᠭᠠᠯᠠᠬᠤ ᠵᠤᠷ ᠲᠠᠷᠠᠭ ᠠᠴᠠ ᠡᠬᠢᠯᠠᠯᠲᠠ ᠲᠠᠢ ᠪᠤᠯ ᠨᠠᠮᠢᠷᠠᠭᠰᠠᠨ ᠦᠩᠬᠡᠯᠢᠭ ᠦᠳᠬᠡᠨ ᠰᠦᠨ ᠤ ᠨᠢᠭᠤᠴᠠ ᠨᠢ ᠵᠦᠬᠡᠬᠡᠢ ᠶᠢᠨ ᠵᠦᠪ ᠬᠡᠷᠡᠭᠯᠡᠬᠡᠨ ᠳᠤ ᠪᠠᠶᠢᠲᠠᠭ ᠢ ᠡᠷᠲᠡᠮᠲᠡᠳ ᠬᠡᠲᠦ᠋ᠢᠨᠡᠨ ᠨᠤᠲᠠᠯᠠᠵᠡᠢ᠃ ᠦᠨᠡᠨ ᠳᠡᠭᠡᠨ ᠵᠦᠬᠡᠬᠡᠢ ᠠᠩᠬ᠎ᠠ ᠬᠠᠮᠢᠭ᠎ᠠ ᠠᠴᠠ ᠡᠬᠦᠰᠦᠭᠰᠡᠨ ᠶᠤᠮ ᠪᠤᠯ᠃ ᠤᠯᠠᠨ ᠤᠯᠤᠰ ᠤᠷᠤᠨ ᠳᠤ ᠡᠨᠡ ᠲᠠᠯ᠎ᠠ ᠪᠠᠷ ᠶᠠᠩᠵᠤ ᠪᠦᠷᠢ ᠶᠢᠨ ᠯᠡ ᠦᠯᠢᠬᠡᠷ ᠲᠤᠮᠤᠭ ᠰᠢᠭ᠋ ᠵᠦᠢᠯᠡᠰ ᠪᠤᠢ᠃     ᠦᠨᠡᠨ ᠳᠡᠭᠡᠨ ᠬᠠᠮᠤᠭ ᠤᠨ ᠤᠶᠢᠷ᠎ᠠ ᠨᠢ ᠬᠡᠪᠡᠯ᠂ ᠰᠦ ᠪᠠᠨ ᠬᠦᠬᠡᠷᠦᠬᠦᠯᠦᠬᠡᠳ ᠲᠡᠬᠡᠷ᠎ᠠ ᠨᠢ ᠲᠤᠭᠲᠠᠭᠰᠠᠨ ᠴᠦᠴᠦᠬᠡᠢ ᠶᠢ ᠬᠠᠮᠤᠵᠤ ᠠᠪᠤᠭᠰᠠᠨ ᠢᠶᠠᠷ ᠵᠦᠬᠡᠬᠡᠢ ᠶᠢ ᠬᠦᠮᠦᠰ ᠬᠡᠷᠡᠭᠯᠡᠵᠤ ᠡᠬᠢᠯᠡᠭᠰᠡᠨ ᠬᠡᠲᠡᠭ᠃ ᠬᠦᠮᠦᠰ ᠵᠦᠬᠡᠬᠡᠢ ᠶᠢ ᠢᠩᠬᠢᠵᠤ ᠶᠡᠬᠡᠪᠡᠷ ᠠᠩᠬᠠᠷᠴᠤ᠂ ᠲᠠᠨᠢᠨ ᠮᠡᠲᠡᠬᠦ ᠬᠡᠵᠤ ᠤᠷᠤᠯᠲᠤᠵᠤ ᠪᠤᠢ ᠶᠢᠨ ᠰᠢᠯᠲᠠᠭᠠᠨ ᠨᠢ ᠵᠦᠬᠡᠬᠡᠢ ᠨᠢ ᠦᠪᠡᠷ ᠤᠨ ᠬᠢᠨᠢ ᠰᠢᠨᠵᠢ ᠴᠢᠨᠠᠷ ᠲᠤ ᠪᠠᠶᠢᠲᠠᠭ ᠪᠠᠶᠢᠬᠤ᠃ ᠪᠠᠶᠢᠭᠠᠯᠢ ᠡᠬᠡ ᠡᠨᠡ ᠪᠦᠲᠦᠬᠡᠯ ᠢᠶᠠᠨ ᠢᠯᠴᠢᠯᠢᠭ ᠶᠡᠬᠡᠲᠠᠢ ᠴᠦ ᠰᠡᠷᠢᠬᠦᠨ ᠴᠢᠨᠠᠷᠲᠠᠢ ᠪᠠᠶᠢᠬᠤ ᠪᠠᠷ ᠪᠦᠲᠦᠬᠡᠭᠰᠡᠨ ᠳᠤ ᠬᠠᠮᠤᠭ ᠤᠴᠢᠷ ᠪᠠᠶᠢᠵᠤ ᠮᠡᠲᠡᠬᠦ ᠶᠤᠮ ᠃ ᠢᠯᠴᠢᠯᠢᠭ ᠶᠡᠬᠡᠲᠠᠢ ᠴᠢᠨᠡᠷ ᠢᠶᠠᠷ ᠢᠶᠠᠨ ᠴᠢᠰᠤ ᠪᠠᠭᠠᠲᠠᠯᠲᠠ᠂ ᠨᠦᠢᠷ ᠦᠬᠡᠶᠢᠲᠡᠬᠦ ᠶᠢ ᠡᠮᠨᠡᠲᠡᠭ ᠪᠤᠯ ᠰᠡᠷᠢᠬᠦᠨ ᠴᠢᠨᠡᠷ ᠢᠶᠠᠷ ᠢᠶᠠᠨ ᠵᠢᠷᠦᠬᠡ᠂ ᠠᠭᠤᠰᠬᠢᠨ ᠤ  ︽ᠨᠠᠶᠢᠵᠠ︾  ᠬᠡᠲᠡᠭ ᠶᠤᠮ ᠪᠢᠯᠠ᠃     ᠡᠶᠢᠮᠤ ᠪᠤᠯᠬᠤᠷ ᠴᠦ ᠲᠡᠷᠠ ᠡᠷᠲᠡᠨ ᠤ ᠬᠠᠲᠠᠳ ᠤᠨ ᠭᠤᠸ᠎ᠠ ᠰᠠᠶᠢᠬᠠᠨ ᠤ ᠨᠢᠭᠤᠴᠠ ᠵᠤᠷ ᠲᠤ ᠵᠦᠬᠡᠬᠡᠢ ᠶᠢ ᠪᠠᠭᠲᠠᠭᠠᠭᠰᠠᠨ ᠪᠠᠶᠢᠵᠡᠢ᠃ ᠤᠲᠤ ᠴᠦ ᠦᠪᠡᠷᠲᠡᠬᠡᠨ ᠬᠠᠶᠢᠷᠠᠲᠠᠢ ᠡᠮᠡᠭᠲᠡᠢ ᠪᠦᠷᠢ ᠶᠢᠨ ᠬᠤᠭᠤᠯᠠᠨ ᠤ ᠴᠧᠰᠡᠨ ᠳᠤ ᠡᠨᠡ ᠵᠤᠷ ᠬᠠᠭᠤᠴᠢᠷᠠᠭ᠎ᠠ ᠦᠬᠡᠢ ᠪᠠᠶᠢᠨ᠎ᠠ᠃ ᠡᠲᠤᠷ ᠪᠦᠷᠢ᠂ ᠲᠤᠭᠲᠠᠭᠰᠠᠨ ᠤᠷᠤᠴᠠ᠂ ᠬᠡᠮᠵᠢᠶ᠎ᠡ ᠪᠠᠷ ᠬᠡᠷᠡᠭᠯᠡᠭᠰᠡᠨ ᠢᠶᠠᠷ ᠦᠰᠤ᠂ ᠬᠢᠮᠤᠰᠤᠨ ᠤ ᠤᠨᠠᠯᠲᠠ᠂ ᠬᠤᠭᠤᠷᠠᠯᠲᠠ ᠶᠢ ᠵᠤᠭᠰᠤᠭᠠᠳ ᠪᠠᠷᠠᠬᠤ ᠦᠬᠡᠢ ᠡᠷᠡᠬᠦᠯ ᠮᠡᠨᠲᠤ ᠶᠢᠨ ᠢᠳ᠋ ᠰᠢᠲᠢᠯᠢᠭ ᠢ ᠨᠢ ᠬᠦᠷᠲᠡᠵᠤ ᠴᠢᠲᠠᠬᠤ ᠨᠢ᠃     ᠢᠯᠠᠩᠭᠤᠶ᠎ᠠ᠂ ᠨᠠᠮᠠᠢᠢ ᠬᠡᠤᠬᠡᠨ ᠨᠤᠭᠤᠳ ᠤᠨ ᠲᠤᠮᠲᠠ ᠦᠰᠤ ᠤᠨᠠᠯᠲᠠ ᠶᠢᠨ ᠠᠰᠠᠭᠤᠲᠠᠯ ᠶᠡᠭᠡ ᠪᠠᠶᠢᠲᠠᠭ ᠪᠠᠶᠢᠬᠤ᠃ ᠬᠡᠤᠬᠡᠳ ᠲᠦᠷᠦᠬᠦᠯᠡᠬᠡᠳ ᠤᠲᠠᠭ᠎ᠠ ᠦᠬᠡᠢ ᠪᠠᠶᠢᠬᠤ ᠳᠤ ᠦᠰᠤ ᠤᠨᠠᠬᠤ᠂ ᠬᠢᠮᠤᠰᠤ ᠬᠤᠭᠤᠷᠠᠬᠤ᠂ ᠠᠷᠠᠰᠤ ᠪᠠᠳᠬᠠᠰᠢᠷᠠᠬᠤ ᠬᠡᠳ ᠠᠰᠠᠭᠤᠲᠠᠯ ᠮᠤᠩᠲᠠᠬᠤ ᠦᠬᠡᠢ᠃ ᠶᠠᠭ ᠡᠶᠢᠮᠤ ᠦᠶ᠎ᠠ ᠳᠤ ᠰᠠᠶᠢᠠ ᠴᠢᠨᠠᠷ ᠤᠨ ᠵᠦᠬᠡᠬᠡᠢ ᠶᠢ ᠵᠦᠪ ᠬᠡᠷᠡᠭᠯᠡᠵᠤ ᠴᠢᠲᠠᠪᠠᠯ ᠦᠰᠤ ᠤᠨᠠᠯᠲᠠᠨ ᠳᠤ  ︽ᠪᠠᠶᠠᠷᠲᠠᠢ  ︾ ᠬᠡᠵᠤ ᠬᠡᠯᠡᠬᠦ ᠳᠤ ᠲᠤᠩ ᠠᠮᠠᠷᠬᠠᠨ ᠃ ᠬᠠᠮᠤᠭ ᠤᠨ ᠭᠤᠤᠯ ᠨᠢ ᠰᠢᠩᠬᠡᠨ ᠰᠦᠨ ᠤ᠂ ᠰᠠᠶᠢᠨ ᠴᠢᠨᠠᠷ ᠤᠨ ᠵᠦᠬᠡᠬᠡᠢ ᠶᠢᠨ ᠪᠠᠶᠢᠬᠤ ᠶᠤᠰᠤᠲᠠᠢ ᠶᠤᠮ ᠪᠢᠯᠠ᠃ ᠦᠷᠯᠦᠭᠡ ᠳᠡᠭᠡᠨ ᠬᠠᠷ᠎ᠠ ᠲᠠᠯᠬᠠᠨ ᠲᠡᠭᠡᠷ᠎ᠠ ᠲᠦᠷᠬᠢᠬᠡᠳ ᠢᠲᠡᠬᠦ ᠳᠤ ᠦᠶᠦᠭ᠂ ᠡᠲᠤᠷ ᠨᠢ ᠱᠦᠯᠦᠨ ᠳᠡᠭᠡᠨ ᠬᠤᠳᠬᠤᠭᠠᠳ ᠢᠲᠡᠬᠦ ᠳᠤ ᠴᠦ ᠶᠠᠩᠵᠤ ᠲᠠᠢ᠃ ᠠᠮᠲᠠᠲᠠᠢ ᠬᠢᠷᠢ ᠪᠠᠨ ᠭᠤᠸ᠎ᠠ ᠰᠠᠶᠢᠬᠠᠨ ᠪᠠᠨ ᠬᠠᠲᠠᠭᠠᠯᠠᠬᠤ᠂ ᠦᠰᠤ᠂ ᠬᠢᠮᠤᠰᠤ ᠪᠠᠨ ᠤᠨᠠᠬᠤ᠂ ᠬᠡᠮᠲᠡᠬᠦ ᠠᠴᠠ ᠬᠠᠮᠠᠭᠠᠯᠠᠬᠤ ᠨᠠᠶᠢᠲᠠᠪᠤᠷᠢ ᠲᠠᠢ ᠲᠤᠰᠠᠯᠠᠭᠴᠢ ᠮᠠᠨᠢ ᠪᠤᠯᠤᠭᠠᠳ ᠪᠠᠶᠢᠨ᠎ᠠ᠃     ᠪᠠᠰᠠ ᠵᠢᠩ ᠢᠶᠠᠨ ᠪᠠᠷᠢᠬᠤ ᠳᠤ ᠵᠦᠬᠡᠬᠡᠢ ᠲᠤᠰᠠᠲᠠᠢ ᠬᠡᠵᠤ ᠲᠤᠭᠤᠯᠠᠭᠰᠠᠨ᠃ ᠢᠯᠠᠩᠭᠤᠶ᠎ᠠ᠂ ᠦᠷᠯᠦᠬᠡ ᠪᠤᠯᠤᠨ ᠡᠲᠤᠷ ᠲᠤ ᠪᠠᠨ ᠬᠠᠷ᠎ᠠ ᠲᠠᠯᠬᠠᠨ ᠲᠡᠬᠡᠷ᠎ᠠ ᠲᠠᠯᠪᠢᠭᠠᠳ ᠢᠲᠡᠬᠦ ᠳᠤ ᠦᠶᠦᠭ᠂ ᠴᠠᠳᠬᠤᠯᠠᠩ ᠮᠡᠲᠡᠷᠡᠮᠵᠢ ᠲᠦᠷᠦᠬᠦᠯᠲᠡᠭ᠃ ᠬᠠᠮᠤᠭ ᠤᠨ ᠭᠤᠤᠯ ᠨᠢ ᠪᠡᠶ᠎ᠠ ᠮᠠᠬᠠᠪᠤᠳ ᠲᠤ ᠠᠭᠤᠷᠠᠭ ᠤᠨ ᠲᠡᠵᠢᠬᠡᠯ ᠢ ᠬᠠᠩᠭᠠᠵᠤ ᠦᠭᠲᠡᠭ ᠶᠤᠮ ᠪᠠᠶᠢᠨ᠎ᠠ᠃  
 
ᠢᠷᠡᠯᠲᠡ᠄ ᠠᠯᠠᠱᠨ ᠵᠡᠬᠦᠨ ᠬᠤᠰᠢᠭᠤᠨ ᠤ ᠠᠷᠠᠳ ᠤᠨ ᠵᠠᠰᠠᠭ ᠤᠨ ᠤᠷᠲᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号