ᠰᠢᠷ᠎ᠠ ᠴᠤᠬᠤ ᠪᠤᠯ ᠭᠤᠤᠯ ᠨᠢ ᠲᠠᠷᠪᠤᠰ᠂ ᠠᠮᠳᠠᠳᠤ ᠭᠡᠮᠭᠡ᠂ ᠦᠷᠭᠡᠰᠤᠳᠤ ᠭᠡᠮᠭᠡ᠂ ᠳ᠋ᠦᠡᠭᠭᠤᠸᠠ᠂ ᠠᠯᠳᠠᠨ | ᠮᠠᠠᠵᠢᠯᠭᠠᠨ ᠵᠡᠷᠭᠡ ᠲᠠᠷᠢᠮᠠᠯ ᠢ ᠭᠦᠨᠦᠭᠡᠳᠡᠭ᠃ ᠪᠡᠶᠡᠯᠡᠭᠰᠡᠨ ᠬᠤᠷᠤᠬᠠᠢ᠂ ᠠᠪᠠᠭᠠᠯᠳᠠᠢ ᠨᠢ ᠴᠦᠮ ᠭᠦᠨᠦᠭᠡᠯ ᠲᠠᠷᠢᠳᠠᠭ᠃ | ᠪᠡᠶᠡᠯᠡᠭᠰᠡᠨ ᠬᠤᠷᠤᠬᠠᠢ ᠨᠢ ᠨᠠᠪᠴᠢ ᠶᠢ ᠮᠠᠷᠠᠨ ᠢᠳᠡᠵᠤ᠂ ᠲᠤᠭᠤᠷᠢᠭ ᠪᠤᠶᠤ ᠬᠠᠭᠠᠰ ᠲᠤᠭᠤᠷᠢᠭ ᠭᠡᠯᠪᠡᠷᠢ ᠲᠠᠢ | ᠪᠤᠯᠭᠠᠨ᠂ ᠭᠦᠨᠳᠤ ᠨᠤᠴᠢᠳᠡᠢ ᠦᠶᠡᠰ ᠲᠤᠤᠷᠴᠢᠯᠡᠨ ᠨᠦᠭᠡᠯᠡᠵᠤ᠂ ᠪᠠᠰᠠ ᠭᠤᠸ᠎ᠠ ᠶᠢᠨ ᠴᠢᠭᠢ ᠶᠢ ᠲᠠᠰᠤᠳᠠᠨ | ᠢᠳᠡᠵᠤ᠂ ᠴᠡᠴᠡᠭ ᠪᠤᠯᠤᠨ ᠵᠢᠮᠢᠰ ᠢ ᠨᠢ ᠢᠳᠡᠳᠡᠭ ᠪᠠᠶᠢᠨ᠎ᠠ᠃ ᠠᠪᠠᠭᠠᠯᠳᠠᠢ ᠨᠢ ᠦᠨᠳᠤᠰᠤᠨ ᠤ ᠬᠠᠯᠢᠰᠤ ᠶᠢ | ᠱᠠᠭᠠᠯᠵᠤ ᠢᠳᠡᠭᠦ ᠪᠡ ᠦᠨᠳᠤᠰᠤᠨ ᠳᠤ ᠨᠦᠭᠡᠯᠡᠨ ᠤᠷᠤᠵᠤ ᠵᠠᠮ ᠭᠠᠷᠭᠠᠨ᠂ ᠲᠠᠷᠢᠮᠠᠯ ᠢ ᠬᠠᠳᠠᠵᠤ ᠬᠤᠷᠪᠤᠶᠢᠯᠭᠠᠳᠠᠭ᠂ | ᠪᠠᠰᠠ ᠭᠤᠸ᠎ᠠ ᠶᠢᠨ ᠵᠢᠮᠢᠰ ᠤᠨ ᠲᠤᠳᠤᠷ᠎ᠠ ᠨᠦᠭᠡᠯᠡᠨ ᠤᠷᠤᠭᠠᠳ ᠢᠯᠵᠠᠷᠠᠭᠤᠯᠳᠠᠭ ᠪᠠᠶᠢᠨ᠎ᠠ᠃ | ᠰᠢᠷ᠎ᠠ ᠴᠤᠬᠤ ᠶᠢ ᠰᠡᠷᠭᠡᠶᠢᠯᠡᠨ ᠵᠠᠰᠠᠬᠤ ᠠᠷᠭ᠎ᠠ ᠭᠡᠪᠡᠯ᠄ ᠰᠡᠷᠭᠡᠶᠢᠯᠡᠨ ᠵᠠᠰᠠᠬᠤ ᠶᠢᠨ ᠵᠠᠩᠭᠢᠯᠠᠭ᠎ᠠ ᠪᠤᠯ ᠭᠤᠤᠯ ᠨᠢ | ᠭᠤᠸ᠎ᠠ ᠶᠢᠨ ᠴᠢᠭᠢᠯᠡᠭᠦ ᠬᠤᠭᠤᠴᠠᠭᠠᠨ ᠳᠤ ᠪᠡᠶᠡᠯᠡᠭᠰᠡᠨ ᠬᠤᠷᠤᠬᠠᠢ ᠶᠢ ᠴᠠᠭ ᠲᠠᠷᠤᠢ ᠳᠤᠨᠢ ᠰᠡᠷᠭᠡᠶᠢᠯᠡᠨ ᠵᠠᠰᠠᠬᠤ ᠪᠠ | ᠪᠡᠶᠡᠯᠡᠭᠰᠡᠨ ᠬᠤᠷᠤᠬᠠᠢ ᠶᠢᠨ ᠦᠨᠳᠡᠭᠡᠯᠡᠭᠦ ᠶᠢ ᠬᠤᠷᠢᠠᠠᠯᠠᠨ ᠵᠤᠠᠠᠰᠤᠭᠠᠬᠤ ᠶᠠᠪᠤᠳᠠᠯ ᠪᠤᠯᠤᠨ᠎ᠠ᠃ | ᠪᠤᠳᠠᠳᠠᠢ ᠠᠷᠭ᠎ᠠ ᠨᠢ ᠭᠡᠪᠡᠯ᠄ | ︵1︶ ᠲᠤᠯᠠᠭᠠᠨ ᠲᠠᠳᠠᠭᠠᠯ ᠳᠤ ᠢᠳᠡᠷᠡᠭᠦᠨ ᠴᠢᠭᠢ ᠪᠤᠶᠢᠵᠢᠭᠤᠯᠵᠤ᠂ ᠡᠷᠳᠡ ᠲᠠᠷᠢᠵᠤ ᠡᠷᠳᠡ ᠤᠷᠭᠤᠭᠤᠯᠪᠠᠯ | ᠡᠪᠤᠯᠵᠢᠭ᠍ᠰᠡᠨ ᠬᠤᠷᠤᠬᠠᠢ ᠶᠢᠨ ᠭᠦᠨᠦᠭᠡᠯ ᠢ ᠪᠠᠭᠠᠰᠬᠠᠵᠤ ᠪᠤᠯᠤᠨ᠎ᠠ᠃ ᠪᠦᠷᠭᠦᠭᠦᠯ ᠪᠦᠷᠭᠦᠵᠤ ᠲᠠᠷᠢᠬᠤ ᠪᠤᠶᠤ | ᠭᠤᠸ᠎ᠠ ᠶᠢᠨ ᠴᠢᠭᠢᠨ ᠤ ᠦᠢᠷ᠎ᠠ ᠬᠠᠪᠢ ᠶᠢᠨ ᠭᠦᠷᠦᠰᠤᠨ ᠲᠡᠭᠡᠷ᠎ᠡ ᠡᠪᠡᠰᠤ ᠮᠤᠳᠤᠨ ᠤ ᠦᠨᠡᠰᠤ ᠰᠠᠴᠤᠨ᠎ᠠ᠃ ᠠᠭᠠᠭ | ᠴᠤᠤᠬᠠᠯ ᠪᠤᠭᠤᠳᠠᠢ ᠶᠢᠨ ᠬᠠᠯᠢᠰᠤ᠂ ᠲᠠᠮᠠᠭᠢᠨ ᠤ ᠬᠠᠶ᠋ᠬᠠᠳᠠᠮᠠᠯ ᠨᠤᠨᠳᠠᠭ ᠵᠡᠷᠭᠡ ᠪᠠᠷ ᠪᠡᠶᠡᠯᠡᠭᠰᠡᠨ ᠬᠤᠷᠤᠬᠠᠢ ᠶᠢᠨ | ᠦᠨᠳᠡᠭᠡᠯᠡᠭᠦ ᠶᠢ ᠬᠤᠷᠢᠠᠠᠯᠠᠨ ᠵᠤᠠᠠᠰᠠᠭᠠᠨᠠ᠃ | ︵2︶ ᠭᠤᠸ᠎ᠠ ᠶᠢᠨ ᠴᠢᠭᠢ ᠶᠢ ᠨᠡᠭᠦᠯᠭᠡᠨ ᠵᠠᠶᠢᠯᠠᠬᠤ ᠠᠴᠠ ᠪᠠᠨ ᠡᠮᠦᠨᠡᠭᠦᠷ ᠬᠤᠶᠢᠭᠤᠷ 5 | ᠨᠠᠪᠴᠢᠯᠠᠬᠤ ᠠᠴᠠ ᠨᠢ ᠡᠮᠦᠨ᠎ᠠ᠂ ᠴᠠᠭ ᠲᠠᠷᠤᠢ ᠳᠤᠨᠢ ᠡᠮ ᠰᠦᠷᠴᠢᠨ ᠬᠠᠮᠠᠭᠠᠯᠠᠨ᠎ᠠ᠃ ᠪᠡᠶᠡᠯᠡᠭᠰᠡᠨ ᠬᠤᠷᠤᠬᠠᠢ ᠶᠢ | ᠰᠡᠷᠭᠡᠶᠢᠯᠡᠨ ᠵᠠᠰᠠᠬᠤ ᠳᠤ 90% ᠶᠢᠨ ᠲᠠᠯᠠᠰᠳᠤ ᠳ᠋ᠢ ᠪᠠᠢ ᠴᠦᠡᠭ ︵敌百虫︶ ᠡᠮ ᠤᠨ 800 ~ | 1000 ᠲᠠᠭᠢᠨ ᠤ ᠰᠢᠩᠭᠡᠨ︔ 80% ᠶᠢᠨ ᠳ᠋ᠢ ᠳ᠋ᠢ ᠸᠧᠢ ︵敌敌畏︶ ᠲᠤᠰᠤᠨ ᠡᠮ ᠤᠨ 1000 | ᠲᠠᠭᠢᠨ ᠤ ᠰᠢᠩᠭᠡᠨ᠂ 20% ᠶᠢᠨ ᠰᠤ᠋ ᠮᠢᠶᠧ ᠱᠠ ᠳ᠋ᠢᠩ ︵速灭杀丁︶ ᠲᠤᠰᠤᠨ ᠡᠮ ᠪᠤᠶᠤ | 21% ᠶᠢᠨ ᠮᠢᠶᠧ ᠱᠠ ᠪᠢ ︵灭杀毙︶ ᠲᠤᠰᠤᠨ ᠡᠮ ᠤᠨ 2000 ~ 3000 ᠲᠠᠭᠢᠨ ᠤ | ᠰᠢᠩᠭᠡᠨ ᠢ ᠰᠦᠷᠴᠢᠵᠤ ᠪᠤᠯᠤᠨ᠎ᠠ᠃ ᠠᠪᠠᠭᠠᠯᠳᠠᠢ ᠶᠢ ᠰᠡᠷᠭᠡᠶᠢᠯᠡᠨ ᠵᠠᠰᠠᠬᠤ ᠳᠤ 90% ᠶᠢᠨ ᠲᠠᠯᠠᠰᠳᠤ ᠳ᠋ᠢ ᠪᠠᠢ | ᠴᠦᠡᠭ ︵敌百虫︶ ᠪᠤᠶᠤ 50% ᠶᠢᠨ ᠰᠢᠨ ᠯᠢᠤ ᠯᠢᠨ ︵辛硫磷︶ ᠲᠤᠰᠤᠨ ᠡᠮ ᠤᠨ | 1500 ~ 2000 ᠲᠠᠭᠢᠨ ᠤ ᠰᠢᠩᠭᠡᠨ ᠢ ᠦᠨᠳᠤᠰᠤᠨ ᠳᠤᠨᠢ ᠴᠢᠳᠬᠤᠵᠤ ᠪᠤᠯᠤᠨ᠎ᠠ᠃ ᠪᠠᠶᠢᠡᠭᠭᠤ ᠭᠡᠷᠡᠭᠯᠡᠭᠦ | ᠡᠮ ᠳᠤ ᠳ᠋ᠢ ᠳ᠋ᠢ ᠸᠧᠢ ︵敌敌畏︶᠂ ᠰᠤ᠋ ᠮᠢᠶᠧ ᠱᠠ ᠳ᠋ᠢᠩ ︵速灭杀丁︶᠂ ᠰᠢᠨ ᠯᠢᠤ ᠯᠢᠨ | ︵辛硫磷︶ ᠵᠡᠷᠭᠡ ᠡᠮ ᠪᠠᠶᠢᠨ᠎ᠠ᠃ |