ᠬᠠᠷᠰᠢᠮᠠᠲᠠᠭᠠᠶ ᠴᠢᠨᠠᠷᠳᠠᠢ ᠬᠠᠮᠠᠷ ᠤᠨ ᠦᠷᠪᠢᠰᠦᠯ ᠢ ᠪᠦᠲᠦᠮᠵᠢᠳᠠᠢ ᠰᠡᠷᠭᠡᠶᠢᠯᠡᠬᠦ ᠶᠢᠨ ᠵᠠᠩᠭᠢᠯᠠᠭ᠎ᠠ ᠨᠢ ᠪᠤᠯ ᠁
ᠨᠡᠶᠢᠲᠡᠯᠡᠭᠰᠡᠨ ᠴᠠᠭ᠄
2021/8/16
    ᠤᠯᠠᠷᠢᠯ ᠰᠣᠯᠢᠭᠳᠠᠬᠤ ᠦᠶ᠎ᠡ ᠪᠤᠯ ᠬᠠᠷᠰᠢᠮᠠᠲᠠᠭᠠᠶ ᠴᠢᠨᠠᠷᠲᠠᠶ ᠬᠠᠮᠠᠷ ᠤᠨ ᠦᠷᠪᠢᠰᠦᠯ ᠤᠨ ᠣᠯᠠᠨ ᠡᠭᠦᠰᠬᠦ ᠬᠤᠭᠤᠴᠠᠭ᠎ᠠ ᠪᠤᠯᠤᠨ᠎ᠠ᠂ ᠬᠠᠮᠠᠷ ᠢᠶᠠᠨ ᠨᠢᠰᠤ ᠲᠠᠢ ᠬᠡᠳ ᠬᠠᠮᠢᠭᠠᠰᠢ ᠪᠠᠨ ᠬᠠᠶᠠᠬᠤᠪ︖ ᠳᠡᠰᠳᠡᠭ ᠯᠠ ᠬᠡᠷᠡᠭ᠂ ᠬᠠᠷᠢᠨ ᠬᠡᠷᠬᠢᠨ ᠪᠦᠲᠦᠮᠵᠢᠲᠡᠶ ᠰᠡᠷᠭᠡᠶᠢᠯᠡᠬᠦ ᠪᠤᠢ ᠬᠡᠳᠡᠭ ᠨᠢ ᠣᠯᠠᠨ ᠤ ᠬᠠᠮᠤᠭ ᠠᠴᠠ ᠢᠯᠡᠭᠦᠦ ᠠᠩᠬᠠᠷᠴᠤ ᠪᠠᠶᠢᠭ᠎ᠠ ᠠᠰᠠᠭᠤᠳᠠᠯ ᠪᠤᠯᠵᠠᠢ᠃     2021 ᠣᠨ ᠤ 8 ᠰᠠᠷ᠎ᠠ ᠶᠢᠨ 9 ᠠᠴᠠ 15 ᠤ ᠡᠳᠦᠷ ᠪᠣᠯᠲᠠᠯ᠎ᠠ ᠪᠣᠯ ᠮᠠᠨ ᠤ ᠤᠯᠤᠰ ᠤᠨ ᠵᠢᠷᠭᠤᠭᠠᠳᠠᠬᠢ ︽ᠳᠤᠮᠳᠠᠳᠤ ᠤᠯᠤᠰ ᠤᠨ ᠬᠠᠷᠰᠢᠮᠠᠲᠠᠭᠠᠶ ᠡᠪᠡᠳᠴᠢᠨ ᠢ ᠰᠡᠷᠭᠡᠶᠢᠯᠡᠨ ᠵᠠᠰᠠᠬᠤ ᠭᠠᠷᠠᠭ︾ ᠪᠣᠯᠤᠨ᠎ᠠ᠂ ᠡᠨᠡ ᠵᠢᠯ ᠤᠨ ᠭᠤᠤᠯ ᠰᠡᠳᠦᠪ ᠪᠣᠯ ︽ᠡᠷᠡᠭᠦᠯ ᠡᠩᠭᠡ ᠳᠤᠮᠳᠠᠳᠤ ᠤᠯᠤᠰ ᠤᠨ ᠠᠵᠢᠯᠯᠠᠭ᠎ᠠ᠂ ᠬᠦᠨᠳᠦ ᠨᠣᠴᠢᠲᠠᠶ ᠬᠠᠷᠰᠢᠮᠠᠲᠠᠭᠠᠶ ᠤᠷᠪᠠᠯ ᠢ ᠰᠡᠷᠭᠡᠶᠢᠯᠡᠨ ᠵᠠᠰᠠᠶ᠎ᠠ︾᠃ ᠬᠠᠮᠢᠶ᠎ᠠ ᠪᠦᠬᠦᠢ ᠮᠡᠷᠭᠡᠵᠢᠯᠲᠡᠨ ᠤ ᠢᠯᠡᠷᠬᠡᠶᠢᠯᠡᠭᠰᠡᠨ ᠢᠶᠠᠷ᠂ ᠬᠦᠨᠳᠦ ᠨᠣᠴᠢᠲᠠᠶ ᠬᠠᠷᠰᠢᠮᠠᠲᠠᠭᠠᠶ ᠤᠷᠪᠠᠯ ᠨᠢ ᠠᠮᠢ ᠨᠠᠰᠤ ᠶᠢ ᠰᠦᠷᠳᠡᠭᠦᠯᠵᠦ ᠮᠡᠳᠡᠨ᠎ᠡ᠂ ᠬᠦᠮᠦᠨ ᠨᠢᠭᠡᠪᠦᠷᠢ ᠴᠥᠮ ᠬᠦᠨᠳᠦ ᠨᠣᠴᠢᠲᠠᠶ ᠬᠠᠷᠰᠢᠮᠠᠲᠠᠭᠠᠶ ᠤᠷᠪᠠᠯ ᠤᠨ ᠲᠦᠷᠭᠡᠨ ᠠᠪᠤᠷᠬᠠᠤ ᠮᠡᠳᠡᠯᠭᠡ ᠶᠢ ᠣᠶᠢᠯᠠᠭᠠᠬᠤ ᠬᠡᠷᠡᠭᠲᠡᠶ ᠬᠡᠪᠡ᠃     ᠭᠤᠤᠯ ᠢᠯᠡᠷᠡᠯ᠄     ᠭᠡᠨᠡᠳᠲᠡ ᠶᠢᠨ ᠪᠠ ᠳᠠᠬᠢᠨ ᠳᠠᠪᠲᠠᠨ ᠬᠥᠳᠡᠯᠬᠦ ᠬᠠᠮᠠᠷ ᠪᠥᠭᠯᠡᠷᠡᠬᠦ᠂ ᠬᠠᠮᠠᠷ ᠵᠠᠭᠠᠲᠤᠨᠠᠬᠤ᠂ ᠨᠠᠶᠢᠲᠠᠭᠠᠬᠤ᠂ ᠨᠢᠰᠤ ᠭᠤᠭᠤᠵᠢᠬᠤ ᠵᠡᠷᠭᠡ ᠢᠯᠡᠷᠡᠯ ᠪᠠᠶᠢᠳᠠᠭ᠃     ᠲᠦᠷᠦᠯ ᠵᠦᠢᠯ᠄     ᠬᠠᠷᠰᠢᠮᠠᠲᠠᠭᠠᠶ ᠴᠢᠨᠠᠷᠲᠠᠶ ᠬᠠᠮᠠᠷ ᠤᠨ ᠦᠷᠪᠢᠰᠦᠯ ᠤᠨ ᠡᠮᠴᠢᠯᠡᠭᠡᠨ ᠤ ᠢᠯᠡᠷᠡᠯ ᠨᠢ ᠤᠯᠠᠷᠢᠯ ᠢ ᠳᠠᠭᠠᠵᠤ ᠬᠤᠪᠢᠷᠠᠳᠠᠭ ᠡᠰᠡᠬᠦ ᠶᠢ ᠦᠨᠳᠦᠰᠦᠯᠡᠵᠦ᠂ ᠦᠷᠭᠦᠯᠵᠢ ᠶᠢᠨ ᠴᠢᠨᠠᠷᠲᠠᠶ ᠬᠠᠷᠰᠢᠮᠠᠲᠠᠭᠠᠶ ᠴᠢᠨᠠᠷᠲᠠᠶ ᠬᠠᠮᠠᠷ ᠤᠨ ᠦᠷᠪᠢᠰᠦᠯ ᠪᠠ ᠤᠯᠠᠷᠢᠯ ᠤᠨ ᠴᠢᠨᠠᠷᠲᠠᠶ ᠬᠠᠷᠰᠢᠮᠠᠲᠠᠭᠠᠶ ᠴᠢᠨᠠᠷᠲᠠᠶ ᠬᠠᠮᠠᠷ ᠤᠨ ᠦᠷᠪᠢᠰᠦᠯ ᠭᠡᠵᠦ ᠬᠤᠪᠢᠶᠠᠳᠠᠭ᠃     ᠡᠭᠦᠰᠬᠦ ᠴᠠᠭ᠄     ᠦᠷᠭᠦᠯᠵᠢ ᠶᠢᠨ ᠴᠢᠨᠠᠷᠳᠠᠢ ᠬᠠᠷᠰᠢᠮᠠᠲᠠᠭᠠᠶ ᠴᠢᠨᠠᠷᠳᠠᠢ ᠬᠠᠮᠠᠷ ᠤᠨ ᠦᠷᠪᠢᠰᠦᠯ ᠨᠢ ᠵᠢᠯ ᠤᠨ ᠳᠥᠷᠪᠡᠨ ᠤᠯᠠᠷᠢᠯ ᠳᠤ ᠪᠦᠷ ᠡᠪᠡᠳᠴᠢᠨ ᠤ ᠢᠯᠡᠷᠡᠯ ᠲᠠᠢ᠃ ᠤᠯᠠᠷᠢᠯ ᠤᠨ ᠴᠢᠨᠠᠷᠲᠠᠶ ᠬᠠᠷᠰᠢᠮᠠᠲᠠᠭᠠᠶ ᠴᠢᠨᠠᠷᠳᠠᠢ ᠬᠠᠮᠠᠷ ᠤᠨ ᠦᠷᠪᠢᠰᠦᠯ ᠨᠢ ᠤᠯᠠᠷᠢᠯ ᠤᠨ ᠴᠢᠨᠠᠷᠲᠠᠶ ᠡᠭᠦᠰᠴᠦ᠂ ᠣᠯᠠᠩᠬᠢ ᠨᠢ ᠬᠠᠪᠤᠷ᠂ ᠨᠠᠮᠤᠷ ᠤᠨ ᠤᠯᠠᠷᠢᠯ ᠳᠤ ᠡᠭᠦᠰᠳᠡᠭ᠂ ᠡᠪᠡᠳᠴᠢᠯᠡᠬᠦ ᠦᠶ᠎ᠡ ᠳᠤ ᠦᠳᠲᠡᠷ ᠲᠦᠷᠭᠡᠨ ᠡᠪᠡᠳᠴᠢᠨ ᠤ ᠢᠯᠡᠷᠡᠯ ᠭᠠᠷᠳᠠᠭ᠂ ᠬᠡᠳᠦᠨ ᠴᠠᠭ᠂ ᠬᠡᠳᠦᠨ ᠡᠳᠦᠷ ᠠᠴᠠ ᠬᠡᠳᠦᠨ ᠭᠠᠷᠠᠭ ᠠᠳᠠᠯᠢ ᠪᠤᠰᠤ ᠦᠷᠭᠦᠯᠵᠢᠯᠡᠵᠦ᠂ ᠬᠥᠳᠡᠯᠬᠦ ᠪᠠ ᠵᠠᠪᠰᠠᠷᠯᠠᠬᠤ ᠬᠤᠭᠤᠴᠠᠭ᠎ᠠ ᠨᠢ ᠪᠦᠷᠢᠮᠦᠰᠦᠨ ᠬᠡᠪ ᠤᠨ ᠪᠠᠶᠢᠳᠠᠭ᠃     ᠡᠭᠦᠰᠦᠭᠰᠡᠨ ᠰᠢᠯᠳᠠᠭᠠᠨ᠄     ᠬᠠᠷᠰᠢᠮᠠᠲᠠᠭᠠᠶ ᠴᠢᠨᠠᠷᠳᠠᠢ ᠬᠠᠮᠠᠷ ᠤᠨ ᠦᠷᠪᠢᠰᠦᠯ ᠡᠭᠦᠰᠬᠦ ᠶᠢᠨ ᠰᠢᠯᠲᠠᠭᠠᠨ ᠨᠢ ᠡᠭᠡᠯᠢᠯᠡᠭᠡ ᠶᠢᠨ ᠴᠢᠳᠠᠪᠤᠷᠢ ᠠᠨᠠᠶ ᠠᠴᠠ ᠪᠣᠯᠤᠭᠰᠠᠨ ᠪᠢᠰᠢ᠂ ᠬᠠᠷᠢᠨ ᠪᠡᠶ᠎ᠡ ᠮᠠᠬᠠᠪᠣᠳ ᠤᠨ ᠡᠭᠡᠯᠢᠯᠡᠭᠡ ᠶᠢᠨ ᠢᠯᠭᠠᠨ ᠲᠠᠨᠢᠬᠤ ᠰᠢᠰᠲ᠋ᠧᠮ ᠳᠤ ᠠᠰᠠᠭᠤᠳᠠᠯ ᠭᠠᠷᠴᠤ᠂ ᠬᠤᠤᠷ ᠥᠬᠡᠶ ᠬᠠᠷᠠᠯᠲᠠ ᠶᠢ ᠬᠤᠤᠷ ᠲᠠᠢ ᠭᠡᠵᠦ ᠦᠵᠡᠭᠡᠳ ᠡᠰᠡᠷᠭᠦᠴᠡᠬᠦ ᠶᠠᠪᠤᠴᠠ ᠳᠠᠭᠠᠨ ᠵᠠᠷᠢᠮ ᠭᠠᠵᠢᠭᠤ ᠤᠷᠪᠠᠯ ᠭᠠᠷᠳᠠᠭ᠂ ᠵᠢᠱᠢᠶᠡᠯᠡᠪᠡᠯ ᠨᠠᠶᠢᠲᠠᠭᠠᠬᠤ᠂ ᠬᠠᠮᠠᠷ ᠪᠥᠭᠯᠡᠷᠡᠬᠦ ᠵᠡᠷᠭᠡ ᠨᠢ ᠬᠠᠷᠰᠢᠮᠠᠲᠠᠭᠠᠶ ᠴᠢᠨᠠᠷᠳᠠᠢ ᠬᠠᠮᠠᠷ ᠤᠨ ᠦᠷᠪᠢᠰᠦᠯ ᠪᠣᠯᠵᠤ ᠬᠤᠪᠢᠷᠠᠳᠠᠭ᠃     ᠤᠷᠢᠳᠴᠢᠯᠡᠨ ᠰᠡᠷᠭᠡᠶᠢᠯᠡᠬᠦ ᠠᠷᠭ᠎ᠠ᠄     • ᠤᠯᠠᠷᠢᠯ ᠤᠨ ᠴᠢᠨᠠᠷᠲᠠᠶ ᠬᠠᠷᠰᠢᠮᠠᠲᠠᠭᠠᠶ ᠴᠢᠨᠠᠷᠳᠠᠢ ᠬᠠᠮᠠᠷ ᠤᠨ ᠦᠷᠪᠢᠰᠦᠯ ᠢ ᠬᠠᠷᠰᠢᠮᠠᠲᠠᠭᠠᠶ ᠬᠤᠭᠤᠴᠠᠭ᠎ᠠ ᠪᠣᠯᠬᠤ ᠠᠴᠠ ᠡᠮᠦᠨ᠎ᠠ ᠬᠡᠳᠦᠨ ᠡᠳᠦᠷ ᠠᠴᠠ ᠡᠬᠢᠯᠡᠨ ᠨᠡᠬᠡᠳᠡᠰᠦ ᠶᠢᠨ ᠠᠮᠢᠨ ᠢ ᠡᠰᠡᠷᠭᠦᠴᠡᠬᠦ ᠡᠮ᠂ ᠬᠠᠮᠠᠷ ᠤᠨ ᠰᠦᠷᠴᠢᠮᠡᠯ ᠬᠤᠷᠮᠣᠨ ᠢ ᠬᠡᠷᠡᠭᠯᠡᠪᠡᠯ ᠡᠪᠡᠳᠴᠢᠨ ᠡᠭᠦᠰᠬᠦ ᠶᠢ ᠰᠡᠷᠭᠡᠶᠢᠯᠡᠬᠦ ᠦᠢᠯᠡᠳᠦᠯ ᠲᠠᠢ ᠶᠤᠮ᠃     • ᠳᠤᠯᠠᠭᠠᠨ ᠤ ᠬᠤᠪᠢᠷᠠᠯᠲᠠ ᠨᠢ ᠬᠠᠮᠠᠷ ᠤᠨ ᠬᠥᠨᠳᠡᠶ ᠳᠤ ᠰᠡᠳᠦᠯᠲᠡ ᠦᠭᠪᠡᠯ ᠴᠠᠭ ᠲᠤᠬᠠᠢ ᠳᠤᠨᠢ ᠬᠠᠯᠠᠭᠤᠨ ᠬᠦᠢᠳᠡᠨ ᠢᠶᠠᠨ ᠲᠡᠩᠴᠡᠭᠦᠯᠵᠤ᠂ ᠰᠡᠳᠬᠢᠴᠡ ᠶᠢᠨ ᠪᠠᠶᠢᠳᠠᠯ ᠢᠶᠠᠨ ᠲᠣᠬᠢᠷᠠᠭᠤᠯᠤᠨ᠂ ᠪᠡᠶ᠎ᠡ ᠶᠢᠨ ᠲᠠᠮᠢᠷ ᠤᠨ ᠪᠣᠯᠪᠠᠰᠤᠷᠠᠯ ᠢᠶᠠᠨ ᠴᠢᠩᠭᠠᠳᠬᠠᠵᠤ᠂ ᠤᠨᠲᠠᠵᠤ ᠠᠮᠠᠷᠠᠬᠤ ᠴᠠᠭ ᠢᠶᠠᠨ ᠰᠠᠶᠢᠳᠤᠷ ᠲᠤᠬᠢᠷᠠᠭᠤᠯᠵᠤ᠂ ᠪᠡᠶ᠎ᠡ ᠶᠢᠨ ᠠᠵᠢᠯᠯᠠᠭ᠎ᠠ ᠶᠢᠨ ᠲᠣᠭᠲᠠᠭᠤᠨ ᠪᠠᠶᠢᠬᠤ ᠶᠢ ᠪᠠᠲᠤᠯᠠᠨ᠂ ᠪᠡᠶ᠎ᠡ ᠶᠢᠨ ᠡᠯ᠎ᠡ ᠡᠷᠬᠡᠲᠡᠨ ᠤ ᠬᠤᠭᠤᠷᠣᠨᠳᠣᠬᠢ ᠡᠶ᠎ᠡ ᠵᠣᠬᠢᠴᠠᠩᠭᠤᠶ ᠬᠠᠷᠢᠴᠠᠭ᠎ᠠ ᠶᠢ ᠳᠡᠭᠡᠭᠰᠢᠯᠡᠭᠦᠯᠵᠦ᠂ ᠬᠠᠷᠰᠢᠮᠠᠲᠠᠭᠠᠶ ᠤᠷᠪᠠᠯ ᠢ ᠡᠭᠦᠰᠭᠡᠵᠤ ᠮᠡᠳᠡᠬᠦ ᠡᠬᠢ ᠰᠤᠷᠪᠤᠯᠵᠢ ᠠᠴᠠ ᠵᠠᠶᠢᠯᠠᠰᠬᠢᠪᠡᠯ ᠵᠤᠬᠢᠨ᠎ᠠ᠃     • ᠤᠯᠠᠷᠢᠯ ᠰᠣᠯᠢᠭᠳᠠᠬᠤ ᠦᠶ᠎ᠡ ᠳᠤ᠂ ᠬᠥᠨᠵᠢᠯᠡ ᠳᠡᠪᠢᠰᠬᠡᠷ ᠬᠤᠪᠴᠠᠰᠤ ᠬᠤᠨᠠᠷ ᠢᠶᠠᠨ ᠤᠷᠢᠳᠠᠪᠡᠷ ᠤᠬᠢᠶᠠᠵᠤ ᠨᠡᠷᠡᠨ ᠳᠤ ᠡᠭᠡᠭᠡᠭᠰᠡᠨ ᠤ ᠳᠠᠷᠠᠭ᠎ᠠ ᠬᠡᠷᠡᠭᠯᠡᠪᠡᠯ ᠵᠤᠬᠢᠨ᠎ᠠ᠃     • ᠬᠠᠷᠰᠢᠮᠠᠲᠠᠭᠠᠶ ᠴᠢᠨᠠᠷᠲᠠᠶ ᠬᠠᠮᠠᠷ ᠤᠨ ᠦᠷᠪᠢᠰᠦᠯ ᠲᠠᠢ ᠡᠪᠡᠳᠴᠢᠲᠡᠨ ᠬᠠᠮᠤᠭ ᠤᠨ ᠰᠠᠶᠢᠨ ᠨᠢ ᠡᠩᠬᠦᠷᠡᠶ ᠠᠮᠢᠲᠠᠨ ᠲᠡᠵᠢᠭᠡᠬᠦ ᠥᠬᠡᠶ᠂ ᠬᠡᠷᠪᠡ ᠲᠡᠵᠢᠭᠡᠭᠰᠡᠨ ᠪᠠᠶᠢᠪᠡᠯ ᠴᠢᠳᠠᠬᠤ ᠶᠢᠨ ᠳᠣᠲᠣᠷ᠎ᠠ ᠡᠩᠭᠦᠷᠡᠢ ᠠᠮᠢᠳᠠᠨ ᠢᠶᠠᠨ ᠤᠨᠲᠠᠬᠤ ᠥᠷᠥᠭᠡᠨ ᠳᠡᠭᠡᠨ ᠤᠷᠤᠭᠤᠯᠬᠤ ᠥᠬᠡᠶ᠃     • ᠴᠡᠴᠡᠭ ᠤᠨ ᠲᠣᠭᠤᠰᠣᠨ ᠤ ᠥᠳᠬᠡᠴᠡ ᠶᠢᠨ ᠣᠷᠭᠢᠯ ᠤᠨ ᠬᠤᠭᠤᠴᠠᠭᠠᠨ ᠳᠤ᠂ ᠭᠠᠳᠠᠭᠰᠢ ᠭᠠᠷᠬᠤ ᠳᠤ ᠪᠠᠨ ᠬᠠᠮᠠᠭᠠᠯᠠᠬᠤ ᠡᠳ᠋ ᠢᠶᠠᠨ ᠰᠠᠶᠢᠲᠤᠷ ᠵᠡᠭᠦᠵᠦ᠂ ᠬᠡᠷ ᠲᠡᠭᠡᠨ ᠬᠠᠷᠢᠭᠰᠠᠨ ᠤ ᠳᠠᠷᠠᠭ᠎ᠠ ᠴᠠᠭ ᠲᠤᠬᠠᠶ ᠳᠤᠨᠢ ᠪᠡᠶ᠎ᠡ ᠪᠠᠨ ᠤᠬᠢᠶᠠᠬᠤ ᠶᠢᠨ ᠬᠠᠮᠲᠤ ᠬᠠᠮᠠᠷ ᠤᠨ ᠬᠥᠨᠳᠡᠶ ᠪᠠᠨ ᠤᠬᠢᠶᠠᠨ ᠴᠡᠪᠡᠷᠯᠡᠵᠦ᠂ ᠴᠣᠩᠬᠤ ᠪᠠᠨ ᠨᠡᠭᠡᠭᠡᠵᠤ ᠰᠠᠯᠬᠢ ᠨᠡᠪᠲᠡᠷᠡᠭᠦᠯᠦᠨ᠎ᠠ᠂ ᠥᠪᠡᠷ ᠤᠨ ᠬᠡᠷᠡᠭᠴᠡᠭᠡ ᠪᠠᠨ ᠦᠨᠳᠦᠰᠦᠯᠡᠨ ᠵᠦᠶ ᠵᠣᠬᠢᠰᠲᠠᠶ ᠡᠮ ᠬᠡᠷᠡᠭᠯᠡᠵᠦ ᠪᠣᠯᠤᠨ᠎ᠠ᠃ ᠴᠡᠴᠡᠭ ᠤᠨ ᠲᠣᠭᠤᠰᠣᠨ ᠤ ᠣᠷᠭᠢᠯ ᠤᠨ ᠦᠶ᠎ᠡ ᠳᠤ᠂ ᠴᠢᠳᠠᠬᠤ ᠶᠢᠨ ᠳᠣᠲᠣᠷ᠎ᠠ ᠬᠡᠭᠡᠷ᠎ᠡ ᠭᠠᠳᠠᠨ᠎ᠠ ᠭᠠᠷᠬᠤ ᠥᠬᠡᠶ᠂ ᠬᠢᠷᠬᠢᠷ᠎ᠡ ᠡᠭᠦᠰᠴᠤ ᠡᠪᠡᠳᠴᠢᠡ ᠤ ᠪᠠᠶᠢᠳᠠᠯ ᠢ ᠬᠦᠨᠳᠦᠷᠡᠭᠦᠯᠬᠦ ᠠᠴᠠ ᠵᠠᠶᠢᠯᠠᠰᠬᠢᠬᠦ ᠬᠡᠷᠡᠭᠲᠡᠶ᠃     ᠦᠪᠦᠷ ᠮᠤᠩᠭᠤᠯ ᠤᠨ ᠪᠠᠶᠢᠳᠠᠯ᠄     ᠥᠪᠥᠷ ᠮᠣᠩᠭᠤᠯ ᠤᠨ ᠲᠥᠪ ᠬᠤᠲᠠ ᠵᠢᠴᠢ ᠬᠥᠳᠡᠭᠡ ᠲᠣᠰᠬᠤᠨ ᠤ ᠬᠠᠷᠰᠢᠮᠠᠲᠠᠭᠠᠶ ᠴᠢᠨᠠᠷᠳᠠᠢ ᠬᠠᠮᠠᠷ ᠤᠨ ᠦᠷᠪᠢᠰᠦᠯ ᠢᠶᠠᠷ ᠣᠨᠣᠰᠢᠯᠠᠭᠳᠠᠭᠰᠠᠨ ᠡᠪᠡᠳᠴᠢᠲᠡᠨ ᠤ ᠨᠣᠷᠮ᠎ᠠ 17.10% ᠪᠠᠶᠢᠵᠤ᠂ ᠡᠭᠦᠨ ᠳᠤ ᠡᠮᠡᠭᠲᠡᠶ ᠶᠢᠨ ᠡᠪᠡᠳᠴᠢᠨ ᠤᠯᠬᠤ ᠨᠣᠷᠮ᠎ᠠ ᠨᠢ ᠡᠷᠡᠭᠲᠡᠶ ᠬᠥᠮᠦᠨ ᠤ ᠬᠢ ᠠᠴᠠ ᠵᠢᠭᠠᠬᠠᠨ ᠥᠨᠳᠥᠷ᠂ 6-15 ᠨᠠᠰᠤᠨ ᠤ ᠬᠡᠦᠬᠡᠳ ᠤᠨ ᠡᠪᠡᠳᠴᠢᠯᠡᠬᠦ ᠨᠤᠷᠮ᠎ᠠ ᠨᠢ ᠬᠠᠮᠤᠭ ᠥᠨᠳᠥᠷ᠂ ᠬᠤᠲᠠ ᠳᠤ ᠰᠠᠭᠤᠭ᠎ᠠ ᠬᠦᠮᠦᠰ ᠤᠨ ᠡᠪᠡᠳᠴᠢᠯᠡᠬᠦ ᠨᠣᠷᠮ᠎ᠠ ᠨᠢ ᠬᠥᠳᠡᠭᠡ ᠲᠣᠰᠬᠤᠨ ᠤ ᠬᠢ ᠠᠴᠠ ᠢᠯᠡᠳᠲᠡ ᠥᠨᠳᠥᠷ ᠪᠠᠶᠢᠨ᠎ᠠ᠃     ᠰᠢᠷᠠᠯᠵᠢ ᠪᠣᠯ ᠥᠪᠥᠷ ᠮᠣᠩᠭᠤᠯ ᠤᠨ ᠬᠠᠮᠤᠭ ᠤᠨ ᠭᠤᠣᠯ ᠪᠣᠯᠬᠤ ᠴᠡᠴᠡᠭ ᠤᠨ ᠲᠣᠭᠤᠰᠣᠨ ᠤ ᠬᠠᠷᠰᠢᠯ ᠢ ᠡᠭᠦᠰᠭᠡᠭᠴᠢ ᠮᠥᠨ᠃ ᠥᠪᠥᠷ ᠮᠣᠩᠭᠤᠯ ᠤᠨ ᠬᠠᠷᠰᠢᠮᠠᠲᠠᠭᠠᠶ ᠴᠢᠨᠠᠷᠳᠠᠢ ᠬᠠᠮᠠᠷ ᠤᠨ ᠦᠷᠪᠢᠰᠦᠯ ᠤᠨ ᠡᠪᠡᠳᠴᠢᠲᠡᠨ ᠤ ᠡᠪᠡᠳᠴᠢᠨ ᠤ ᠢᠯᠡᠷᠡᠯ ᠤᠨ ᠣᠷᠭᠢᠯ ᠤᠨ ᠬᠤᠭᠤᠴᠠᠭ᠎ᠠ ᠨᠢ 7 ᠠᠴᠠ 9 ᠰᠠᠷ᠎ᠠ ᠳᠤ ᠲᠥᠪᠯᠡᠷᠡᠵᠦ᠂ ᠡᠭᠦᠨ ᠳᠤ 8 ᠰᠠᠷ᠎ᠠ ᠳᠤ ᠣᠷᠭᠢᠯ ᠳᠠᠭᠠᠨ ᠬᠦᠷᠳᠡᠭ᠃ ᠬᠠᠷᠢᠨ ᠬᠢᠷᠬᠢᠷ᠎ᠡ ᠡᠪᠡᠳᠴᠢᠨ ᠤ ᠲᠡᠦᠬᠡ᠂ ᠢᠳᠡᠭᠡᠨ ᠳᠤ ᠬᠠᠷᠰᠢᠬᠤ᠂ ᠡᠮ ᠳᠤ ᠬᠠᠷᠰᠢᠬᠤ᠂ ᠨᠢᠶᠠᠨ ᠳᠠᠷᠤᠭᠴᠢ ᠶᠢ ᠬᠡᠷᠡᠭᠯᠡᠬᠦ᠂ ᠭᠡᠷ ᠪᠦᠯᠢ ᠶᠢᠨ ᠵᠠᠰᠠᠯ ᠴᠢᠮᠡᠭᠯᠡᠯ᠂ ᠲᠠᠮᠠᠬᠢ ᠳᠠᠳᠠᠬᠤ ᠪᠣᠯ ᠬᠠᠷᠰᠢᠮᠠᠲᠠᠭᠠᠶ ᠴᠢᠨᠠᠷᠲᠠᠶ ᠬᠠᠮᠠᠷ ᠤᠨ ᠦᠷᠪᠢᠰᠦᠯ ᠤᠨ ᠡᠪᠡᠳᠴᠢᠨ ᠢ ᠡᠭᠦᠰᠭᠡᠬᠦ ᠬᠠᠮᠢᠶ᠎ᠠ ᠪᠦᠬᠦᠢ ᠠᠶᠤᠯᠲᠠᠶ ᠬᠦᠴᠦᠨ ᠵᠦᠢᠯ ᠮᠥᠨ᠃  
 
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号