ᠡᠪᠡᠰᠦ ᠶᠢ ᠣᠬᠤᠷ ᠬᠡᠷᠴᠢᠵᠤ ᠲᠡᠵᠢᠭᠡᠬᠦ | ᠶᠡᠷᠦ ᠶᠢᠨ ᠦᠭᠡᠨ ᠳᠤ᠄ ︽ᠢᠮᠠᠬᠤ ᠡᠪᠡᠰᠦ ᠶᠢ ᠭᠤᠷᠪᠠ ᠬᠡᠷᠴᠢᠪᠡᠯ᠂ ᠪᠣᠷᠳᠣᠬᠤ ᠦᠭᠡᠢ ᠴᠦ ᠲᠠᠷᠭᠤᠯᠠᠨ᠎ᠠ︾ | ᠭᠡᠳᠡᠭ᠃ ᠲᠡᠵᠢᠭᠡᠯ ᠡᠪᠡᠰᠦ ᠶᠢ ᠣᠬᠤᠷ ᠬᠡᠷᠴᠢᠭᠡᠳ ᠦᠬᠡᠷ ᠢ ᠲᠡᠵᠢᠭᠡᠪᠡᠯ᠂ ᠪᠦᠬᠦᠯᠢ ᠪᠠᠷ ᠲᠡᠵᠢᠭᠡᠭᠰᠡᠨ ᠠᠴᠠ | ᠡᠪᠡᠰᠦ ᠶᠢ 20% ᠣᠷᠴᠢᠮ ᠠᠷᠪᠢᠯᠠᠵᠤ ᠴᠢᠳᠠᠨ᠎ᠠ᠂ ᠢᠯᠠᠩᠭᠤᠶ᠎ᠠ ᠢᠳᠡᠰᠢᠯᠡᠬᠦ ᠨᠢ ᠪᠠᠭ᠎ᠠ ᠪᠤᠶᠤ ᠢᠳᠡᠰᠢᠯᠡᠬᠦ ᠳᠤ | ᠬᠦᠴᠢᠷ ᠲᠠᠢ ᠪᠦᠳᠦᠭᠦᠯᠢᠭ᠂ ᠬᠠᠲᠠᠭᠤ ᠡᠰᠢ ᠰᠦᠷᠡᠯ ᠢ ᠣᠬᠤᠷ ᠬᠡᠷᠴᠢᠵᠦ ᠲᠡᠵᠢᠭᠡᠪᠡᠯ᠂ ᠭᠦᠢᠴᠡᠳ ᠠᠰᠢᠭᠯᠠᠵᠤ | ᠳᠡᠶᠢᠯᠬᠦ ᠮᠦᠷᠲᠡᠭᠡᠨ ᠰᠢᠩᠭᠡᠭᠡᠬᠦ ᠨᠤᠷᠮ᠎ᠠ ᠶᠢ ᠴᠤ ᠳᠡᠭᠡᠭᠰᠢᠯᠡᠭᠦᠯᠵᠦ ᠴᠢᠳᠠᠨ᠎ᠠ᠃ ᠶᠡᠷᠦ ᠳᠡᠭᠡᠨ ᠡᠰᠢ ᠰᠦᠷᠡᠯ ᠢ | 3~5 ᠰᠠᠨᠲ᠋ᠢᠮᠧᠳ᠋ᠷ ᠤᠷᠲᠦ ᠬᠡᠷᠴᠢᠵᠦ ᠦᠬᠡᠷ ᠢ ᠲᠡᠵᠢᠭᠡᠨ᠎ᠡ᠃ | ᠪᠦᠳᠦᠭᠦᠯᠢᠭ ᠡᠪᠡᠰᠦ ᠪᠠᠷ ᠨᠠᠷᠢᠯᠢᠭ ᠲᠡᠵᠢᠭᠡᠬᠦ | ᠲᠠᠷᠢᠮᠠᠯ ᠤᠨ ᠡᠰᠢ ᠰᠦᠷᠡᠯ ᠢ ᠲᠠᠪᠤᠰᠤᠵᠢᠭᠤᠯᠵᠤ᠂ ᠱᠦᠯᠳᠦᠵᠢᠭᠦᠯᠵᠤ᠂ ᠰᠢᠪᠲᠤᠷᠵᠢᠭᠤᠯᠤᠨ ᠰᠢᠢᠳᠪᠦᠷᠢᠯᠡᠨ᠎ᠡ᠂ | ᠡᠰᠡᠬᠦᠯ᠎ᠡ ᠬᠡᠷᠴᠢᠭᠰᠡᠨ ᠤ ᠳᠠᠷᠠᠭ᠎ᠠ ᠨᠠᠷᠢᠯᠢᠭ ᠪᠣᠷᠳᠤᠭ᠎ᠠ ᠲᠠᠢ ᠬᠤᠯᠢᠵᠤ ᠦᠬᠡᠷ ᠢ ᠲᠡᠵᠢᠭᠡᠪᠡᠯ ᠲᠡᠵᠢᠭᠡᠯ ᠡᠪᠡᠰᠦᠨ ᠤ | ᠠᠰᠢᠭᠯᠠᠮᠵᠢ ᠶᠢ ᠳᠡᠭᠡᠭᠰᠢᠯᠡᠭᠦᠯᠵᠦ ᠂ ᠢᠳᠡᠭᠦᠰᠢ ᠴᠢᠨᠠᠷ ᠢ ᠨᠡᠮᠡᠭᠳᠡᠭᠦᠯᠦᠨ᠂ ᠲᠡᠵᠢᠭᠡᠯ ᠡᠪᠡᠰᠦ ᠶᠢ ᠠᠷᠪᠢᠯᠠᠬᠤ | ᠪᠣᠯᠣᠨ᠎ᠠ᠃ | ᠴᠦᠬᠡᠨ ᠬᠡᠮᠵᠢᠶ᠎ᠡ ᠪᠠᠷ ᠣᠯᠠᠨ ᠤᠳᠠᠭ᠎ᠠ ᠨᠡᠮᠡᠬᠦ | ᠲᠡᠵᠢᠭᠡᠯ ᠡᠪᠡᠰᠦ ᠶᠢ ᠨᠢᠭᠡ ᠯᠠ ᠤᠳᠠᠭ᠎ᠠ ᠨᠡᠮᠡᠵᠦ ᠲᠡᠵᠢᠭᠡᠪᠡᠯ᠂ ᠦᠬᠡᠷ ᠨᠢ ᠲᠤᠩ ᠠᠮᠠᠷᠬᠠᠨ ᠢᠳᠡᠰᠢ ᠭᠤᠯᠣᠬᠤ | ᠮᠠᠭᠤ ᠵᠠᠩᠰᠢᠯ ᠲᠠᠢ ᠪᠤᠯᠤᠭᠠᠳ᠂ ᠲᠡᠵᠢᠭᠡᠯ ᠡᠪᠡᠰᠦ ᠶᠢ ᠰᠦᠢᠳᠭᠡᠬᠦ ᠪᠤᠯᠣᠨ᠎ᠠ᠃ ᠪᠠᠭ᠎ᠠ ᠲᠡᠵᠢᠭᠡᠵᠦ ᠤᠯᠠᠨ ᠤᠳᠠᠭ᠎ᠠ | ᠨᠡᠮᠡᠪᠡᠯ᠂ ᠲᠡᠵᠢᠭᠡᠯ ᠡᠪᠡᠰᠦᠨ ᠳᠤ ᠠᠷᠪᠢᠲᠠᠢ ᠪᠠᠶᠢᠳᠠᠭ᠃ | ᠣᠩᠭᠤᠴᠠᠨ ᠳᠤ ᠬᠢᠵᠦ ᠲᠡᠵᠢᠭᠡᠬᠦ | ᠲᠡᠵᠢᠭᠡᠯ ᠡᠪᠡᠰᠦ ᠶᠢ ᠬᠠᠰᠢᠶ᠎ᠠ ᠬᠤᠷᠤᠭᠠᠨ ᠳᠤ ᠰᠢᠭᠤᠳ ᠬᠠᠶᠠᠵᠤ ᠦᠭᠴᠦ ᠪᠠᠶᠢᠭᠰᠠᠨ ᠳᠠᠳᠬᠠᠯ ᠢᠶᠠᠨ | ᠦᠭᠡᠷᠡᠴᠢᠯᠡᠵᠦ᠂ ᠲᠡᠵᠢᠭᠡᠯ ᠡᠪᠡᠰᠦ ᠶᠢ ᠣᠩᠭᠤᠴᠠᠨ ᠳᠤ ᠬᠢᠵᠦ ᠲᠡᠵᠢᠭᠡᠪᠡᠯ ᠲᠡᠵᠢᠭᠡᠯ ᠡᠪᠡᠰᠦ ᠨᠢ ᠪᠠᠭᠠᠰᠤ | ᠰᠢᠭᠡᠰᠦᠨ ᠳᠤ ᠪᠤᠵᠠᠷᠲᠤᠭᠳᠠᠬᠤ ᠦᠭᠡᠢ ᠪᠣᠯᠵᠤ᠂ ᠦᠬᠡᠷ ᠢᠳᠡᠰᠢᠯᠡᠭᠰᠡᠨ ᠤ ᠳᠠᠷᠠᠭ᠎ᠠ ᠭᠡᠮᠨᠡᠬᠦ ᠦᠭᠡᠢ ᠮᠦᠷᠲᠡᠭᠡᠨ | ᠶᠡᠭᠡ ᠬᠡᠮᠵᠢᠶᠡᠨ ᠤ ᠲᠡᠵᠢᠭᠡᠯ ᠡᠪᠡᠰᠦ ᠶᠢ ᠠᠷᠪᠢᠯᠠᠵᠦ ᠴᠢᠳᠠᠨ᠎ᠠ᠃ | ᠤᠷᠢᠳᠠᠪᠡᠷ ᠪᠦᠳᠦᠭᠦᠯᠢᠭ ᠳᠠᠷᠠᠭ᠎ᠠ ᠨᠢ ᠨᠠᠷᠢᠯᠢᠭ | ᠤᠷᠢᠳᠠᠪᠠᠷ ᠪᠦᠳᠦᠭᠦᠯᠢᠭ ᠪᠣᠷᠳᠤᠭ᠎ᠠ ᠪᠠᠷ ᠲᠡᠵᠢᠭᠡᠪᠡᠯ ᠦᠯᠦᠰᠦᠭᠰᠠᠠ ᠭᠥᠮᠤᠠ ᠳᠤ ᠦᠯ ᠪᠤᠭᠤ ᠶᠢᠨ ᠡᠪᠡᠷ | ᠵᠦᠭᠡᠯᠡᠠ ᠭᠡᠳᠡᠭᠴᠢᠯᠡᠠ ᠦᠬᠡᠷ ᠨᠢ ᠡᠪᠡᠰᠦ ᠭᠤᠯᠣᠬᠤ ᠦᠭᠡᠢ᠂ ᠪᠦᠳᠦᠭᠦᠯᠢᠭ ᠪᠣᠷᠳᠤᠭ᠎ᠠ ᠶᠢ ᠤᠯᠠᠨ ᠢᠳᠡᠰᠢᠯᠡᠬᠦ | ᠪᠣᠯᠣᠨ᠎ᠠ᠃ ᠳᠠᠷᠠᠭ᠎ᠠ ᠨᠢ ᠰᠢᠮ᠎ᠡ ᠲᠡᠵᠢᠭᠡᠯ ᠤᠨ ᠬᠡᠷᠡᠭᠴᠡᠭᠡ ᠶᠢ ᠦᠨᠳᠦᠰᠦᠯᠡᠨ ᠨᠠᠷᠢᠯᠢᠭ ᠪᠣᠷᠳᠤᠭ᠎ᠠ ᠪᠤᠶᠤ ᠰᠢᠯᠢᠳᠡᠭ | ᠲᠡᠵᠢᠭᠡᠯ ᠡᠪᠡᠰᠦ ᠪᠠᠷ ᠲᠡᠵᠢᠭᠡᠨ᠎ᠡ᠂ ᠢᠩᠬᠢᠪᠡᠯ ᠦᠬᠡᠷ ᠨᠢ ᠪᠦᠳᠦᠭᠦᠯᠢᠭ ᠪᠣᠷᠳᠤᠭ᠎ᠠ ᠶᠢ ᠭᠦᠢᠴᠡᠳ ᠠᠰᠢᠭᠯᠠᠵᠤ᠂ | ᠲᠡᠵᠢᠭᠡᠯ ᠡᠪᠡᠰᠦ ᠶᠢ ᠠᠷᠪᠢᠯᠠᠬᠤ ᠪᠤᠯᠤᠨ᠎ᠠ᠃ | ᠣᠩᠭᠤᠴᠠ ᠶᠢ ᠦᠭᠡᠷᠡᠴᠢᠯᠡᠬᠦ | ᠲᠡᠵᠢᠭᠡᠯ ᠤᠨ ᠤᠩᠭᠤᠴᠠ ᠨᠢ ᠬᠡᠲᠦᠷᠭᠡᠢ ᠭᠦᠶᠤᠭᠡᠠ ᠪᠤᠯ ᠦᠭᠡᠷ ᠨᠢ ᠡᠪᠡᠰᠤ ᠢᠳᠡᠰᠢᠯᠡᠭᠦ ᠦᠶᠠᠰ ᠡᠪᠡᠰᠤ ᠶᠢ | ᠭᠠᠳᠠᠨ᠎ᠠ ᠨᠢ ᠡᠳᠡᠵᠦ ᠭᠠᠷᠭᠠᠭᠠᠳ ᠪᠦᠷᠢᠯᠭᠡᠭᠦ ᠪᠤᠯᠤᠨ᠎ᠠ᠂ ᠡᠶᠢᠮᠦ ᠠᠴᠠ ᠲᠡᠵᠢᠭᠡᠯ ᠤᠨ ᠣᠩᠭᠤᠴᠠ ᠬᠢᠬᠦ ᠳᠤ᠂ | ᠤᠩᠭᠤᠴᠨ ᠶᠢ ᠭᠦᠨ ᠰᠢᠭ ᠬᠢᠵᠦ᠂ ᠶᠡᠷᠦ ᠳᠡᠭᠡᠨ 40 ᠰᠠᠨᠲ᠋ᠢᠮᠧᠳ᠋ᠷ ᠬᠢᠷᠢᠲᠠᠢ ᠬᠢᠪᠡᠯ ᠰᠠᠶᠢᠨ ᠶᠤᠮ᠃ | ᠦᠯᠡᠳᠡᠭᠰᠡᠨ ᠡᠪᠡᠰᠦ ᠶᠢ ᠪᠣᠯᠪᠠᠰᠤᠷᠠᠭᠤᠯᠬᠤ | ᠦᠩᠭᠡᠷᠡᠭᠰᠡᠨ ᠳᠤ ᠶᠡᠷᠦ ᠳᠡᠭᠡᠨ ᠦᠬᠡᠷ ᠤᠨ ᠢᠳᠡᠰᠢᠯᠡᠭᠡᠳ ᠦᠯᠡᠳᠡᠭᠰᠡᠨ ᠪᠦᠳᠦᠭᠦᠯᠢᠭ ᠬᠠᠲᠠᠭᠤ ᠡᠰᠢ | ᠰᠦᠷᠡᠯ ᠢ ᠲᠦᠯᠡᠰᠢ ᠪᠣᠯᠭᠠᠨ ᠰᠢᠲᠠᠭᠠᠳᠠᠭ ᠪᠠᠶᠢᠨ᠎ᠠ᠂ ᠲᠡᠭᠦᠨ ᠢ ᠲᠡᠭᠦᠨ ᠠᠪᠴᠦ ᠬᠠᠲᠠᠭᠠᠭᠠᠳ ᠭᠡᠮᠭᠡᠯᠤᠭᠦᠷ | ᠮᠠᠰᠢᠠ ᠢᠶᠠᠷ ᠲᠠᠬᠢᠠ ᠭᠡᠮᠭᠡᠯᠵᠤ ᠨᠤᠡᠳᠠᠭ ᠪᠤᠯᠭᠠᠵᠤ ᠦᠭᠡᠷ ᠢ ᠲᠡᠵᠢᠭᠡᠪᠡᠯ᠂ ᠡᠰᠢ ᠰᠦᠷᠡᠯ ᠤᠨ ᠠᠰᠢᠭᠯᠠᠮᠵᠢ ᠶᠢ | ᠪᠦᠲᠦᠮᠵᠢᠲᠡᠢ ᠳᠡᠭᠡᠭᠰᠢᠯᠡᠭᠦᠯᠵᠦ ᠴᠢᠳᠠᠨ᠎ᠠ᠃ | ᠰᠡᠭᠡᠯ ᠢ ᠠᠷᠪᠢᠯᠠᠬᠤ | ᠬᠠᠰᠢᠶ᠎ᠠ ᠬᠤᠷᠤᠭᠠᠠ ᠤ ᠠᠷᠢᠭᠤᠠ ᠴᠡᠪᠡᠷ ᠢ ᠪᠠᠳᠤᠯᠠᠬᠤ ᠭᠡᠪᠡᠯ ᠠᠯᠢ ᠴᠢᠳᠠᠬᠤ ᠪᠠᠷ ᠬᠠᠶᠠᠬᠳᠠᠮᠠᠯ ᠬᠤᠭ | ᠡᠪᠡᠰᠤ ᠪᠠᠷ ᠦᠭᠡᠷ ᠤᠨ ᠰᠡᠭᠡᠯ ᠪᠤᠯᠭᠠᠵᠤ᠂ ᠲᠡᠵᠢᠭᠡᠯ ᠡᠪᠡᠰᠤᠠ ᠤ ᠰᠦᠢᠳᠤᠯ ᠢ ᠪᠠᠭᠠᠰᠬᠠᠨ᠎ᠠ᠃ |