ᠡᠯᠡᠰᠣᠨ ᠳᠤ ᠵᠠᠮ ᠠᠯᠳᠠᠳᠠᠭ ᠦᠭᠡᠢ ᠮᠠᠯᠴᠢᠨ ᠵᠢᠯᠣᠭᠤᠴᠢ
ᠨᠡᠶᠢᠲᠡᠯᠡᠭᠰᠡᠨ ᠴᠠᠭ᠄
2021/8/12
    ᠳᠡᠭᠷᠢ ᠡᠯᠡᠰᠦᠨ ᠤ ᠦᠨᠳᠣᠷ ᠴᠣᠬᠢᠶᠠᠳ ᠢ ᠠᠩᠬ᠎ᠠ ᠬᠠᠷᠠᠬᠤ ᠳᠤ ᠪᠦᠷ ᠨᠢᠬᠡ ᠯᠡ ᠠᠳᠠᠯᠢᠬᠠᠨ ᠬᠠᠷᠠᠭᠳᠠᠵᠦ᠂ ᠬᠦᠮᠦᠨ ᠠᠮᠢᠳᠠᠨ ᠤ ᠶᠠᠪᠤᠵᠤ ᠦᠩᠭᠡᠷᠡᠭᠰᠡᠨ ᠵᠠᠮ ᠮᠦᠷ ᠳᠦᠳᠡᠯ ᠦᠬᠡᠢ ᠰᠠᠯᠬᠢᠨ ᠳᠤ ᠪᠠᠯᠠᠷᠠᠵᠦ ᠤᠳᠳᠠᠭ᠃ ᠡᠶᠢᠮᠦᠷᠬᠦ ᠤᠯᠠᠭᠠᠨ ᠨᠢᠴᠦᠬᠦᠨ ᠡᠯᠡᠰᠦᠨ ᠳᠤ ᠠᠶᠠᠯᠠᠬᠤ ᠳᠤ ᠡᠯᠡᠰᠦᠨ ᠤ ᠤᠷᠦ᠋ᠢᠳ ᠢᠶᠠᠷ ᠳᠡᠮᠳᠡᠭ ᠪᠠᠷᠢᠶ᠎ᠠ ᠬᠡᠬᠦ ᠳᠤ ᠰᠠᠯᠬᠢᠨ ᠤ ᠬᠦᠴᠦ ᠪᠠᠷ ᠳᠡᠬᠦᠨ ᠤ ᠬᠡᠯᠪᠡᠷᠢ ᠶᠠᠩᠵᠦ ᠴᠢᠭᠯᠡᠯ ᠨᠢ ᠦᠷᠬᠦᠯᠵᠢ ᠬᠤᠪᠢᠷᠠᠵᠦ ᠪᠠᠶᠢᠳᠠᠭ ᠳᠤᠯᠠ ᠶᠠᠪᠤᠵᠤ ᠦᠩᠭᠡᠷᠡᠭᠰᠡᠨ ᠮᠦᠷ ᠢᠶᠠᠷ ᠪᠤᠴᠠᠬᠤ ᠳᠠᠭᠠᠨ ᠴᠦ ᠳᠦᠬᠡᠷᠢᠬᠦ ᠶᠠᠪᠤᠳᠠᠯ ᠭᠠᠷᠳᠠᠭ ᠠᠵᠢ᠃ ᠡᠯᠡᠰᠣ ᠭᠡᠵᠣ ᠡᠶᠢᠮᠣ ᠯᠠ ᠰᠦᠷᠯᠢᠭᠭᠡᠨ᠃     ᠠᠯᠠᠱᠠ ᠵᠡᠬᠦᠨ ᠬᠤᠰᠢᠭᠤᠨ ᠤ ᠴᠣᠭᠳᠣᠬᠦ᠋ᠷᠢᠶ᠎ᠡ ᠰᠣᠮᠣᠨ ᠤ ᠵᠠᠭᠳᠣ ᠭᠠᠴᠠᠭᠠᠨ ᠤ ᠮᠠᠯᠴᠢᠨ ᠰᠣᠶᠣᠯᠳᠣ ᠬᠠᠷᠢᠨ ᠨᠡᠯᠣᠭᠡᠷ ᠶᠡᠭᠡ ᠡᠯᠡᠰᠣᠨ ᠳᠣᠮᠳᠠ ᠵᠠᠮ ᠮᠦᠷ ᠠᠯᠳᠠᠳᠠᠭ ᠦᠭᠡᠢ ᠭᠠᠶᠢᠬᠠᠮᠠᠷ ᠡᠷᠳᠡᠮ ᠲᠠᠢ ᠮᠠᠯᠴᠢᠨ ᠵᠢᠯᠣᠭᠤᠴᠢ ᠶᠤᠮ᠃ ᠰᠣᠶᠣᠯᠳᠣ ᠶᠢᠨ ᠨᠢᠳᠣ ᠨᠢ ᠬᠢᠷᠠᠬᠠᠢ᠂ ᠴᠡᠭᠡᠵᠢᠯᠡᠬᠦᠢ ᠨᠢ ᠬᠤᠷᠴᠠ᠂ ᠵᠦᠭ ᠴᠢᠭᠯᠡᠯ ᠳᠤ ᠣᠨᠴᠠᠭᠠᠢ ᠮᠡᠳᠡᠷᠡᠮᠵᠢ ᠲᠠᠢ᠂ ᠭᠠᠵᠠᠷ ᠤᠨ ᠪᠠᠶᠢᠴᠠ ᠶᠢ ᠠᠵᠢᠵᠦ ᠳᠤᠭᠳᠠᠭᠠᠬᠤ ᠳᠠᠭᠠᠨ ᠴᠢᠳᠠᠮᠠᠭᠠᠢ ᠬᠡᠳᠡᠭ ᠨᠢ ᠶᠡᠭᠡ ᠬᠠᠴᠢᠷᠬᠠᠯᠳᠠᠢ᠃ ᠨᠢᠭᠡ ᠯᠠ ᠣᠳᠠᠭ᠎ᠠ ᠶᠠᠪᠣᠭᠰᠠᠨ ᠦᠩᠭᠡᠷᠡᠭᠰᠡᠨ ᠵᠠᠮ ᠢᠶᠠᠨ ᠳᠣᠪ ᠳᠣᠳᠣᠬᠠᠨ ᠴᠡᠭᠡᠵᠢᠯᠡᠵᠦ ᠳᠤᠭᠳᠠᠭᠠᠵᠦ ᠴᠢᠳᠠᠳᠠᠭ ᠰᠦᠷᠡᠭᠡᠢ ᠵᠠᠮᠴᠢ ᠪᠠᠶᠢᠭ᠎ᠠ ᠶᠤᠮ᠃ 14 ᠵᠢᠯ ᠡᠯᠡᠰᠣᠨ ᠤ ᠵᠢᠭᠤᠯᠴᠢᠯᠠᠯ ᠢᠶᠠᠷ ᠳᠡᠷᠭᠡ ᠮᠠᠰᠢᠨ ᠪᠠᠷᠢᠬᠤ ᠳᠠᠭᠠᠨ ᠨᠢᠬᠡ ᠴᠦ ᠤᠳᠠᠭ᠎ᠠ ᠵᠠᠮ ᠳᠦᠬᠡᠷᠢᠵᠦ ᠦᠩᠭᠡᠷᠡᠭᠡ ᠦᠬᠡᠢ ᠮᠦᠷᠳᠡᠬᠡᠨ ᠬᠠᠮᠤᠭ ᠳᠦᠳᠡ ᠵᠠᠮ ᠢᠶᠠᠷ ᠬᠠᠮᠤᠭ ᠬᠤᠷᠳᠤᠨ ᠦᠢᠯᠡᠴᠢᠯᠡᠭᠡ ᠬᠠᠩᠭᠠᠵᠦ ᠪᠠᠶᠢᠳᠠᠭ ᠢᠶᠠᠷ ᠵᠤᠭᠠᠴᠠᠭᠴᠢ ᠤᠯᠠᠨ ᠳᠤ ᠮᠠᠭᠳᠠᠭᠳᠠᠵᠦ᠂ ᠠᠵᠢᠯ ᠨᠢᠬᠡᠳᠡᠨ ᠳᠡᠭᠡᠨ ᠪᠢᠰᠢᠷᠡᠭᠳᠡᠵᠦ ᠶᠠᠪᠤᠳᠠᠭ ᠪᠢᠯᠡ᠃     ᠰᠣᠶᠣᠯᠳᠣ 1994 ᠣᠨ ᠳᠤ ᠰᠣᠷᠭᠠᠭᠤᠯᠢ ᠪᠠᠨ ᠳᠡᠬᠦᠰᠭᠡᠭᠡᠳ ᠨᠣᠳᠤᠭ ᠲᠠᠭᠠᠨ ᠬᠠᠷᠢᠵᠣ ᠮᠠᠯ ᠢᠶᠠᠨ ᠬᠠᠷᠢᠭᠤᠯᠣᠨ ᠮᠠᠯᠴᠢᠨ ᠵᠠᠶᠠᠭ᠎ᠠ ᠪᠠᠨ ᠡᠳ᠋ᠯᠡᠨ ᠰᠠᠭᠤᠭᠰᠠᠨ ᠪᠠᠶᠢᠵᠡᠢ᠃ ᠳᠡᠷᠡ ᠮᠠᠨᠢ ᠨᠣᠳᠤᠭ ᠤᠨ ᠢᠶᠠᠨ ᠬᠤᠷᠮᠣᠢ ᠳᠤ ᠡᠳᠣᠷ ᠢᠷᠡᠬᠦᠶ᠎ᠡ ᠬᠦᠭᠵᠢᠵᠣ ᠪᠠᠶᠢᠭ᠎ᠠ ᠵᠢᠭᠤᠯᠴᠢᠯᠠᠯ ᠤᠨ ᠣᠶᠢᠯᠡᠰ ᠤᠨ ᠢᠷᠡᠭᠡᠳᠦᠢ ᠰᠠᠶᠢᠨ ᠪᠣᠯᠬᠤ ᠶᠢ ᠠᠵᠢᠭᠠᠳ ᠡᠯᠡᠰᠣᠨ ᠳᠤ ᠳᠡᠷᠭᠡ ᠮᠠᠰᠢᠨ ᠵᠢᠯᠣᠭᠤᠳᠣᠨ ᠰᠣᠷᠴᠣ᠂ 2007 ᠤᠨ ᠠᠴᠠ ᠡᠬᠢᠯᠡᠵᠣ ᠬᠠᠯᠳᠠᠷ ᠨᠠᠭᠤᠷ ᠤᠨ ᠵᠢᠭᠤᠯᠴᠢᠯᠠᠯ ᠤᠨ ᠦᠵᠡᠮᠵᠢ ᠶᠢᠨ ᠣᠷᠣᠨ ᠳᠤ ᠳᠣᠰᠬᠠᠢ ᠳᠡᠷᠭᠡ ᠮᠠᠰᠢᠨ ᠪᠠᠷᠢᠵᠣ ᠠᠶᠠᠨᠴᠢᠳ ᠢ ᠳᠡᠭᠡᠭᠡᠵᠣ ᠪᠠᠶᠢᠵᠡᠢ᠃ ︽ᠵᠢᠭᠤᠯᠴᠢᠯᠠᠯ ᠤᠨ ᠺᠣᠮᠫᠠᠨᠢ ᠳᠤ ᠠᠵᠢᠯᠯᠠᠬᠤ ᠳᠤ ᠦᠭᠡᠷ᠎ᠠ ᠵᠦᠢᠯ ᠢ ᠬᠢᠬᠦ ᠴᠠᠭ ᠵᠠᠪ ᠣᠯᠭᠤᠳᠠᠭ ᠦᠭᠡᠢ᠂ ᠳᠤᠭᠳᠠᠮᠠᠯ ᠤᠷᠤᠯᠭ᠎ᠠ ᠪᠠᠨ ᠳᠦᠰᠢᠵᠦ ᠠᠮᠢᠳᠤᠷᠠᠬᠤ ᠠᠴᠠ ᠠᠵᠦ ᠠᠮᠢᠳᠤᠷᠠᠯ ᠤᠨ ᠳᠡᠭᠡᠭᠰᠢᠯᠡᠯᠳᠡ ᠳᠡᠶᠢᠮᠦ ᠰᠠᠶᠢᠨ ᠪᠢᠰᠢ︾ ᠭᠡᠵᠣ ᠰᠣᠶᠣᠯᠳᠣ ᠵᠢᠭᠤᠯᠴᠢᠯᠠᠯ ᠤᠨ ᠺᠣᠮᠫᠠᠨᠢ ᠳᠤ ᠠᠵᠢᠯᠯᠠᠵᠣ ᠪᠠᠶᠢᠭᠰᠠᠨ ᠦᠩᠭᠡᠷᠡᠯᠳᠡ ᠪᠠᠨ ᠶᠠᠷᠢᠨ᠎ᠠ᠃ ᠶᠡᠷᠣᠨᠢ ᠬᠤᠪᠢ ᠪᠠᠷ ᠢᠶᠠᠨ ᠬᠢᠪᠡᠯ ᠡᠷᠭᠡ ᠴᠢᠯᠦᠭᠡ ᠲᠠᠢ᠂ ᠣᠷᠣᠯᠭ᠎ᠠ ᠪᠠᠨ ᠨᠡᠮᠡᠭᠳᠡᠬᠦᠯᠬᠦ ᠪᠣᠯᠣᠮᠵᠢ ᠲᠠᠢ ᠬᠡᠵᠦ ᠪᠤᠳᠤᠭᠰᠠᠨ ᠰᠣᠶᠣᠯᠳᠣ ᠬᠠᠯᠳᠠᠷ ᠨᠠᠭᠤᠷ ᠤᠨ ᠵᠢᠭᠤᠯᠴᠢᠯᠠᠯ ᠤᠨ ᠣᠷᠣᠨ ᠠᠴᠠ ᠰᠠᠯᠵᠣ᠂ ᠢᠷᠭᠠᠢ ᠶᠢᠨ ᠰᠢᠨ᠎ᠡ ᠰᠣᠶᠣᠯ ᠣᠯᠠᠨ ᠣᠯᠣᠰ ᠤᠨ ᠵᠢᠭᠤᠯᠴᠢᠯᠠᠯ ᠤᠨ ᠺᠣᠮᠫᠠᠨᠢ ᠲᠠᠢ ᠬᠠᠷᠢᠴᠠᠨ ᠵᠤᠭᠠᠴᠠᠭᠴᠢ ᠶᠢᠨ ᠡᠬᠢ ᠪᠠᠶᠠᠯᠢᠭ ᠢ ᠳᠠᠳᠠᠵᠦ 2018 ᠣᠨ ᠠᠴᠠ ᠡᠬᠢᠯᠡᠵᠣ ᠨᠣᠳᠤᠭ ᠲᠠᠭᠠᠨ ᠶᠠᠪᠠᠭᠠᠨ ᠠᠶᠠᠯᠠᠯ ᠢ ᠬᠢᠭᠰᠡᠨ ᠪᠠᠶᠢᠨ᠎ᠠ᠃ ᠨᠢᠭᠡ ᠰᠠᠷ᠎ᠠ ᠳᠤ ᠭᠤᠷᠪᠠᠨ ᠣᠳᠠᠭ᠎ᠠ ᠵᠢᠭᠤᠯᠴᠢᠯᠠᠯ ᠤᠨ ᠪᠦᠯᠬᠦᠮ ᠳᠠᠭᠠᠵᠦ ᠦᠢᠯᠡᠴᠢᠯᠡᠨ᠂ ᠨᠢᠭᠡ ᠣᠳᠠᠭ᠎ᠠ ᠳᠤ ᠪᠠᠷᠤᠭ ᠶᠢᠰᠣᠨ ᠡᠳᠣᠷ ᠶᠠᠪᠣᠵᠣ᠂ ᠨᠢᠭᠡ ᠰᠠᠷ᠎ᠠ ᠳᠤ ᠳᠣᠯᠣᠭᠠᠨ ᠮᠢᠩᠭᠠᠨ ᠳᠦᠬᠦᠷᠢᠭ ᠤᠨ ᠴᠠᠯᠢᠩ ᠣᠯᠳᠠᠭ ᠬᠡᠨ᠎ᠠ᠃ ᠰᠣᠶᠣᠯᠳᠣ ᠣᠳᠣᠬᠠᠨ ᠳᠤ ᠪᠠᠰᠠ ᠮᠠᠰᠢᠨ ᠳᠡᠷᠭᠡ ᠬᠦᠯᠦᠰᠦᠯᠡᠬᠦ ᠺᠣᠮᠫᠠᠨᠢ ᠭᠠᠷᠭᠠᠬᠤ ᠰᠠᠨᠠᠭ᠎ᠠ ᠲᠠᠢ ᠪᠠᠶᠢᠯ᠎ᠠ᠃     ᠰᠤᠶᠤᠯᠳᠤ ᠵᠠᠮ ᠳᠤ ᠰᠠᠶᠢᠨ ᠮᠦᠷᠳᠡᠬᠡᠨ ᠰᠡᠳᠬᠢᠯ ᠴᠠᠶᠢᠯᠭᠠᠨ ᠳᠤᠰᠠᠷᠬᠠᠭ ᠬᠦᠮᠦᠨ ᠶᠤᠮ᠃ ᠪᠤᠶᠢᠳᠠ ᠪᠦᠭᠯᠡᠬᠦᠣ ᠡᠯᠡᠰᠣᠨ ᠳᠤ ᠳᠡᠷᠭᠡ ᠮᠠᠰᠢᠨ ᠢᠶᠠᠷ ᠢᠶᠠᠨ ᠭᠡᠨ ᠨᠢᠭᠡ ᠨᠢ ᠭᠡᠨᠡᠳᠡᠬᠦ ᠶᠠᠪᠣᠳᠠᠯ ᠵᠦᠩᠳᠡᠭᠡᠨ ᠳᠣᠬᠢᠶᠠᠯᠳᠣᠳᠠᠭ ᠮᠦᠷᠳᠡᠬᠡᠨ ᠵᠦᠭ ᠴᠢᠭᠯᠡᠯ ᠢᠶᠠᠨ ᠠᠯᠳᠠᠵᠣ ᠳᠦᠭᠡᠷᠢᠵᠣ ᠮᠣᠩᠭᠠᠨᠢᠭᠰᠠᠨ ᠣᠴᠢᠷ ᠪᠠᠶᠢᠩᠭᠤ ᠭᠠᠷᠳᠠᠭ᠃ ᠰᠣᠶᠣᠯᠳᠣ ᠳᠠᠩᠳᠠ ᠡᠯᠡᠰᠣᠨ ᠳᠤ ᠡ᠊ᠡᠳᠡᠭᠰᠡᠨ ᠳᠡᠷᠭᠡ ᠮᠠᠰᠢᠨ ᠢ ᠳᠠᠳᠠᠵᠣ ᠭᠠᠷᠭᠠᠨ ᠬᠠᠮᠤᠭ ᠳᠦᠳᠡ ᠵᠠᠮ ᠢᠶᠠᠷ ᠵᠠᠮᠴᠢᠯᠠᠨ᠂ ᠵᠣᠭᠤᠰ ᠮᠦᠩᠭᠦ ᠠᠪᠬᠤ ᠦᠭᠡᠢ ᠪᠠᠷ ᠬᠠᠪᠰᠣᠷᠴᠣ ᠳᠡᠮᠵᠢᠳᠡᠭ ᠠᠵᠢ᠃ 2014 ᠣᠨ ᠤ ᠵᠣᠨ ᠱᠠᠩᠬᠠᠢ ᠠᠴᠠ ᠳᠣᠰᠬᠠᠢ ᠵᠢᠭᠤᠯᠴᠢᠯᠠᠯ ᠢᠶᠠᠷ ᠢᠷᠡᠭᠰᠡᠨ ᠭᠤᠷᠪᠠᠨ ᠣᠶᠣᠳᠠᠨ ᠪᠠᠶᠠᠨᠬᠤᠳᠠ ᠠᠴᠠ ᠬᠠᠯᠳᠠᠷ ᠨᠠᠭᠤᠷ ᠤᠨ ᠦᠵᠡᠮᠵᠢ ᠶᠢᠨ ᠣᠷᠣᠨ ᠣᠷᠣᠭᠤ ᠶᠠᠪᠠᠭᠠᠨ ᠠᠶᠠᠯᠠᠭᠠᠳ ᠳᠦᠭᠡᠷᠢᠵᠣ ᠦᠵᠡᠮᠵᠢ ᠶᠢᠨ ᠤᠷᠤᠨ ᠠᠴᠠ ᠠᠪᠤᠷᠠᠯᠳᠠ ᠭᠤᠶᠤᠭᠰᠠᠨ ᠪᠠᠶᠢᠪᠠ ᠃ ᠰᠣᠶᠣᠯᠳᠣ ᠬᠠᠮᠳᠣ ᠠᠵᠢᠯᠳᠠᠳ ᠲᠠᠢ ᠪᠠᠨ ᠬᠠᠮᠳᠣ ᠰᠦᠨᠢ ᠳᠦᠯᠢ ᠪᠠᠷ ᠡᠷᠢᠵᠣ ᠬᠠᠶᠢᠵᠣ ᠪᠠᠶᠢᠭᠠᠳ ᠡᠯᠡᠰᠣᠨ ᠳᠤᠮᠳᠠ ᠠᠴᠠ ᠳᠡᠳᠡᠨ ᠢ ᠣᠯᠵᠣ ᠠᠪᠣᠷᠠᠵᠣ ᠭᠠᠷᠭᠠᠵᠡᠢ᠃ ︽ᠡᠶᠢᠮᠣᠷᠬᠦᠣ ᠠᠪᠣᠷᠠᠵᠣ ᠬᠠᠶᠢᠬᠤ ᠠᠵᠢᠯ ᠵᠦᠩᠳᠡᠭᠡᠨ ᠳᠣᠬᠢᠶᠠᠯᠳᠣᠳᠠᠭ᠂ ᠶᠠᠮᠠᠷ ᠴᠦ ᠶᠠᠪᠣᠳᠠᠯ ᠭᠡᠳ ᠪᠦᠷ ᠳᠣᠯᠭᠠᠷᠠᠵᠣ ᠦᠩᠭᠡᠷᠡᠭᠰᠡᠨ᠃ ᠭᠡᠨ ᠴᠦ ᠭᠡᠳ ᠬᠦᠴᠢᠷ ᠵᠣᠪᠠᠯᠠᠩ ᠳᠤ ᠣᠴᠠᠷᠠᠨ᠎ᠠ᠂ ᠬᠠᠪᠰᠣᠷᠴᠣ ᠳᠡᠮᠵᠢᠵᠣ ᠶᠠᠪᠣᠬᠤ ᠨᠢ ᠵᠣᠬᠢᠰᠳᠠᠢ︾ ᠭᠡᠮᠡᠨ ᠰᠣᠶᠣᠯᠳᠣ ᠢᠨᠢᠶᠡᠮᠰᠣᠭ᠍ᠯᠡᠨ ᠶᠠᠷᠢᠨ᠎ᠠ᠃ 2012 ᠣᠨ ᠤ ᠪᠢᠳᠡᠬᠦᠨ ᠤ ᠰᠦᠨᠢ ᠵᠡᠷᠭᠡᠯᠡᠳᠡᠭᠡ ᠠᠶᠢᠯ ᠤᠨ ᠭᠡᠣᠭᠡᠳ ᠭᠡᠨᠡᠳᠳᠡ ᠬᠠᠯᠠᠭᠤᠷᠠᠵᠦ ᠡᠪᠡᠳᠴᠢᠯᠡᠬᠦ ᠪᠠᠷ ᠰᠣᠶᠣᠯᠳᠣ ᠰᠦᠨᠢ ᠪᠠᠷ ᠮᠠᠰᠢᠨ ᠪᠠᠷᠢᠨ ᠭᠡᠣᠭᠡᠳ ᠢ ᠡᠯᠡᠰᠣᠨ ᠬᠤᠳᠣᠭᠤᠷ ᠠᠴᠠ ᠭᠠᠷᠭᠠᠨ ᠡᠮᠨᠡᠯᠭᠡ ᠳᠤ ᠬᠦᠷᠭᠡᠵᠣ ᠡᠮᠴᠢᠯᠡᠬᠦᠯᠦᠭᠰᠡᠨ ᠪᠠᠶᠢᠯ᠎ᠠ᠃ ᠰᠤᠶᠤᠯᠳᠤ ᠶᠢᠨ ᠭᠠᠴᠠᠭᠠᠨ ᠳᠤ ᠭᠠᠭᠴᠠ ᠪᠡᠶ᠎ᠠ ᠨᠢᠭᠡᠨ ᠨᠠᠰᠣᠳᠠᠨ ᠠᠮᠢᠳᠤᠷᠠᠵᠦ ᠪᠠᠶᠢᠳᠠᠭ᠃ ᠳᠡᠷᠡ ᠦᠷᠬᠦᠯᠵᠢ ᠳᠡᠳᠡᠨ ᠤ ᠳᠤ ᠤᠴᠢᠵᠦ ᠠᠵᠢᠯ ᠠᠬᠤᠢ ᠶᠢ ᠨᠢ ᠬᠠᠪᠰᠣᠷᠣᠨ᠂ ᠠᠮᠢᠳᠣᠷᠠᠯ ᠳᠤᠨᠢ ᠳᠡᠮᠵᠢᠯᠭᠡ ᠦᠵᠡᠬᠦᠯᠳᠡᠭ ᠪᠠᠶᠢᠵᠡᠢ᠃ ᠳᠡᠶᠢᠨᠬᠦ ᠨᠠᠰᠣᠳᠠᠨ ᠬᠦᠭᠰᠢᠷᠡᠬᠦ ᠪᠠᠷ ᠣᠬᠠᠭ᠎ᠠ ᠨᠢ ᠡᠳᠣᠷ ᠠᠴᠠ ᠡᠳᠣᠷ ᠮᠠᠭᠤᠳᠠᠵᠣ᠂ ᠶᠠᠮᠠᠷ ᠬᠦᠮᠣᠨ ᠢ ᠴᠦ ᠳᠠᠨᠢᠬᠤ ᠦᠭᠡᠢ ᠪᠣᠯᠣᠭᠰᠠᠨ ᠪᠣᠯᠪᠠᠴᠣ ᠭᠠᠭᠴᠠ ᠰᠣᠶᠣᠯᠳᠣ ᠶᠢ ᠳᠠᠨᠢᠵᠣ ᠨᠡᠷ᠎ᠡ ᠶᠢ ᠨᠢ ᠳᠠᠭᠤᠳᠠᠵᠣ ᠪᠠᠶᠢᠭᠰᠠᠨ ᠭᠡᠨ᠎ᠡ᠃ ᠬᠠᠪᠰᠣᠷᠣᠯᠭ᠎ᠠ ᠳᠡᠮᠵᠢᠯᠭᠡ ᠭᠡᠵᠣ ᠬᠦᠮᠣᠨ ᠤ ᠬᠠᠮᠤᠭ ᠵᠦᠳᠡᠷᠡᠯᠳᠡᠢ ᠦᠶ᠎ᠡ ᠳᠤ ᠬᠦᠷᠭᠡᠭᠰᠡᠨ ᠬᠠᠯᠠᠭᠤᠨ ᠰᠡᠳᠬᠢᠯ᠂ ᠨᠢᠭᠡ ᠨᠠᠰᠣᠨ ᠳᠤ ᠮᠠᠷᠳᠠᠭᠳᠠᠰᠢ ᠦᠭᠡᠢ ᠳᠠᠮᠠᠭᠠᠯᠠᠭᠰᠠᠨ ᠬᠦᠨᠳᠦᠳᠭᠡᠯ ᠪᠣᠶᠠᠨ ᠪᠣᠶᠣ᠃     ᠰᠣᠶᠣᠯᠳᠣ ᠪᠣᠯ ᠵᠠᠭᠳᠣ ᠭᠠᠴᠠᠭᠠᠨ ᠤ ᠨᠠᠮ ᠤᠨ ᠡᠬᠦᠷ ᠤᠨ ᠭᠡᠰᠢᠬᠦᠨ᠂ ᠭᠠᠴᠠᠭᠠᠨ ᠤ ᠵᠦᠪᠯᠡᠯ ᠤᠨ ᠭᠡᠰᠢᠬᠦᠨ ᠮᠥᠨ᠃ ᠶᠡᠷᠣᠨᠢ ᠠᠮᠢᠳᠣᠷᠠᠯ ᠠᠵᠢᠯ ᠣᠶᠢᠯᠡᠰ ᠲᠡᠭᠡᠨ ᠴᠢᠷᠮᠠᠶᠢᠯᠳᠠ ᠲᠠᠢ ᠳᠡᠷᠠ ᠮᠠᠨᠢ ᠦᠪᠡᠷ ᠤᠨ ᠠᠵᠢᠯ ᠢᠶᠠᠨ ᠠᠮᠵᠢᠭᠤᠯᠵᠣ ᠬᠢᠬᠦ ᠶᠢᠨ ᠳᠠᠭᠠᠣ ᠳᠤ ᠭᠠᠴᠠᠭᠠᠨ ᠤ ᠠᠵᠢᠯ᠂ ᠠᠷᠣ ᠭᠡᠷ ᠤᠨ ᠢᠶᠠᠨ ᠠᠵᠢᠯ ᠠᠬᠤᠢ ᠶᠢ ᠣᠷᠬᠢᠭᠳᠠᠭᠤᠯᠣᠯ ᠦᠭᠡᠢ ᠪᠠᠷ ᠰᠠᠶᠢᠬᠠᠨ ᠠᠪᠴᠣ ᠬᠢᠯᠠᠷᠠᠭᠤᠯᠳᠠᠯ᠎ᠠ ᠬᠢᠵᠦ ᠪᠡᠶᠡᠯᠡᠬᠦᠯᠵᠦ ᠶᠠᠪᠣᠨ᠎ᠠ᠃ ᠳᠡᠷᠡ ᠠᠵᠠ ᠵᠢᠷᠭᠠᠯ ᠤᠨ ᠢᠶᠠᠨ ᠠᠯᠳᠠᠨ ᠵᠠᠮ ᠢᠶᠠᠷ ᠵᠢᠯᠤᠭᠤ ᠠᠯᠳᠠᠯ ᠦᠬᠡᠢ ᠳᠡᠪᠬᠢᠭᠤᠯᠵᠤ ᠪᠠᠶᠢᠨᠠᠮ᠃
 
ᠢᠷᠡᠯᠲᠡ᠄ ᠠᠯᠠᠱᠠ ᠶᠢᠨ ᠡᠳᠦᠷ ᠤᠨ ᠰᠦ᠋‌‍ᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号