ᠠᠶᠤᠩᠭ᠎ᠠ ᠴᠠᠬᠢᠯᠭᠠᠨ ᠤ ᠠᠶᠤᠯ ᠠᠴᠠ ᠬᠡᠷᠬᠢᠨ ᠰᠡᠷᠭᠡᠶᠢᠯᠡᠬᠦ ᠪᠣᠢ︖
ᠨᠡᠶᠢᠲᠡᠯᠡᠭᠰᠡᠨ ᠴᠠᠭ᠄
2021/8/12
    ︵1︶ ᠳᠠᠷᠣᠢ ᠲᠥᠷᠭᠡᠨ ᠬᠥᠳᠡᠯᠮᠥᠷᠢᠯᠡᠬᠦ ᠪᠠᠨ ᠵᠤᠭᠰᠣᠵᠣ᠂ ᠠᠭᠤᠯᠠᠨ ᠠᠭᠤᠢ ᠪᠣᠶᠣ ᠳᠠᠯᠳᠠ ᠭᠠᠵᠠᠷ ᠣᠷᠣᠵᠣ ᠠᠶᠣᠯ ᠠᠴᠠ ᠵᠠᠶᠢᠯᠠᠨ᠎ᠠ᠃     ︵2︶ ᠮᠣᠳᠣ᠂ ᠴᠠᠬᠢᠯᠭᠠᠨ ᠣᠳᠠᠰᠣᠨ ᠤ ᠪᠠᠭᠠᠨ᠎ᠠ᠂ ᠬᠤᠯᠠᠩ ᠵᠡᠷᠭᠡ ᠠᠴᠠ ᠬᠤᠯᠠ ᠪᠠᠶᠢᠬᠤ ᠬᠡᠷᠡᠭᠲᠡᠢ᠃ ᠬᠡᠭᠡᠷ᠎ᠡ ᠭᠠᠳᠠᠨᠠᠬᠢ ᠭᠠᠭᠴᠠ ᠰᠠᠷᠠᠪᠴᠢ ᠳᠣᠲᠣᠷ᠎ᠠ ᠳᠠᠯᠳᠠᠯᠠᠵᠣ ᠪᠣᠯᠬᠤ ᠥᠭᠡᠢ᠂ ᠣᠨᠴᠠᠭᠠᠶᠢᠯᠠᠨ ᠴᠠᠬᠢᠯᠭᠠᠨ ᠣᠳᠠᠰᠣᠨ ᠠᠴᠠ ᠡᠷᠬᠡᠪᠰᠢ ᠬᠤᠯᠠ ᠪᠠᠶᠢᠬᠤ ᠬᠡᠷᠡᠭᠲᠡᠢ᠃     ︵3︶ ᠬᠡᠷᠪᠡ ᠵᠣᠬᠢᠰᠲᠠᠢ ᠠᠶᠤᠩᠭ᠎ᠠ ᠳᠠᠯᠳᠠᠯᠠᠬᠤ ᠲᠠᠯᠠᠪᠣᠷ ᠣᠯᠬᠤ ᠥᠭᠡᠢ ᠪᠣᠯ ᠨᠢᠭᠡ ᠬᠡᠰᠡᠭ ᠬᠤᠲᠣᠭᠤᠷ ᠭᠠᠵᠠᠷ ᠡᠭᠡᠷᠢᠵᠥ ᠶᠠᠪᠠᠭᠠᠨ ᠰᠠᠭᠤᠵᠣ ᠳᠠᠯᠳᠠᠯᠠᠨ᠎ᠠ᠃ ᠤᠨᠴᠠᠭᠠᠶᠢᠯᠠᠨ ᠠᠩᠬᠠᠷᠬᠤ ᠨᠢ ᠣᠯᠠᠨ ᠬᠥᠮᠥᠰ ᠨᠢᠭᠡ ᠳᠣᠣᠷ᠎ᠠ ᠴᠣᠭᠯᠠᠷᠠᠬᠤ ᠪᠣᠶᠣ ᠭᠠᠷ ᠭᠠᠷ ᠢᠶᠠᠨ ᠬᠤᠯᠪᠣᠵᠣ ᠪᠣᠯᠬᠤ ᠥᠭᠡᠢ᠃     ︵4︶ ᠬᠡᠭᠡᠷ᠎ᠡ ᠭᠠᠳᠠᠨ᠎ᠠ ᠶᠠᠪᠣᠬᠤ ᠥᠶᠡᠰ ᠬᠦᠷᠵᠡ ᠵᠡᠷᠭᠡ ᠡᠰᠢ ᠪᠠᠷᠢᠭᠤᠯ ᠲᠠᠢ ᠶᠠᠭᠤᠮ᠎ᠠ ᠶᠢ ᠮᠥᠷᠥ ᠳᠡᠭᠡᠷ᠎ᠡ ᠪᠠᠨ ᠠᠴᠢᠵᠣ ᠪᠣᠯᠬᠤ ᠥᠭᠡᠢ᠃     ︵5︶ ᠨᠠᠭᠤᠷ᠂ ᠭᠤᠣᠯ ᠵᠡᠷᠭᠡ ᠣᠰᠣᠨ ᠳᠡᠭᠡᠷ᠎ᠡ ᠠᠵᠢᠯᠯᠠᠵᠣ ᠪᠠᠶᠢᠪᠠᠯ ᠳᠠᠷᠣᠢ ᠲᠥᠷᠭᠡᠨ ᠠᠵᠢᠯ ᠢᠶᠠᠨ ᠵᠣᠭᠰᠣᠭᠠᠵᠣ᠂ ᠣᠰᠣᠨ ᠠᠴᠠ ᠵᠠᠶᠢᠯᠠᠬᠤ ᠬᠡᠷᠡᠭᠲᠡᠢ᠃     ︵6︶ ᠮᠣᠲ᠋ᠣᠷ ᠳᠣᠭᠤᠢ ᠣᠨᠣᠵᠣ ᠪᠣᠯᠬᠤ ᠥᠭᠡᠢ᠂ ᠨᠡᠨᠩ ᠢᠯᠠᠨᠩᠭᠤᠶ᠎ᠠ ᠲᠥᠷᠭᠡᠨ ᠶᠠᠪᠣᠭᠤᠯᠬᠤ ᠶᠢ ᠴᠡᠭᠡᠷᠯᠡᠨ᠎ᠡ᠃     ︵7︶ ᠬᠡᠷᠪᠡ ᠠᠶᠤᠩᠭ᠎ᠠ ᠴᠠᠬᠢᠯᠭᠠᠨ ᠳᠤ ᠴᠣᠬᠢᠭᠳᠠᠭᠰᠠᠨ ᠶᠠᠪᠣᠳᠠᠯ ᠭᠠᠷᠪᠠᠯ᠂ ᠴᠤᠭ ᠶᠠᠪᠣᠭᠰᠠᠳ ᠳᠠᠷᠣᠢ ᠲᠥᠷᠭᠡᠨ ᠴᠠᠭᠳᠠᠭ᠎ᠠ ᠪᠤᠶᠤ 120 ᠠᠪᠤᠷᠠᠯᠲᠠ ᠳᠤ ᠮᠡᠳᠡᠭᠦᠯᠬᠦ ᠶᠢᠨ ᠬᠠᠮᠳᠣ ᠪᠠᠴᠢᠮ ᠠᠪᠣᠷᠠᠯᠳᠠ ᠬᠢᠨ᠎ᠡ᠃  
 
ᠢᠷᠡᠯᠲᠡ᠄ ᠠᠯᠠᠱᠨ ᠵᠡᠬᠦᠨ ᠬᠤᠰᠢᠭᠤᠨ ᠤ ᠠᠷᠠᠳ ᠤᠨ ᠵᠠᠰᠠᠭ ᠤᠨ ᠤᠷᠲᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号