ᠦᠷᠭᠡᠰᠦᠳᠤ ᠭᠡᠮᠭᠡ ᠲᠠᠷᠢᠬᠤ ᠮᠡᠷᠭᠡᠵᠢᠯ
ᠨᠡᠶᠢᠲᠡᠯᠡᠭᠰᠡᠨ ᠴᠠᠭ᠄
2021/8/11
    1. ᠦᠷᠭᠡᠰᠤᠳᠤ ᠭᠡᠮᠭᠡ ᠨᠢ ᠭᠠᠳᠠᠭᠠᠳᠤ ᠨᠦᠭᠦᠴᠡᠯ ᠤᠨ ᠲᠠᠯ᠎ᠠ ᠪᠠᠷ ᠶᠠᠮᠠᠷ ᠱᠠᠭᠠᠷᠳᠠᠯᠭ᠎ᠠ ᠲᠠᠢ ᠪᠠᠶᠢᠳᠠᠭ ᠪᠤᠢ︖ ᠲᠤᠯᠠᠭᠠᠨ ᠤ ᠭᠡᠮᠵᠢᠶ᠎ᠠ ᠶᠢᠨ ᠲᠠᠯ᠎ᠠ ᠪᠠᠷ᠂ ᠦᠷᠭᠡᠰᠤᠳᠤ ᠭᠡᠮᠭᠡ ᠶᠢᠨ ᠦᠷ᠎ᠡ ᠶᠢᠨ ᠰᠤᠶᠤᠭᠠᠯᠠᠯᠳᠠ ᠶᠢᠨ ᠲᠤᠯᠠᠭᠠᠨ ᠤ ᠭᠡᠮᠵᠢᠶ᠎ᠠ ᠪᠤᠯ 12 ~40℃ ᠪᠠᠶᠢᠵᠤ᠂ 18℃ ᠠᠴᠠ ᠲᠤᠷᠤᠠᠠᠰᠢ ᠲᠤᠯᠠᠭᠠᠨ ᠳᠤ ᠰᠤᠶᠤᠭᠠᠯᠠᠵᠤ ᠲᠠᠶᠢᠯᠦᠨ᠎ᠠ᠂ ᠬᠠᠮᠤᠭ ᠤᠨ ᠲᠤᠭᠢᠷᠠᠮᠵᠢᠳᠡᠢ ᠲᠤᠯᠠᠭᠠᠨ ᠤ ᠭᠡᠮᠵᠢᠶ᠎ᠠ ᠪᠤᠯ 25 ~ 30℃ ᠪᠤᠯᠤᠨ᠎ᠠ᠃ 35℃ ᠠᠴᠠ ᠲᠡᠭᠡᠭᠰᠢ ᠪᠤᠯ ᠰᠤᠶᠤᠭᠠᠯᠠᠯᠳᠠ ᠶᠢᠨ ᠨᠤᠷᠮ᠎ᠠ ᠨᠢ ᠪᠠᠭᠤᠷᠠᠨ᠎ᠠ᠃ ᠤᠷᠭᠤᠯᠳᠠ ᠶᠢᠨ ᠬᠤᠭᠤᠴᠠᠭᠠᠨ ᠳᠤᠨᠢ 10 ~ 30℃ ᠪᠤᠯ ᠮᠠᠰᠢ ᠢᠳᠡᠷᠡᠭᠦᠨ ᠤᠷᠭᠤᠵᠤ᠂ ᠨᠠᠭᠢᠶᠠᠯᠠᠵᠤ ᠵᠠᠳᠠᠷᠠᠬᠤ ᠶᠢᠨ ᠬᠠᠮᠤᠭ ᠤᠨ ᠲᠤᠭᠢᠷᠠᠮᠵᠢᠳᠡᠢ ᠲᠤᠯᠠᠭᠠᠨ ᠪᠤᠯ ᠡᠳᠤᠷ ᠲᠡᠭᠡᠨ 25℃᠂ ᠰᠦᠨᠢ ᠳᠡᠭᠡᠨ 15℃᠂ ᠭᠠᠵᠠᠷ ᠤᠨ ᠲᠤᠯᠠᠭᠠᠨ ᠨᠢ 18℃ ᠪᠤᠯᠤᠨ᠎ᠠ᠃ ᠦᠷᠭᠡᠰᠤᠳᠤ ᠭᠡᠮᠭᠡ ᠶᠢᠨ ᠭᠡᠷᠡᠯ ᠤᠨ ᠨᠡᠶᠢᠯᠡᠯᠭᠡ ᠶᠢᠨ ᠦᠢᠯᠡᠳᠦᠯ ᠤᠨ ᠬᠠᠮᠤᠭ ᠤᠨ ᠲᠤᠭᠢᠷᠠᠮᠵᠢᠳᠡᠢ ᠲᠤᠯᠠᠭᠠᠨ ᠪᠤᠯ 25 ~ 30℃ ᠪᠠᠶᠢᠵᠤ᠂ 35℃ ᠳᠤ ᠭᠡᠷᠡᠯ ᠤᠨ ᠨᠡᠶᠢᠯᠡᠯᠭᠡ ᠶᠢᠨ ᠦᠢᠯᠡᠳᠦᠯ ᠤᠨ ᠬᠤᠷᠠᠮᠳᠤᠯᠭ᠎ᠠ ᠪᠤᠯᠤᠨ ᠬᠤᠷᠤᠠᠠᠳᠠᠯ ᠨᠢ ᠲᠡᠩᠴᠡᠭᠦᠨ ᠪᠠᠶᠢᠳᠠᠭ᠃ ᠡᠶᠢᠮᠤ ᠠᠴᠠ ᠭᠦᠯᠡᠮᠵᠢᠨ ᠳᠤ ᠦᠷᠭᠡᠰᠤᠳᠤ ᠭᠡᠮᠭᠡ ᠲᠠᠷᠢᠬᠤ ᠳᠤ 35℃ ᠠᠴᠠ ᠭᠡᠳᠦᠷᠡᠭᠦᠯᠵᠤ ᠪᠤᠯᠬᠤ ᠦᠭᠡᠢ᠃ 40℃ ᠠᠴᠠ ᠲᠡᠪᠠᠪᠠᠯ ᠭᠡᠷᠡᠯ ᠤᠨ ᠨᠡᠶᠢᠯᠡᠯᠭᠡ ᠶᠢᠨ ᠦᠢᠯᠡᠳᠦᠯ ᠨᠢ ᠰᠢᠷᠦᠭᠦᠨ ᠪᠠᠭᠤᠷᠠᠵᠤ᠂ ᠰᠤᠯᠢᠯᠴᠠᠭ᠎ᠠ ᠨᠢ ᠬᠠᠷᠰᠢᠯᠬᠠᠳᠠᠵᠤ᠂ ᠤᠷᠭᠤᠯᠳᠠ ᠨᠢ ᠵᠤᠠᠠᠰᠤᠵᠤ᠂ ᠴᠠᠴᠡᠭ ᠤᠨ ᠪᠠᠭ ᠨᠢ ᠤᠨᠠᠳᠠᠭ᠃ ᠦᠷᠭᠡᠰᠤᠳᠤ ᠭᠡᠮᠭᠡ ᠶᠢᠨ ᠤᠷᠭᠤᠯᠳᠠ ᠶᠢᠨ ᠬᠠᠮᠤᠭ ᠤᠨ ᠲᠤᠭᠢᠷᠠᠮᠵᠢᠳᠡᠢ ᠭᠠᠵᠠᠷ ᠤᠨ ᠲᠤᠯᠠᠭᠠᠨ ᠪᠤᠯ 20 ~ 23℃ ᠪᠤᠯᠤᠨ᠎ᠠ᠃ ᠦᠨᠳᠤᠰᠤᠨ ᠤ ᠰᠠᠬᠠᠯ ᠤᠨ ᠤᠷᠭᠤᠬᠤ ᠬᠠᠮᠤᠭ ᠤᠨ ᠲᠤᠤᠷ᠎ᠡ ᠲᠤᠯᠠᠭᠠᠨ ᠪᠤᠯ 12 ~ — 4℃ ᠪᠤᠯᠤᠨ᠎ᠠ᠃ ᠭᠠᠵᠠᠷ ᠤᠨ ᠲᠤᠯᠠᠭᠠᠨ ᠨᠢ 12℃ ᠠᠴᠠ ᠪᠠᠭᠤᠷᠠᠬᠤ ᠦᠶ᠎ᠠ ᠳᠤ ᠦᠨᠳᠤᠰᠤᠨ ᠰᠢᠰᠲ᠋ᠧᠮ ᠨᠢ ᠤᠰᠤ ᠪᠠ ᠲᠠᠵᠢᠭᠡᠯ ᠭᠦᠷᠳᠡᠵᠤ ᠴᠢᠳᠠᠬᠤ ᠦᠭᠡᠢ ᠪᠤᠯᠳᠠᠭ᠃ ᠡᠶᠢᠮᠤ ᠠᠴᠠ᠂ ᠭᠦᠯᠡᠮᠵᠢᠨ ᠳᠤ ᠦᠷᠭᠡᠰᠤᠳᠤ ᠭᠡᠮᠭᠡ ᠲᠠᠷᠢᠬᠤ ᠳᠤ ᠭᠠᠵᠠᠷ ᠤᠨ ᠲᠤᠯᠠᠭᠠᠨ ᠨᠢ ᠡᠷᠭᠡᠪᠰᠢ 12℃ ᠠᠴᠠ ᠲᠡᠭᠡᠭᠰᠢ ᠪᠠᠶᠢᠬᠤ ᠭᠡᠷᠡᠭᠳᠡᠢ᠃ ᠦᠷᠭᠡᠰᠦᠳᠤ ᠭᠡᠮᠭᠡ ᠪᠤᠯ ᠲᠡᠭ ᠠᠴᠠ ᠲᠤᠷᠤᠠᠠᠰᠢ 2℃ ~ 0℃ ᠳᠤ ᠭᠦᠯᠳᠡᠭᠡᠳ ᠦᠭᠦᠴᠢᠭᠡᠳᠡᠭ᠃ ᠦᠯᠴᠢᠷᠵᠢᠭᠦᠯᠦᠭᠰᠡᠨ ᠦᠭᠡᠢ ᠨᠢᠯᠬ᠎ᠠ ᠴᠢᠭᠢ ᠪᠤᠯ 2 ~ 3℃ ᠤᠨ ᠲᠤᠯᠠᠭᠠᠨ ᠳᠤ ᠦᠭᠦᠴᠢᠭᠡᠳᠡᠭ᠂ ᠦᠯᠴᠢᠷᠵᠢᠭᠦᠯᠦᠭᠰᠡᠨ ᠨᠢᠯᠬ᠎ᠠ ᠴᠢᠭᠢ ᠪᠤᠯ 3℃ ᠳᠤ ᠲᠡᠰᠴᠤ ᠲᠠᠶᠢᠯᠦᠨ᠎ᠠ᠂ ᠤᠬᠤᠷ ᠴᠠᠭ ᠤᠨ 0℃ ᠳᠤ ᠭᠦᠯᠳᠡᠭᠦ ᠠᠴᠠ ᠪᠢᠰᠢ ᠦᠭᠦᠳᠡᠭ ᠦᠭᠡᠢ᠃ ᠦᠷᠭᠡᠰᠤᠳᠤ ᠭᠡᠮᠭᠡ ᠶᠢᠨ ᠦᠷᠡᠯᠡᠭᠦ ᠬᠤᠭᠤᠴᠠᠭᠠᠨ ᠳᠤ ᠡᠳᠤᠷ ᠤᠨ ᠲᠤᠯᠠᠭᠠᠨ ᠨᠢ 25 ~ 32℃ ᠪᠠᠶᠢᠵᠤ᠂ ᠭᠡᠷᠡᠯ ᠤᠨ ᠨᠡᠶᠢᠯᠡᠯᠭᠡ ᠶᠢᠨ ᠦᠢᠯᠡᠳᠦᠯ ᠢ ᠠᠭᠢᠭᠤᠯᠵᠤ᠂ ᠡᠮᠦᠨ᠎ᠠ ᠬᠠᠭᠠᠰ ᠰᠦᠨᠢ ᠶᠢᠨ ᠲᠤᠯᠠᠭᠠᠨ ᠨᠢ 16 ~20℃ ᠪᠠᠶᠢᠵᠤ᠂ ᠤᠷᠭᠤᠮᠠᠯ ᠤᠨ ᠰᠢᠮ᠎ᠠ ᠲᠡᠵᠢᠭᠡᠯᠳᠤ ᠡᠳ᠋ ᠨᠢ ᠨᠠᠪᠴᠢᠨ ᠠᠴᠠ ᠦᠷ᠎ᠡ ᠵᠢᠮᠢᠰ ᠲᠤ ᠰᠢᠯᠵᠢᠭᠦ ᠶᠢ ᠠᠭᠢᠭᠤᠯᠵᠤ᠂ ᠰᠡᠭᠦᠯ ᠤᠨ ᠬᠠᠭᠠᠰ ᠰᠦᠨᠢ ᠶᠢᠨ ᠲᠤᠯᠠᠭᠠᠨ ᠨᠢ 12 ~14℃ ᠪᠠᠶᠢᠵᠤ᠂ ᠠᠮᠢᠰᠬᠤᠯ ᠤᠨ ᠬᠤᠷᠤᠠᠠᠳᠠᠯ ᠢ ᠪᠠᠭᠤᠷᠠᠭᠤᠯᠬᠤ ᠭᠡᠷᠡᠭᠳᠡᠢ᠃ ᠵᠢᠮᠢᠰ ᠤᠨ ᠪᠤᠶᠢᠵᠢᠯᠳᠡ ᠶᠢᠨ ᠬᠠᠮᠤᠭ ᠤᠨ ᠲᠤᠭᠢᠷᠠᠮᠵᠢᠳᠡᠢ ᠲᠤᠯᠠᠭᠠᠨ ᠪᠤᠯ 23 ~28℃ ᠪᠤᠯᠤᠨ᠎ᠠ᠃ 20℃ ᠠᠴᠠ ᠲᠤᠷᠤᠠᠠᠰᠢᠯᠠᠬᠤ ᠪᠤᠶᠤ 30℃ ᠠᠴᠠ ᠲᠠᠪᠠᠵᠤ ᠪᠤᠯᠬᠤ ᠦᠭᠡᠢ᠃ ᠭᠡᠷᠡᠯ ᠤᠨ ᠲᠤᠰᠤᠯᠳᠠ᠄ ᠦᠷᠭᠡᠰᠤᠳᠤ ᠭᠡᠮᠭᠡ ᠨᠢ ᠤᠷᠭᠤᠯᠳᠠ ᠶᠢᠨ ᠬᠤᠭᠤᠴᠠᠭᠠᠨ ᠳᠠᠭᠠᠨ ᠡᠳᠤᠷ ᠪᠦᠷᠢ 8 ᠴᠠᠭ ᠠᠴᠠ ᠲᠡᠭᠡᠭᠰᠢᠭᠢ ᠨᠠᠷᠠᠨ ᠤ ᠭᠡᠷᠡᠯ ᠤᠨ ᠲᠤᠰᠤᠯᠳᠠ ᠲᠠᠢ ᠪᠤᠯ ᠰᠠᠶ᠋ᠢ ᠦᠨᠳᠤᠷ ᠬᠤᠷᠢᠶᠠᠯᠳᠠ ᠶᠢ ᠪᠠᠳᠤᠯᠠᠵᠤ ᠴᠢᠳᠠᠨ᠎ᠠ᠃ ᠦᠪᠤᠷ ᠮᠤᠩᠭᠤᠯ ᠤᠷᠤᠨ ᠨᠢ 11 ᠳ᠋ᠤᠭᠡᠷ ᠰᠠᠷ᠎ᠠ ᠶᠢᠨ ᠲᠤᠮᠳᠡᠴᠢ ᠠᠴᠠ ᠲᠠᠷᠠᠭ᠎ᠠ ᠵᠢᠯ ᠤᠨ 2 ᠳ᠋ᠤᠭᠠᠷ ᠰᠠᠷ᠎ᠠ ᠭᠦᠷᠳᠡᠯᠡᠭᠢ ᠡᠳᠤᠷ ᠤᠨ ᠨᠠᠷᠠᠨ ᠤ ᠭᠡᠷᠡᠯ ᠨᠢ 7 ᠴᠠᠭ ᠭᠦᠷᠭᠦ ᠦᠭᠡᠢ᠂ ᠭᠡᠷᠡᠯ ᠤᠨ ᠡᠷᠴᠢᠮ ᠨᠢ ᠴᠤ ᠪᠠᠭᠤᠷᠠᠢ᠂ ᠠᠭᠤᠷ ᠠᠮᠢᠰᠬᠤᠯ ᠮᠠᠰᠢ ᠲᠤᠤᠷ᠎ᠠ ᠪᠠᠶᠢᠳᠠᠭ ᠪᠤᠯᠬᠤᠷ ᠦᠷᠭᠡᠰᠤᠳᠤ ᠭᠡᠮᠭᠡ ᠲᠠᠷᠢᠬᠤ ᠳᠤ ᠮᠠᠰᠢ ᠪᠡᠷᠭᠡ ᠲᠠᠢ ᠪᠠᠶᠢᠳᠠᠭ ᠃ ᠤᠰᠤᠨ ᠤ ᠰᠢᠮ᠎ᠠ᠂ ᠦᠷᠭᠡᠰᠤᠳᠤ ᠭᠡᠮᠭᠡ ᠪᠤᠯ ᠭᠦᠶᠦᠭᠡᠨ ᠦᠨᠳᠤᠰᠤ ᠲᠠᠢ ᠲᠠᠷᠢᠮᠠᠯ ᠪᠤᠯᠬᠤ ᠪᠦᠭᠡᠳ ᠭᠤᠤᠯ ᠦᠨᠳᠤᠰᠤᠨ ᠰᠢᠰᠲ᠋ᠧᠮ ᠨᠢ 30 ᠰᠠᠠᠲ᠋ᠢᠮᠧᠳ᠋ᠷ ᠤᠨ ᠭᠦᠷᠤᠰᠤᠨ ᠳᠤ ᠯᠡ ᠲᠠᠷᠬᠠᠵᠤ᠂ ᠤᠰᠤ ᠰᠢᠮᠡᠳᠭᠡᠭᠦ ᠨᠢ ᠨᠡᠯᠢᠶᠡᠳ ᠪᠠᠷᠤᠠᠠᠳᠠᠢ ᠪᠠᠶᠢᠳᠠᠭ᠃ ᠦᠷᠭᠡᠰᠤᠳᠤ ᠭᠡᠮᠭᠡ ᠶᠢᠨ ᠨᠠᠪᠴᠢ ᠨᠢ ᠲᠤᠮᠤ ᠪᠤᠯᠬᠤᠷ ᠤᠰᠤᠨ ᠤ ᠠᠭᠤᠷᠰᠢᠯᠳᠠ ᠨᠢ ᠮᠠᠰᠢ ᠶᠡᠭᠡ ᠪᠠᠶᠢᠵᠤ᠂ ᠤᠰᠤ ᠬᠤᠷᠤᠠᠠᠳᠠᠭᠤᠯᠬᠤ ᠨᠢ ᠴᠤ ᠶᠡᠭᠡ ᠪᠠᠶᠢᠳᠠᠭ᠃ ᠡᠶᠢᠮᠤ ᠠᠴᠠ ᠦᠷᠭᠡᠰᠤᠳᠤ ᠭᠡᠮᠭᠡ ᠨᠢ ᠭᠦᠷᠤᠰᠤ ᠰᠢᠷᠤᠢ ᠶᠢᠨ ᠴᠢᠭᠢᠭ ᠪᠤᠯᠤᠨ ᠠᠭᠤᠷ ᠠᠮᠢᠰᠬᠤᠯ ᠤᠨ ᠴᠢᠭᠢᠭ ᠤᠨ ᠲᠠᠯ᠎ᠠ ᠪᠠᠷ ᠬᠢ ᠱᠠᠭᠠᠷᠳᠠᠯᠭ᠎ᠠ ᠨᠢ ᠮᠠᠰᠢ ᠦᠨᠳᠤᠷ ᠪᠠᠶᠢᠳᠠᠭ᠃ ᠦᠨᠳᠤᠷ ᠬᠤᠷᠢᠶᠠᠯᠳᠠ ᠤᠯᠬᠤ ᠳᠤ᠂ ᠭᠦᠯᠡᠮᠵᠢᠨ ᠤ ᠦᠷᠭᠡᠰᠤᠳᠤ ᠭᠡᠮᠭᠡ ᠶᠢᠨ ᠭᠦᠷᠦᠰᠤᠨ ᠤ ᠴᠢᠭᠢᠭ ᠨᠢ 60% ~ 70% ᠠᠴᠠ ᠲᠡᠭᠡᠭᠰᠢ ᠪᠠᠶᠢᠬᠤ ᠶᠢ ᠪᠠᠳᠤᠯᠠᠬᠤ ᠭᠡᠷᠡᠭᠳᠡᠢ᠃ 40% ~ 50% ᠠᠴᠠ ᠲᠤᠤᠷ᠎ᠠ ᠪᠤᠯᠪᠠᠯ ᠭᠡᠷᠡᠯ ᠤᠨ ᠨᠡᠶᠢᠯᠡᠯᠭᠡ ᠶᠢᠨ ᠦᠢᠯᠡᠳᠦᠯ ᠨᠢ ᠪᠠᠭᠤᠷᠠᠨ᠎ᠠ᠃ ᠦᠷᠭᠡᠰᠤᠳᠤ ᠭᠡᠮᠭᠡ ᠶᠢᠨ ᠭᠦᠷᠦᠰᠤᠨ ᠤ ᠴᠢᠭᠢᠭ ᠨᠢ 70%~ 80% ᠠᠴᠠ ᠲᠡᠭᠡᠭᠰᠢ ᠪᠠᠶᠢᠵᠤ ᠪᠤᠯᠬᠤ ᠦᠭᠡᠢ᠃ ᠭᠦᠷᠦᠰᠤ ᠰᠢᠷᠤᠢ ᠨᠢ ᠭᠡᠳᠦᠷᠭᠡᠢ ᠴᠢᠭᠢᠭ ᠲᠠᠢ ᠪᠤᠯ ᠭᠡᠮ ᠬᠤᠷᠤᠬᠠᠢ ᠶᠢᠨ ᠭᠦᠨᠦᠭᠡᠯ ᠳᠤ ᠤᠴᠠᠷᠠᠬᠤ ᠪᠤᠯᠤᠨ᠎ᠠ᠃ ᠦᠷᠭᠡᠰᠤᠳᠤ ᠭᠡᠮᠭᠡ ᠨᠢ ᠠᠳᠠᠯᠢ ᠪᠤᠰᠤ ᠤᠷᠭᠤᠯᠳᠠ ᠶᠢᠨ ᠦᠶ᠎ᠠ ᠳᠡᠭᠡᠨ ᠤᠰᠤᠨ ᠤ ᠲᠠᠯ᠎ᠠ ᠪᠠᠷ ᠬᠢ ᠱᠠᠭᠠᠷᠳᠠᠯᠭ᠎ᠠ ᠨᠢ ᠴᠤ ᠠᠳᠠᠯᠢ ᠦᠭᠡᠢ ᠪᠠᠶᠢᠳᠠᠭ᠃ ᠨᠢᠯᠬ᠎ᠠ ᠴᠢᠭᠢᠨ ᠤ ᠬᠤᠭᠤᠴᠠᠭᠠᠨ ᠳᠤᠨᠢ ᠤᠰᠤ ᠶᠢ ᠭᠡᠳᠦᠷᠡᠭᠦᠯᠵᠤ ᠪᠤᠯᠬᠤ ᠦᠭᠡᠢ᠃ ᠲᠠᠶᠢᠮᠤ ᠪᠢᠰᠢ ᠪᠤᠯ ᠭᠠᠵᠠᠷ ᠤᠨ ᠲᠤᠯᠠᠭᠠᠨ ᠪᠠᠭᠤᠷᠠᠬᠤ ᠠᠴᠠ ᠪᠤᠯᠤᠭᠠᠳ ᠦᠨᠳᠤᠰᠤ ᠨᠢ ᠠᠮᠠᠷᠬᠠᠨ ᠤᠰᠤᠳᠤᠨ ᠦᠭᠦᠭᠦ ᠪᠤᠯᠤᠨ᠎ᠠ᠃ ᠤᠰᠤ ᠲᠤᠳ᠋ᠬᠠᠳᠠᠪᠠᠯ ᠨᠢᠯᠬ᠎ᠠ ᠴᠢᠭᠢ ᠨᠢ ᠠᠮᠠᠷᠬᠠᠨ ᠭᠦᠭᠰᠢᠷᠡᠵᠤ᠂ ᠡᠰᠢ ᠰᠠᠭᠤᠷᠢ ᠨᠢ ᠡᠷᠳᠡ ᠦᠳᠡᠯᠳᠡᠭ᠃ ᠠᠩᠬ᠎ᠠ ᠴᠡᠴᠡᠭᠯᠡᠭᠦ ᠦᠶ᠎ᠠ ᠳᠤᠨᠢ ᠢᠯᠡᠭᠦᠭᠡᠨ ᠤᠰᠤᠯᠠᠵᠤ᠂ ᠭᠦᠶᠦᠭᠡᠨ ᠬᠠᠭᠠᠯᠪᠤᠷᠢᠯᠠᠨ ᠴᠢᠭᠢ ᠪᠠᠨ ᠴᠤᠨᠤᠠᠠᠯᠠᠨ ᠰᠠᠭᠤᠯᠭᠠᠵᠤ᠂ ᠦᠨᠳᠤᠰᠤᠨ ᠰᠢᠰᠲ᠋ᠧᠮ ᠤᠨ ᠤᠷᠭᠤᠯᠳᠠ ᠶᠢ ᠠᠭᠢᠭᠤᠯᠵᠤ᠂ ᠡᠰᠢ ᠨᠠᠪᠴᠢ ᠨᠢ ᠭᠡᠳᠤ ᠪᠠᠳᠠᠷᠠᠩᠭᠤᠢ ᠤᠷᠭᠤᠬᠤ ᠠᠴᠠ ᠰᠡᠷᠭᠡᠶᠢᠯᠡᠭᠦ ᠭᠡᠷᠡᠭᠳᠡᠢ᠃ ᠦᠷᠡᠯᠡᠭᠦ ᠬᠤᠭᠤᠴᠠᠭᠠᠨ ᠳᠤ ᠲᠡᠵᠢᠭᠡᠯ ᠤᠨ ᠤᠷᠭᠤᠯᠳᠠ ᠪᠠ ᠦᠷᠡᠵᠢᠯ ᠤᠨ ᠤᠷᠭᠤᠯᠳᠠ ᠨᠢ ᠬᠠᠮᠳᠤ ᠳᠠᠭᠠᠨ ᠶᠠᠪᠤᠠᠠᠳᠠᠬᠤ ᠲᠤᠯᠠ ᠨᠠᠪᠴᠢᠨ ᠤ ᠲᠠᠯᠠᠪᠠᠢ ᠨᠢ ᠲᠠᠰᠤᠷᠠᠯᠳᠠ ᠦᠭᠡᠢ ᠦᠷᠭᠡᠵᠢᠨ᠂ ᠨᠠᠪᠴᠢᠨ ᠤ ᠲᠤᠭ᠎ᠠ ᠨᠢ ᠤᠯᠠᠰᠢᠷᠠᠵᠤ᠂ ᠵᠢᠮᠢᠰ ᠤᠨ ᠪᠤᠶᠢᠵᠢᠯᠳᠡ ᠨᠢ ᠲᠦᠷᠭᠡᠳᠴᠤ᠂ ᠤᠰᠤᠨ ᠤᠨ ᠱᠠᠭᠠᠷᠳᠠᠯᠭ᠎ᠠ ᠶᠡᠭᠡᠰᠭᠦ ᠲᠤᠯᠠ᠂ ᠤᠰᠤ ᠶᠢ ᠭᠦᠢᠴᠡᠳ ᠰᠠᠶᠢᠨ ᠬᠠᠨᠭ᠍ᠭᠠᠬᠤ ᠪᠤᠯ ᠡᠯᠪᠡᠭ ᠬᠤᠷᠢᠶᠠᠯᠳᠠ ᠤᠯᠬᠤ ᠶᠢᠨ ᠪᠠᠳᠤᠯᠠᠭ᠎ᠠ ᠮᠦᠨ᠃ ᠦᠷᠭᠡᠰᠤᠳᠤ ᠭᠡᠮᠭᠡ ᠶᠢᠨ ᠠᠭᠠᠷ ᠨᠢ 80 ~83% ᠶᠢᠨ ᠴᠢᠭᠢᠭ ᠲᠠᠢ ᠪᠤᠯᠪᠠᠯ ᠢᠯᠵᠠᠷᠠᠬᠤ ᠭᠡᠮ ᠢ ᠡᠭᠦᠰᠭᠡᠳᠡᠭ᠂ ᠡᠶᠢᠮᠤ ᠠᠴᠠ ᠬᠠᠮᠠᠭᠠᠯᠠᠯᠳᠠ ᠶᠢᠨ ᠲᠠᠷᠢᠶᠠᠨ ᠤ ᠰᠦᠨᠢ ᠶᠢᠨ ᠠᠭᠠᠷ ᠤᠨ ᠴᠢᠭᠢᠭ ᠢ 80% ᠠᠴᠠ ᠲᠤᠷᠤᠠᠠᠰᠢ ᠪᠠᠶᠢᠯᠭᠠᠪᠠᠯ᠂ ᠢᠯᠵᠠᠷᠠᠬᠤ ᠭᠡᠮ ᠡᠭᠦᠰᠭᠦ ᠪᠡ ᠲᠡᠯᠭᠡᠷᠡᠭᠦ ᠶᠢ ᠪᠠᠭᠠᠰᠬᠠᠵᠤ ᠴᠢᠳᠠᠨ᠎ᠠ᠃ ᠭᠦᠷᠤᠰᠤ ᠰᠢᠷᠤᠢ ᠪᠡ ᠦᠡᠭ ᠰᠢᠮ᠎ᠠ᠄ ᠦᠷᠭᠡᠰᠤᠳᠤ ᠭᠡᠮᠭᠡ ᠶᠢᠨ ᠭᠦᠷᠤᠰᠤ ᠰᠢᠷᠤᠢ ᠳᠤ ᠲᠤᠭᠢᠷᠠᠯᠴᠠᠬᠤ ᠭᠡᠪᠴᠢᠶ᠎ᠠ ᠨᠢ ᠨᠡᠯᠢᠶᠡᠳ ᠦᠷᠭᠡᠨ ᠪᠠᠶᠢᠵᠤ᠂ ᠪᠠᠭ᠎ᠠ ᠭᠦᠴᠢᠯᠯᠢᠭ ᠪᠤᠶᠤ ᠪᠠᠭ᠎ᠠ ᠬᠤᠵᠢᠷᠯᠢᠭ ᠭᠠᠵᠠᠷ ᠴᠦᠮ ᠲᠠᠷᠢᠵᠤ ᠪᠤᠯᠬᠤ ᠪᠦᠭᠡᠳ PH ᠭᠦᠴᠢᠯ ᠤᠨ ᠭᠡᠮᠵᠢᠶ᠎ᠠ ᠨᠢ 5.5 ~7.6 ᠪᠠᠶᠢᠬᠤ ᠭᠡᠪᠴᠢᠶᠠᠨ ᠲᠤᠳᠤᠷ᠎ᠠ ᠴᠦᠮ ᠲᠤᠭᠢᠷᠠᠯᠴᠠᠬᠤ ᠪᠠ PH ᠭᠦᠴᠢᠯ ᠤᠨ ᠭᠡᠮᠵᠢᠶ᠎ᠠ ᠨᠢ 6.5 ᠪᠠᠶᠢᠪᠠᠯ ᠬᠠᠮᠤᠭ ᠤᠨ ᠲᠤᠭᠢᠷᠠᠮᠵᠢᠳᠡᠢ᠃ ᠦᠷᠭᠡᠰᠤᠳᠤ ᠭᠡᠮᠭᠡ ᠨᠢ ᠬᠠᠯᠠᠭᠤᠨ ᠪᠦᠰᠡ ᠶᠢᠨ ᠤᠢ ᠰᠢᠭᠤᠶᠢᠳᠤ ᠭᠠᠵᠠᠷ ᠤᠷᠤᠨ ᠳᠤ᠂ ᠢᠯᠵᠠᠷᠠᠮᠠᠯ ᠭᠠᠵᠠᠷ ᠲᠤ ᠤᠷᠭᠤᠵᠤ ᠪᠠᠶᠢᠠᠠᠰᠠᠨ ᠠᠴᠠ ᠦᠨᠳᠤᠰᠤᠨ ᠰᠢᠰᠲ᠋ᠧᠮ ᠨᠢ ᠭᠦᠶᠦᠭᠡᠨ ᠪᠠᠶᠢᠵᠤ᠂ ᠭᠦᠴᠢᠯᠳᠦ᠋ᠷᠦᠭᠴᠢ ᠶᠢᠨ ᠲᠠᠯ᠎ᠠ ᠪᠠᠷ ᠮᠠᠰᠢ ᠴᠢᠩᠭ᠎ᠠ ᠱᠠᠭᠠᠷᠳᠠᠯᠭ᠎ᠠ ᠲᠠᠢ ᠪᠠᠶᠢᠳᠠᠭ᠃ ᠤᠷᠭᠠᠨᠢᠭ ᠪᠤᠷᠳᠤᠭᠤᠷ ᠨᠡᠮᠡᠨ ᠤᠷᠤᠭᠤᠯᠵᠤ᠂ ᠭᠦᠷᠦᠰᠤᠨ ᠤ ᠤᠷᠭᠠᠨᠢᠭ ᠪᠤᠳᠠᠰ ᠤᠨ ᠠᠭᠤᠯᠤᠭᠳᠠᠴᠨ ᠪᠠ ᠦᠡᠭ ᠰᠢᠮ᠎ᠠ ᠶᠢ ᠲᠡᠭᠡᠭᠰᠢᠯᠡᠭᠦᠯᠵᠤ᠂ ᠭᠦᠷᠦᠰᠤᠨ ᠤ ᠭᠡᠢ ᠨᠡᠪᠳᠡᠷᠡᠯᠳᠡ ᠶᠢ ᠨᠡᠮᠡᠭᠳᠡᠭᠦᠯᠭᠦ ᠪᠤᠯ ᠡᠯᠪᠡᠭ ᠬᠤᠷᠢᠶᠠᠯᠳᠠ ᠤᠯᠬᠤ ᠶᠢᠨ ᠰᠠᠭᠤᠷᠢ ᠮᠦᠨ᠂ ᠮᠠᠲ᠋ᠧᠷᠢᠶᠠᠯ ᠤᠨ ᠮᠡᠳᠡᠭᠡᠯᠡᠯ ᠢ ᠦᠨᠳᠦᠰᠦᠯᠡᠪᠡᠯ ᠮᠤ᠋ ᠪᠦᠷ ᠠᠴᠠ 100 ᠺᠢᠯᠤᠭ᠍ᠷᠡᠮ ᠵᠢᠮᠢᠰ ᠬᠤᠷᠢᠶᠠᠬᠤ ᠳᠤ ᠶᠡᠭᠡ ᠲᠦᠯᠤᠪ ᠠᠽᠤᠲ 280 ᠭᠷᠡᠮ᠂ ᠹᠤᠰᠹᠤᠷ 90 ᠭᠷᠡᠮ᠂ ᠺᠠᠯᠢ 990 ᠭᠷᠡᠮ᠂ ᠺᠠᠯᠼ 310 ᠭᠷᠡᠮ᠂ ᠮᠠᠩᠭᠠᠨ 70 ᠭᠷᠡᠮ ᠭᠡᠷᠡᠭᠰᠡᠨ᠎ᠠ᠃ ᠡᠳᠡᠭᠡᠷ ᠰᠢᠮ᠎ᠠ ᠲᠡᠵᠢᠭᠡᠯ ᠢ ᠤᠷᠭᠠᠨᠢᠭ ᠪᠤᠷᠳᠤᠭᠤᠷ ᠭᠦᠢᠴᠡᠳ ᠰᠠᠶᠢᠨ ᠤᠷᠤᠭᠤᠯᠪᠠᠯ ᠰᠠᠶ᠋ᠢ ᠬᠠᠨᠭ᠍ᠭᠠᠵᠤ ᠲᠠᠶᠢᠯᠦᠨ᠎ᠠ᠃ ᠬᠠᠮᠠᠭᠠᠯᠠᠯᠳᠠ ᠶᠢᠨ ᠭᠠᠵᠠᠷ ᠦᠷᠭᠡᠰᠤᠳᠤ ᠭᠡᠮᠭᠡ ᠲᠠᠷᠢᠬᠤ ᠳᠤ ᠮᠤ᠋ ᠪᠦᠷᠢ 7500 ᠺᠢᠯᠤᠭ᠍ᠷᠡᠮ ᠴᠢᠨᠠᠷ ᠰᠠᠶᠢᠳᠠᠢ ᠤᠷᠭᠠᠨᠢᠭ ᠪᠤᠷᠳᠤᠭᠤᠷ ᠤᠷᠤᠭᠤᠯᠪᠠᠯ ᠰᠠᠶ᠋ᠢ ᠠᠽᠤᠲ᠂ ᠹᠤᠰᠹᠤᠷ᠂ ᠺᠠᠯᠢ᠂ ᠺᠠᠯᠼ᠂ ᠮᠠᠩᠭᠠᠨ ᠤ ᠭᠡᠷᠡᠭᠴᠡᠭᠡ ᠶᠢ ᠬᠠᠨᠭ᠍ᠭᠠᠵᠤ ᠲᠠᠶᠢᠯᠦᠨ᠎ᠠ᠃      2. ᠶᠠᠮᠠᠷ ᠰᠤᠷᠲ ᠢ ᠰᠤᠩᠭᠤᠬᠤ ᠪᠤᠢ︖ ᠭᠦᠯᠡᠮᠵᠢᠨ ᠳᠤ ᠡᠪᠤᠯ ᠬᠠᠪᠤᠷ ᠤᠨ ᠭᠤᠤᠷᠰᠤ ᠲᠠᠷᠢᠬᠤ ᠳᠤ ᠭᠦᠢᠳᠡᠨ ᠳᠤ ᠲᠠᠰᠪᠤᠷᠢᠳᠡᠢ᠂ ᠤᠷᠭᠤᠯᠳᠠ ᠰᠠᠶᠢᠳᠠᠢ᠂ ᠦᠷᠭᠦᠯᠵᠢᠯᠡᠨ ᠵᠢᠮᠢᠰᠯᠡᠭᠦ ᠴᠢᠳᠠᠯ ᠲᠠᠢ᠂ ᠡᠷᠳᠡ ᠪᠤᠯᠪᠠᠰᠤᠷᠠᠳᠠᠭ ᠰᠤᠷᠲ ᠢ ᠰᠤᠩᠭᠤᠬᠤ ᠭᠡᠷᠡᠭᠳᠡᠢ᠂ ᠡᠭᠦᠨ ᠳᠤ ᠱᠸᠡᠭ ᠱᠢ ᠴᠠᠩ ᠴᠦᠨ ︵盛世长春︶᠂ ᠵᠦᠡᠭ ᠬᠤᠸᠠ ᠢᠡᠭ ᠰᠢᠶᠦ᠋ᠡᠭ ︵中华英雄︶᠂ ᠪᠤᠤ ᠶᠢᠤ ︵保优︶ 80᠂ ᠶᠢᠨ ᠶᠢᠤ ︵津优︶ 2 ᠨᠤᠮᠧᠷᠳᠤ ᠵᠡᠷᠭᠡ ᠰᠤᠷᠲ ᠪᠠᠶᠢᠨ᠎ᠠ᠃      3. ᠦᠷᠭᠡᠰᠤᠳᠤ ᠭᠡᠮᠭᠡ ᠶᠢᠨ ᠴᠢᠭᠢ ᠶᠢ ᠶᠠᠭᠠᠭᠢᠵᠤ ᠪᠤᠶᠢᠵᠢᠭᠤᠯᠬᠤ ᠪᠤᠢ︖ ᠴᠢᠭᠢ ᠪᠤᠶᠢᠵᠢᠭᠤᠯᠬᠤ ᠲᠦᠭᠦᠭᠡᠷᠤᠮᠵᠢ᠄ ᠬᠠᠪᠤᠷ ᠡᠷᠳᠡ ᠶᠢᠨ ᠭᠤᠤᠷᠰᠤᠨ ᠤ ᠦᠷᠭᠡᠰᠤᠳᠤ ᠭᠡᠮᠭᠡ ᠶᠢᠨ ᠴᠢᠭᠢ ᠪᠤᠶᠢᠵᠢᠭᠤᠯᠬᠤ ᠬᠤᠭᠤᠴᠠᠭ᠎ᠠ ᠨᠢ ᠶᠠᠭ ᠡᠪᠤᠯ ᠤᠨ ᠬᠠᠭᠢᠷ ᠭᠦᠢᠳᠡᠨ ᠪᠤᠯᠬᠤ 11 ᠳ᠋ᠤᠭᠡᠷ ᠰᠠᠷ᠎ᠠ ᠠᠴᠠ 1 ᠳ᠋ᠤᠭᠡᠷ ᠰᠠᠷ᠎ᠠ ᠲᠤᠭᠢᠶᠠᠯᠳᠤᠵᠤ᠂ ᠡᠨᠡ ᠦᠶ᠎ᠠ ᠳᠤ ᠲᠤᠯᠠᠭᠠᠨ ᠤ ᠭᠡᠮᠵᠢᠶ᠎ᠠ ᠲᠤᠤᠷ᠎ᠡ᠂ ᠭᠡᠷᠡᠯ ᠤᠨ ᠲᠤᠰᠤᠯᠳᠠ ᠪᠠᠭᠤᠷᠠᠢ ᠪᠤᠯᠬᠤᠷ ᠦᠷᠭᠡᠰᠤᠳᠤ ᠭᠡᠮᠭᠡ ᠶᠢᠨ ᠨᠢᠯᠬ᠎ᠠ ᠴᠢᠭᠢᠨ ᠤ ᠤᠷᠭᠤᠯᠳᠠ ᠳᠤ ᠠᠰᠢᠭ ᠦᠭᠡᠢ ᠪᠠᠶᠢᠳᠠᠭ᠃ ᠴᠢᠭᠢ ᠪᠤᠶᠢᠵᠢᠭᠤᠯᠬᠤ ᠳᠤ ᠰᠠᠶᠢᠨ ᠰᠠᠶᠢᠬᠠᠨ ᠤᠷᠴᠢᠨ ᠨᠦᠭᠦᠴᠡᠯ ᠪᠦᠷᠢᠳᠦᠭᠦᠯᠵᠤ ᠦᠭᠭᠦ ᠶᠢᠨ ᠲᠤᠰᠠᠳᠠ᠂ ᠴᠢᠭᠢ ᠪᠤᠶᠢᠵᠢᠭᠤᠯᠬᠤ ᠲᠤᠰᠠᠭᠠᠷ ᠦᠷᠦᠭᠡ ᠪᠠᠶᠢᠭᠤᠯᠬᠤ ᠭᠡᠷᠡᠭᠳᠡᠢ᠃ ᠭᠦᠯᠡᠮᠵᠢᠨ ᠤ ᠪᠠᠨ ᠵᠡᠭᠦᠨ ᠲᠠᠯ᠎ᠠ ᠪᠤᠶᠤ ᠪᠠᠷᠠᠭᠤᠨ ᠲᠠᠯ᠎ᠠ ᠪᠠᠷ ᠪᠠᠷᠤᠭ 6 ~ 8 ᠮᠧᠳ᠋ᠷ ᠤᠷᠳᠤ ᠪᠦᠭᠦᠢ ᠲᠤᠰᠠᠭᠠᠷᠯᠠᠬᠤ ᠭᠡᠷᠡᠮ ᠢ ᠬᠠᠭᠤᠴᠢᠨ ᠰᠦᠯᠢᠶᠤᠤ ᠪᠦᠰ ᠢᠶᠠᠷ ᠲᠠᠳᠠᠵᠤ ᠭᠠᠷᠭᠠᠵᠤ᠂ ᠭᠦᠯᠡᠮᠵᠢ ᠠᠴᠠ ᠪᠠᠨ ᠲᠤᠰᠠᠭᠠᠷᠯᠠᠵᠤ᠂ ᠴᠢᠭᠢ ᠪᠤᠶᠢᠵᠢᠭᠤᠯᠬᠤ ᠵᠢᠵᠢᠭ ᠦᠷᠦᠭᠡ ᠭᠠᠷᠭᠠᠨ᠎ᠠ᠃ ᠴᠢᠭᠢ ᠪᠤᠶᠢᠵᠢᠭᠤᠯᠬᠤ ᠦᠷᠦᠭᠡᠨ ᠳᠡᠭᠡᠨ ᠭᠠᠯ ᠲᠦᠯᠡᠭᠦ ᠪᠡ ᠬᠠᠯᠠᠭᠤᠨ ᠭᠡᠷᠡᠮ ᠪᠡ ᠶᠠᠨᠳᠤᠩ ᠭᠠᠷᠭᠠᠵᠤ᠂ ᠦᠷᠦᠭᠡ ᠪᠠᠨ ᠲᠤᠯᠠᠭᠠᠯᠠᠨ᠎ᠠ᠃ ᠴᠢᠭᠢ ᠪᠤᠶᠢᠵᠢᠭᠤᠯᠬᠤ ᠲᠠᠳᠠᠭᠠᠯ ᠤᠨ ᠢᠶᠠᠨ ᠲᠤᠭᠤᠤᠷ ᠲᠤᠯᠠᠭᠠᠯᠠᠯᠭ᠎ᠠ ᠶᠢᠨ ᠤᠳᠠᠰᠤ ᠲᠠᠳᠠᠨ᠎ᠠ᠃ ᠴᠢᠭᠢ ᠪᠤᠶᠢᠵᠢᠭᠤᠯᠬᠤ ᠲᠠᠳᠠᠭᠠᠯ ᠤᠨ ᠢᠶᠠᠨ ᠲᠡᠭᠡᠭᠦᠷ ᠰᠦᠯᠢᠶᠤᠤ ᠪᠦᠷᠭᠦᠭᠦᠯ ᠢᠶᠠᠷ ᠬᠤᠴᠢᠵᠤ᠂ ᠲᠤᠯᠠᠭᠠᠨ ᠢ ᠬᠠᠮᠠᠭᠠᠯᠠᠨ᠎ᠠ᠃ ᠰᠦᠯᠢᠶᠤᠤ ᠫᠸᠡᠭᠰᠡ ᠳᠤ ᠰᠢᠭᠤᠳ ᠲᠠᠷᠢᠵᠤ ᠴᠢᠭᠢ ᠪᠤᠶᠢᠵᠢᠭᠤᠯᠬᠤ᠂ 8 ~10 ᠰᠠᠠᠲ᠋ᠢᠮᠧᠳ᠋ᠷ ᠤᠨ ᠳ᠋ᠢᠶᠠᠮᠧᠳ᠋ᠷ ᠲᠠᠢ ᠰᠦᠯᠢᠶᠤᠤ ᠫᠸᠡᠭᠰᠡᠨ ᠳᠤ ᠴᠢᠭᠢ ᠪᠤᠶᠢᠵᠢᠭᠤᠯᠪᠠᠯ᠂ ᠦᠷᠭᠡᠰᠤᠳᠤ ᠭᠡᠮᠭᠡ ᠶᠢᠨ ᠨᠢᠯᠬ᠎ᠠ ᠴᠢᠭᠢᠨ ᠤ ᠦᠨᠳᠤᠰᠤᠨ ᠰᠢᠰᠲ᠋ᠧᠮ ᠢ ᠭᠦᠭᠵᠢᠭᠦᠯᠵᠤ᠂ ᠵᠠᠶᠢᠯᠠᠬᠤ ᠦᠶ᠎ᠠ ᠳᠤ ᠦᠨᠳᠤᠰᠤ ᠶᠢ ᠰᠢᠷᠬᠠᠳᠤᠭᠤᠯᠬᠤ ᠦᠭᠡᠢ᠂ ᠰᠠᠭᠤᠷᠢᠰᠢᠭᠤᠯᠤᠨ ᠲᠠᠷᠢᠠᠠᠰᠠᠨ ᠤ ᠰᠡᠭᠦᠯᠡᠷ ᠴᠢᠭᠢᠯᠡᠭᠦ ᠨᠢ ᠲᠦᠷᠭᠡᠨ ᠪᠠᠶᠢᠵᠤ᠂ ᠦᠨᠳᠤᠰᠤ ᠨᠢ ᠦᠤᠭᠦ ᠦᠭᠡᠢ ᠪᠦᠭᠡᠳ ᠴᠢᠭᠢᠯᠡᠭᠦ ᠳᠡᠭᠡᠨ ᠨᠠᠯᠤᠵᠤ ᠤᠨᠠᠬᠤ ᠦᠭᠡᠢ ᠪᠠᠶᠢᠵᠤ᠂ ᠡᠷᠳ᠋ᠨ ᠪᠤᠯᠪᠠᠰᠤᠷᠠᠭᠤᠯᠤᠨ ᠡᠯᠪᠡᠭ ᠬᠤᠷᠢᠶᠠᠬᠤ ᠵᠤᠷᠢᠯᠭ᠎ᠠ ᠳᠤ ᠭᠦᠷᠴᠤ ᠴᠢᠳᠠᠨ᠎ᠠ     4. ᠦᠷᠭᠡᠰᠤᠳᠤ ᠭᠡᠮᠭᠡ ᠶᠢᠨ ᠦᠷ᠎ᠡ ᠶᠢ ᠭᠡᠷᠭᠢᠨ ᠰᠢᠢᠳᠪᠤᠷᠢᠯᠡᠵᠤ ᠶᠠᠮᠠᠷ ᠠᠷᠭ᠎ᠠ ᠪᠠᠷ ᠲᠠᠷᠢᠬᠤ ᠪᠤᠢ︖ ᠦᠷ᠎ᠡ ᠪᠠᠨ ᠲᠠᠪᠳᠦᠭᠡᠵᠤ ᠰᠤᠶᠤᠭᠠᠯᠠᠭᠤᠯᠤᠨ᠎ᠠ᠃ ᠦᠷᠭᠡᠰᠤᠳᠤ ᠭᠡᠮᠭᠡ ᠶᠢᠨ ᠦᠷ᠎ᠡ ᠪᠠᠨ 55℃ ᠤᠨ ᠤᠰᠤᠨ ᠳᠤ ᠲᠡᠪᠳᠦᠭᠡᠨ᠂ ᠲᠠᠰᠤᠷᠠᠯᠳᠠ ᠦᠭᠡᠢ ᠭᠦᠳᠡᠯᠭᠡᠵᠤ᠂ ᠤᠰᠤ ᠨᠢ ᠭᠦᠷᠦᠵᠤ 30℃ ᠪᠤᠯᠬᠤ ᠦᠶ᠎ᠠ ᠳᠤ 4 ᠴᠠᠭ ᠤᠷᠴᠢᠮ ᠲᠠᠪᠳᠦᠭᠡᠵᠤ᠂ ᠲᠠᠷᠠᠭ᠎ᠠ ᠪᠠᠷ ᠨᠢ ᠭᠤᠷᠪᠠᠨᠳᠠ ᠰᠠᠶᠢᠳᠤᠷ ᠤᠭᠢᠶᠠᠵᠤ᠂ ᠰᠠᠶᠢᠳᠤᠷ ᠠᠷᠴᠢᠨ ᠬᠠᠳᠠᠭᠠᠵᠤ᠂ ᠲᠠᠷᠠᠭ᠎ᠠ ᠨᠢ ᠨᠦᠢᠳᠡᠨ ᠭᠦᠪᠤᠡᠭ ᠠᠯᠴᠢᠭᠤᠷ ᠲᠤ ᠪᠤᠭᠤᠵᠤ᠂ 28 ~ 30℃ ᠲᠤ ᠲᠠᠯᠪᠢᠵᠤ 24 ᠴᠠᠭ ᠰᠤᠶᠤᠭᠠᠯᠠᠭᠤᠯᠤᠨ᠎ᠠ᠃ ᠢᠡᠭᠭᠢᠭᠡᠳ ᠭᠡᠰᠡᠭ ᠦᠷ᠎ᠡ ᠨᠢ ᠴᠠᠭᠠᠨ ᠰᠤᠶᠤᠭ᠎ᠠ ᠴᠤᠬᠤᠶᠢᠬᠤ ᠦᠶᠡᠰ᠂ ᠦᠷ᠎ᠡ ᠪᠠᠨ 20 ~ 25℃ ᠤᠨ ᠬᠠᠯᠠᠭᠤᠨ ᠳᠤ 12 ~ 24℃ ᠴᠠᠭ ᠲᠠᠯᠪᠢᠪᠠᠯ ᠵᠢᠭᠳᠡ ᠰᠤᠶᠤᠭᠠᠯᠠᠬᠤ ᠪᠤᠯᠤᠨ᠎ᠠ᠃ ᠡᠨᠡ ᠦᠶᠡᠰ ᠦᠷ᠎ᠡ ᠪᠠᠨ 12 ~15℃ ᠤᠨ ᠬᠠᠯᠠᠭᠤᠨ ᠳᠤ ᠬᠠᠳᠠᠭᠠᠯᠠᠨ ᠲᠠᠯᠪᠢᠵᠤ ᠲᠠᠷᠢᠬᠤ ᠳᠤ ᠪᠡᠯᠡᠳᠭᠡᠨ᠎ᠡ᠃ ᠰᠢᠮᠡᠯᠢᠭ ᠰᠢᠷᠤᠢ ᠰᠠᠪᠠᠯᠬᠠᠰᠠᠨ ᠰᠦᠯᠢᠶᠤᠤ ᠫᠸᠡᠭᠰᠡ ᠪᠠᠨ ᠴᠢᠭᠢ ᠪᠤᠶᠢᠵᠢᠭᠤᠯᠬᠤ ᠲᠠᠳᠠᠭᠠᠯ ᠳᠠᠭᠠᠨ ᠨᠢᠠᠠᠳᠠ ᠵᠢᠭᠳᠡᠷᠡᠭᠦᠯᠦᠨ ᠲᠠᠯᠪᠢᠵᠤ᠂ ᠭᠦᠢᠴᠡᠳ ᠤᠰᠤᠯᠬᠠᠰᠠᠨ ᠤ ᠰᠡᠭᠦᠯᠡᠷ᠂ ᠰᠤᠶᠤᠭᠠᠯᠠᠭᠤᠯᠤᠠᠠᠰᠠᠨ ᠦᠷ᠎ᠡ ᠪᠠᠨ ᠫᠸᠡᠭᠰᠡ ᠪᠦᠷᠢ ᠨᠢᠭᠡ ᠰᠢᠷᠬᠡᠭ ᠰᠠᠭᠤᠯᠭᠠᠨ 1~ 1.5 ᠰᠠᠠᠲ᠋ᠢᠮᠧᠳ᠋ᠷ ᠰᠢᠷᠤᠢ ᠪᠠᠷ ᠬᠤᠴᠢᠵᠤ᠂ ᠲᠡᠭᠡᠭᠦᠷ ᠨᠢ ᠰᠦᠯᠢᠶᠤᠤ ᠪᠦᠷᠭᠦᠭᠦᠯ ᠢᠶᠠᠨ ᠬᠤᠴᠢᠵᠤ᠂ ᠴᠢᠭᠢᠭ ᠲᠤᠯᠠᠭᠠᠨ ᠢ ᠨᠡᠮᠡᠭᠳᠡᠭᠦᠯᠦᠨ᠂ ᠴᠢᠭᠢᠯᠡᠯᠳᠡ ᠶᠢ ᠨᠢ ᠠᠭᠢᠭᠤᠯᠤᠨ᠎ᠠ᠃     5. ᠴᠢᠭᠢᠯᠡᠭᠦ ᠬᠤᠭᠤᠴᠠᠭᠠᠨ ᠳᠤᠨᠢ ᠶᠠᠭᠠᠭᠢᠵᠤ ᠠᠷᠠᠴᠢᠯᠠᠬᠤ ᠪᠤᠢ︖ ᠴᠢᠭᠢᠯᠡᠵᠤ ᠭᠠᠷᠤᠠᠠᠰᠠᠨ ᠤ ᠰᠡᠭᠦᠯᠡᠷ ᠡᠳᠤᠷ ᠤᠨ ᠲᠤᠯᠠᠭᠠᠨ ᠤ ᠭᠡᠮᠵᠢᠶ᠎ᠠ ᠶᠢ 25 ~ 30℃᠂ ᠰᠦᠨᠢ ᠶᠢᠨ ᠲᠤᠯᠠᠭᠠᠨ ᠤ ᠭᠡᠮᠵᠢᠶ᠎ᠠ ᠶᠢ 15 ~20℃ ᠪᠠᠶᠢᠯᠭᠠᠨ᠎ᠠ᠂᠃ ᠨᠢᠯᠬ᠎ᠠ ᠴᠢᠭᠢ ᠨᠢ ᠴᠦᠮ ᠵᠢᠭᠳᠡ ᠴᠢᠭᠢᠯᠡᠭᠰᠡᠨ ᠤ ᠰᠡᠭᠦᠯᠡᠷ ᠲᠤᠯᠠᠭᠠᠨ ᠤ ᠭᠡᠮᠵᠢᠶ᠎ᠠ ᠶᠢ ᠪᠠᠭᠤᠷᠠᠭᠤᠯᠵᠤ᠂ ᠡᠳᠤᠷ ᠲᠡᠭᠡᠨ 18 ~ 22℃᠂ ᠰᠦᠨᠢ ᠳᠡᠭᠡᠨ 12 ~ 13℃ ᠪᠠᠶᠢᠯᠭᠠᠨ᠎ᠠ᠃ ᠠᠩᠬᠠᠳ᠋ᠬᠠᠴᠢ ᠨᠢᠭᠡᠨ ᠵᠢᠩᠭᠢᠨᠢ ᠨᠠᠪᠴᠢ ᠭᠠᠷᠬᠤ ᠦᠶᠡᠰ ᠡᠳᠤᠷ ᠤᠨ ᠲᠤᠯᠠᠭᠠᠨ ᠤ ᠭᠡᠮᠵᠢᠶ᠎ᠠ ᠶᠢ 20 ~ 25℃᠂ ᠰᠦᠨᠢ ᠶᠢᠨ ᠲᠤᠯᠠᠭᠠᠨ ᠤ ᠭᠡᠮᠵᠢᠶ᠎ᠠ ᠶᠢ 12 ~14℃ ᠪᠠᠶᠢᠯᠭᠠᠨ᠎ᠠ᠃ ᠤᠷᠭᠤᠭᠠᠳ ᠭᠤᠷᠪᠡᠨ ᠵᠢᠩᠭᠢᠨᠢ ᠨᠠᠪᠴᠢ ᠭᠠᠷᠤᠠᠠᠰᠠᠨ ᠤ ᠰᠡᠭᠦᠯᠡᠷ ᠤᠶᠢᠷ᠎ᠠ ᠤᠷᠴᠢᠮ ᠳᠤᠨᠢ ᠰᠠᠭᠤᠷᠢᠰᠢᠭᠤᠯᠤᠨ ᠲᠠᠷᠢᠵᠤ᠂ ᠡᠭᠢᠯᠡᠨ ᠪᠤᠯᠪᠠᠰᠤᠷᠠᠭᠤᠯᠵᠤ᠂ ᠡᠳᠤᠷ ᠤᠨ ᠲᠤᠯᠠᠭᠠᠨ ᠤ ᠭᠡᠮᠵᠢᠶ᠎ᠠ ᠶᠢ 18 ~ 20℃᠂ ᠰᠦᠨᠢ ᠶᠢᠨ ᠲᠤᠯᠠᠭᠠᠨ ᠤ ᠭᠡᠮᠵᠢᠶ᠎ᠠ ᠶᠢ 8 ~ 10℃ ᠪᠠᠶᠢᠯᠭᠠᠨ᠎ᠠ᠃ ᠰᠦᠯᠢᠶᠤᠤ ᠫᠸᠡᠭᠰᠡᠨ ᠳᠤ ᠴᠢᠭᠢ ᠪᠤᠶᠢᠵᠢᠭᠤᠯᠬᠤ ᠳᠤ ᠲᠤᠯᠠᠭᠠᠨ ᠢ ᠭᠢᠵᠠᠭᠠᠷᠯᠠᠨ᠂ ᠤᠰᠤ ᠶᠢ ᠦᠯᠤ ᠭᠢᠵᠠᠭᠠᠷᠯᠠᠬᠤ ᠵᠠᠷᠴᠢᠮ ᠢ ᠪᠠᠷᠢᠮᠳᠠᠯᠠᠵᠤ᠂ ᠤᠰᠤᠯᠠᠬᠤ ᠳᠠᠭᠠᠨ ᠤᠰᠤᠨ ᠤ ᠲᠤᠯᠠᠭᠠᠨ ᠢ ᠠᠩᠬᠠᠷᠬᠤ ᠭᠡᠷᠡᠭᠳᠡᠢ᠃ 16 ~ 18℃ ᠪᠠᠶᠢᠪᠠᠯ ᠲᠤᠭᠢᠷᠠᠮᠵᠢᠳᠡᠢ᠂ ᠤᠰᠤᠯᠠᠬᠤ ᠭᠡᠮᠵᠢᠶ᠎ᠠ ᠶᠢ ᠭᠡᠳᠦᠷᠭᠡᠢ ᠶᠡᠭᠡᠳᠡᠭᠦᠯᠵᠤ ᠪᠤᠯᠬᠤ ᠦᠭᠡᠢ᠂ ᠲᠤᠩᠭᠠᠯᠠᠭ ᠡᠳᠤᠷ ᠤᠨ ᠦᠳᠡ ᠶᠢᠨ ᠡᠮᠦᠨ᠎ᠠ ᠤᠰᠤᠯᠠᠪᠠᠯ ᠬᠠᠮᠤᠭ ᠤᠨ ᠰᠠᠶᠢᠨ ᠪᠠᠶᠢᠳᠠᠭ᠃     6. ᠰᠠᠭᠤᠷᠢᠰᠢᠭᠤᠯᠤᠨ ᠲᠠᠷᠢᠬᠤ ᠠᠴᠠ ᠪᠠᠨ ᠡᠮᠦᠨ᠎ᠠ ᠶᠠᠮᠠᠷ ᠪᠡᠯᠡᠳᠭᠡᠯ ᠠᠵᠢᠯ ᠤᠳ ᠢ ᠭᠢᠭᠦ ᠪᠤᠢ︖ ᠨᠠᠮᠤᠷ ᠡᠪᠤᠯ ᠤᠨ ᠭᠤᠤᠷᠰᠤ ᠶᠢᠨ ᠨᠤᠭᠤᠭ᠎ᠠ ᠶᠢᠨ ᠲᠠᠷᠢᠮᠠᠯ ᠢ ᠬᠤᠷᠢᠶ᠋ᠬᠠᠰᠠᠨ ᠤ ᠰᠡᠭᠦᠯᠡᠷ᠂ ᠲᠠᠷᠢᠶᠠᠨ ᠭᠠᠵᠠᠷ ᠢᠶᠠᠨ ᠰᠠᠶᠢᠳᠤᠷ ᠴᠡᠪᠡᠷᠯᠡᠵᠤ᠂ ᠲᠦᠷᠦᠭᠦᠤ ᠲᠠᠷᠢᠠᠠᠰᠠᠨ ᠲᠠᠷᠢᠮᠠᠯ ᠤᠨ ᠡᠰᠢ ᠨᠠᠪᠴᠢ᠂ ᠦᠨᠳᠤᠰᠤᠨ ᠰᠢᠰᠲ᠋ᠧᠮ ᠵᠢᠴᠢ ᠰᠤᠯᠠ ᠡᠪᠡᠰᠤ ᠶᠢ ᠲᠦᠢᠯᠪᠤᠷᠢᠳᠡᠢ ᠴᠠᠪᠡᠷᠯᠡᠨ ᠠᠷᠢᠯᠭᠠᠵᠤ᠂ ᠰᠢᠳᠠᠭᠠᠬᠤ ᠪᠤᠶᠤ ᠭᠦᠨ ᠪᠤᠯᠬᠤ ᠭᠡᠷᠡᠭᠳᠡᠢ᠃ ᠭᠠᠵᠠᠷ ᠢᠶᠠᠨ 25 ~ 30 ᠰᠠᠠᠲ᠋ᠢᠮᠧᠳ᠋ᠷ ᠭᠦᠨ ᠤᠷᠪᠠᠭᠤᠯᠵᠤ᠂ ᠮᠤ᠋ ᠪᠦᠷᠢ ᠴᠢᠨᠠᠷ ᠰᠠᠶᠢᠳᠠᠢ ᠤᠷᠭᠠᠨᠢᠭ ᠪᠤᠷᠳᠤᠭᠤᠷ 5000 ~ 7500 ᠺᠢᠯᠤᠭ᠍ᠷᠡᠮ᠂ ᠹᠤᠰᠹᠤᠷ ᠭᠦᠴᠢᠯ ᠤᠨ ᠬᠤᠶᠠᠷᠴᠢ ᠠᠮᠮᠤᠨᠢ 20 ~ 30 ᠺᠢᠯᠤᠭ᠍ᠷᠡᠮ ᠤᠷᠤᠭᠤᠯᠤᠨ᠎ᠠ᠂ ᠰᠠᠭᠤᠷᠢᠰᠢᠭᠤᠯᠤᠨ ᠲᠠᠷᠢᠬᠤ ᠠᠴᠠ ᠪᠠᠨ 20 ~ 30 ᠡᠳᠤᠷ ᠤᠨ ᠡᠮᠦᠨ᠎ᠠ ᠰᠦᠯᠢᠶᠤᠤ ᠪᠦᠷᠭᠦᠭᠦᠯ ᠢᠶᠠᠨ ᠪᠦᠳᠡᠭᠡᠵᠤ ᠂ ᠭᠠᠵᠠᠷ ᠭᠡᠰᠦᠭᠰᠡᠨ ᠤ ᠰᠡᠭᠦᠯᠡᠷ ᠭᠠᠵᠠᠷ ᠢᠶᠠᠨ ᠨᠢᠭᠡ ᠠᠴᠠ ᠬᠤᠶᠠᠷ ᠤᠳᠠᠭ᠎ᠠ 20 ᠰᠠᠠᠲ᠋ᠢᠮᠧᠳ᠋ᠷ ᠭᠦᠨ ᠤᠷᠪᠠᠭᠤᠯᠵᠤ ᠂ ᠭᠦᠷᠦᠰᠤ ᠰᠢᠷᠤᠢ ᠪᠠᠨ ᠲᠠᠷᠭᠤᠯᠠᠭᠤᠯᠤᠨ᠂ ᠭᠠᠵᠠᠷ ᠤᠨ ᠲᠤᠯᠠᠭᠠᠨ ᠢ ᠲᠡᠭᠡᠭᠰᠢᠯᠡᠭᠦᠯᠦᠨ᠎ᠠ᠂ ᠲᠠᠷᠠᠭ᠎ᠠ ᠪᠠᠷ ᠨᠢ ᠭᠠᠵᠠᠷ ᠢᠶᠠᠨ ᠲᠡᠭᠰᠢᠯᠡᠨ᠎ᠡ᠃     7. ᠶᠠᠮᠠᠷ ᠦᠶ᠎ᠠ ᠳᠤ ᠰᠠᠭᠤᠷᠢᠰᠢᠭᠤᠯᠤᠨ ᠲᠠᠷᠢᠬᠤ ᠪᠤᠢ︖ ᠶᠠᠮᠠᠷ ᠠᠷᠭ᠎ᠠ ᠪᠠᠷ ᠠᠷᠠᠴᠢᠯᠠᠬᠤ ᠪᠤᠢ︖ ᠦᠪᠤᠷ ᠮᠤᠩᠭᠤᠯ ᠤᠷᠤᠨ ᠤ ᠴᠠᠭ ᠠᠭᠤᠷ ᠤᠨ ᠬᠤᠪᠢᠷᠠᠯᠳᠠ ᠶᠢᠨ ᠵᠢᠮ᠎ᠠ ᠶᠤᠰᠤ ᠶᠢ ᠦᠨᠳᠤᠰᠦᠯᠡᠵᠤ᠂ ᠭᠦᠯᠡᠮᠵᠢᠨ ᠤ ᠦᠷᠭᠡᠰᠤᠳᠤ ᠭᠡᠮᠭᠡ ᠶᠢ 2 ᠳ᠋ᠤᠭᠠᠷ ᠰᠠᠷ᠎ᠠ ᠶᠢᠨ ᠡᠭᠢ ᠪᠤᠶᠤ ᠲᠤᠮᠳᠡᠴᠢ ᠠᠴᠠ 3 ᠳ᠋ᠤᠭᠠᠷ ᠰᠠᠷ᠎ᠠ ᠶᠢᠨ ᠡᠭᠢᠨ ᠤ ᠬᠤᠭᠤᠴᠠᠭᠠᠨ ᠳᠤ ᠰᠠᠭᠤᠷᠢᠰᠢᠭᠤᠯᠤᠨ ᠲᠠᠷᠢᠨ᠎ᠠ᠃ ᠲᠠᠷᠢᠬᠤ ᠦᠶ᠎ᠠ ᠳᠤ ᠭᠠᠵᠠᠷ ᠤᠨ ᠲᠤᠯᠠᠭᠠᠨ ᠨᠢ 10 ~12℃ ᠠᠴᠠ ᠲᠡᠭᠡᠭᠰᠢ ᠳᠤ ᠲᠤᠠᠠᠳᠠᠪᠤᠷᠢᠵᠢᠵᠤ᠂ ᠬᠠᠮᠤᠭ ᠤᠨ ᠲᠤᠤᠷ᠎ᠡ ᠲᠤᠯᠠᠭᠠᠨ ᠤ ᠭᠡᠮᠵᠢᠶ᠎ᠠ ᠨᠢ 5℃ ᠠᠴᠠ ᠲᠡᠭᠡᠭᠰᠢ ᠳᠤ ᠲᠤᠠᠠᠳᠠᠪᠤᠷᠢᠵᠢᠵᠤ ᠪᠠᠶᠢᠪᠠᠯ᠂ ᠦᠷᠭᠡᠰᠤᠳᠤ ᠭᠡᠮᠭᠡ ᠶᠢᠨ ᠭᠡᠪ ᠤᠨ ᠤᠷᠭᠤᠯᠳᠠ ᠶᠢ ᠪᠠᠳᠤᠯᠠᠵᠤ᠂ ᠭᠦᠢᠳᠡᠨ ᠤ ᠭᠦᠨᠦᠭᠡᠯ ᠪᠠ ᠭᠦᠯᠳᠡᠭᠦ ᠠᠶᠤᠯ ᠠᠴᠠ ᠰᠡᠷᠭᠡᠶᠢᠯᠡᠵᠤ ᠴᠢᠳᠠᠨ᠎ᠠ᠃ ᠰᠠᠭᠤᠷᠢᠰᠢᠭᠤᠯᠤᠨ ᠲᠠᠷᠢᠬᠤ ᠠᠷᠭ᠎ᠠ ᠪᠠ ᠨᠢᠠᠠᠳᠠᠴᠠ᠄ ᠰᠠᠯᠭᠢ ᠨᠡᠪᠳᠡᠷᠡᠭᠦ ᠭᠡᠷᠡᠯ ᠲᠤᠰᠬᠤ ᠳᠤ ᠲᠦᠭᠦᠮ ᠦᠵᠡᠭᠦᠯᠵᠤ᠂ ᠭᠡᠮ ᠤᠨ ᠭᠦᠨᠦᠭᠡᠯ ᠢ ᠪᠠᠭᠠᠰᠬᠠᠬᠤ ᠪᠠ ᠲᠠᠷᠢᠶᠠᠨ ᠳᠤ ᠠᠵᠢᠯᠯᠠᠬᠤ ᠳᠤ ᠲᠦᠭᠦᠮ ᠪᠤᠯᠭᠠᠬᠤ ᠶᠢᠨ ᠲᠤᠰᠠᠳᠠ᠂ ᠲᠤᠮᠤ ᠨᠠᠷᠢᠨ ᠮᠦᠷ ᠢᠶᠠᠷ ᠲᠠᠷᠢᠬᠤ ᠠᠷᠭ᠎ᠠ ᠶᠢ ᠭᠡᠷᠡᠭᠯᠡᠨ᠎ᠡ᠃ ᠦᠨᠳᠤᠷ ᠲᠠᠳᠠᠭᠠᠯ ᠳᠤ ᠲᠠᠷᠢᠪᠠᠯ᠂ ᠲᠠᠯᠠᠩ ᠲᠡᠭᠡᠷ᠎ᠡ ᠪᠠᠨ ᠬᠤᠶᠠᠷ ᠮᠦᠷ ᠲᠠᠷᠢᠨ᠎ᠠ᠃ ᠮᠦᠷ ᠤᠨ ᠵᠠᠢ ᠶᠢ 40 ᠰᠠᠠᠲ᠋ᠢᠮᠧᠳ᠋ᠷ ᠪᠠᠶᠢᠯᠭᠠᠨ᠎ᠠ᠃ ᠲᠠᠷᠢᠠᠠᠰᠠᠨ ᠤ ᠪᠠᠨ ᠰᠡᠭᠦᠯᠡᠷ ᠰᠢᠷᠤᠢ ᠪᠠᠷ ᠬᠤᠴᠢᠵᠤ᠂ 2 — 3 ᠡᠳᠤᠷ ᠤᠨ ᠲᠠᠷᠠᠭ᠎ᠠ ᠤᠰᠤᠯᠠᠨ᠎ᠠ᠃ ᠲᠡᠭᠰᠢᠭᠡᠨ ᠲᠠᠳᠠᠭᠠᠯ ᠳᠤ ᠲᠠᠷᠢᠬᠤ ᠳᠤ᠂ ᠲᠠᠳᠠᠭᠠᠯ ᠤᠨ ᠲᠤᠳᠤᠷᠠᠭᠢ ᠮᠦᠷ ᠤᠨ ᠵᠠᠢ ᠶᠢ 40 ᠰᠠᠠᠲ᠋ᠢᠮᠧᠳ᠋ᠷ᠂ ᠲᠠᠳᠠᠭᠠᠯ ᠤᠨ ᠬᠤᠭᠤᠷᠤᠨᠳᠤᠭᠢ ᠵᠠᠢ ᠶᠢ 60 ᠰᠠᠠᠲ᠋ᠢᠮᠧᠳ᠋ᠷ ᠪᠠᠶᠢᠯᠭᠠᠨ᠎ᠠ᠃ ᠲᠠᠷᠢᠮᠬᠠᠴᠠ ᠪᠠᠨ ᠤᠰᠤᠯᠠᠵᠤ᠂ 2 ~ 3 ᠡᠳᠤᠷ ᠤᠨ ᠲᠠᠷᠠᠭ᠎ᠠ ᠴᠢᠭᠢᠯᠡᠯᠳᠡ ᠶᠢᠨ ᠤᠰᠤᠯᠠᠯᠳᠠ ᠭᠢᠨ᠎ᠠ᠂ ᠰᠠᠭᠤᠷᠢ ᠶᠢᠨ ᠵᠠᠢ ᠶᠢ 32 ~ 35 ᠰᠠᠠᠲ᠋ᠢᠮᠧᠳ᠋ᠷ ᠪᠠᠶᠢᠯᠭᠠᠵᠤ᠂ ᠮᠤ᠋ ᠪᠦᠷᠢ 3500 — 3600 ᠰᠠᠭᠤᠷᠢ ᠲᠠᠷᠢᠨ᠎ᠠ᠃ ᠴᠢᠭᠢᠭ ᠲᠤᠯᠠᠭᠠᠨ ᠢ ᠲᠡᠭᠡᠭᠰᠢᠯᠡᠭᠦᠯᠦᠨ ᠴᠢᠭᠢᠯᠡᠯᠳᠡ ᠶᠢ ᠠᠭᠢᠭᠤᠯᠤᠨ᠎ᠠ᠂ ᠲᠠᠷᠢᠠᠠᠰᠠᠨ ᠤ ᠲᠠᠷᠠᠭ᠎ᠠ ᠲᠠᠷᠢᠯᠳᠠ ᠶᠢᠨ ᠤᠰᠤᠯᠠᠯᠳᠠ ᠪᠠ ᠴᠢᠭᠢᠯᠡᠯᠳᠡ ᠶᠢᠨ ᠤᠰᠤᠯᠠᠯᠳᠠ ᠭᠢᠭᠰᠡᠨ ᠤ ᠰᠡᠭᠦᠯᠡᠷ᠂ ᠡᠳᠤᠷ ᠤᠨ ᠲᠤᠯᠠᠭᠠᠨ ᠤ ᠭᠡᠮᠵᠢᠶ᠎ᠠ ᠶᠢ 25~30℃᠂ ᠬᠠᠮᠤᠭ ᠤᠨ ᠦᠨᠳᠤᠷ ᠲᠡᠭᠡᠨ 35℃᠂ ᠰᠦᠨᠢ ᠶᠢᠨ ᠲᠤᠯᠠᠭᠠᠨ ᠤ ᠭᠡᠮᠵᠢᠶ᠎ᠠ ᠶᠢ 15℃ ᠪᠠᠶᠢᠯᠭᠠᠵᠤ᠂ 35℃ ᠠᠴᠠ ᠭᠡᠳᠦᠷᠡᠭᠦᠯᠭᠦ ᠦᠭᠡᠢ ᠪᠠᠶᠢᠯᠭᠠᠨ᠎ᠠ᠃ ᠰᠠᠯᠭᠢ ᠨᠡᠪᠳᠡᠷᠡᠭᠦᠯᠭᠦ ᠦᠭᠡᠢ᠂ 6 ~8 ᠬᠤᠨᠤᠵᠤ ᠨᠢᠯᠬ᠎ᠠ ᠴᠢᠭᠢ ᠨᠢ ᠰᠢᠨ᠎ᠠ ᠪᠠᠷ ᠦᠨᠳᠦᠰᠦᠯᠡᠭᠦ ᠦᠶ᠎ᠠ ᠳᠤ ᠰᠠᠯᠭᠢ ᠨᠡᠪᠳᠡᠷᠡᠭᠦᠯᠦᠨ ᠲᠤᠯᠠᠭᠠᠨ ᠢ ᠪᠠᠭᠤᠷᠠᠭᠤᠯᠵᠤ᠂ ᠡᠳᠤᠷ ᠤᠨ ᠲᠤᠯᠠᠭᠠᠨ ᠤ ᠭᠡᠮᠵᠢᠶ᠎ᠠ ᠶᠢ 22 ~ 25℃᠂ ᠰᠦᠨᠢ ᠶᠢᠨ ᠬᠢ ᠶᠢ 12 ~ 15℃ ᠪᠠᠶᠢᠯᠭᠠᠵᠤ᠂ ᠰᠢᠷ᠎ᠠ ᠨᠠᠪᠴᠢ ᠠᠴᠠ ᠪᠠᠨ ᠨᠤᠭᠤᠭᠠᠨ ᠨᠠᠪᠴᠢ ᠪᠤᠯᠬᠤ ᠶᠢ ᠨᠢ ᠠᠭᠢᠭᠤᠯᠤᠨ᠎ᠠ᠃ ᠲᠠᠩᠨᠠᠨ ᠠᠷᠴᠢᠵᠤ᠂ ᠴᠢᠭᠢ ᠲᠠᠷᠤᠰᠢᠭᠤᠯᠵᠤ ᠦᠨᠳᠤᠰᠤ ᠶᠢᠨ ᠤᠷᠭᠤᠯᠳᠠ ᠶᠢ ᠠᠭᠢᠭᠤᠯᠤᠨ᠎ᠠ᠃ ᠴᠢᠭᠢᠯᠡᠭᠰᠡᠨ ᠤ ᠰᠡᠭᠦᠯᠡᠷ ᠰᠠᠯᠭᠢ ᠨᠡᠪᠳᠡᠷᠡᠭᠦᠯᠦᠨ ᠲᠤᠯᠠᠭᠠᠨ ᠢ ᠪᠠᠭᠤᠷᠠᠭᠤᠯᠵᠤ᠂ ᠭᠠᠵᠠᠷ ᠲᠡᠭᠡᠷ᠎ᠡ ᠴᠠᠶᠢᠷᠠᠬᠤ ᠦᠶᠡᠰ᠂ ᠨᠢᠭᠡᠨ ᠤᠳᠠᠭ᠎ᠠ ᠲᠤᠮᠳᠠ ᠵᠡᠷᠭᠡ ᠤᠰᠤᠯᠠᠬᠤ ᠪᠠ ᠪᠤᠷᠳᠤᠭᠤᠷ ᠨᠦᠭᠦᠨ ᠤᠷᠤᠭᠤᠯᠤᠨ᠎ᠠ᠂ ᠮᠤ᠋ ᠪᠦᠷ 10 ᠺᠢᠯᠤᠭ᠍ᠷᠡᠮ ᠰᠢᠭᠡᠰᠦᠯᠢᠭ ᠡᠳ᠋ ᠪᠤᠶᠤ ᠭᠦᠮᠦᠨ ᠤ ᠪᠠᠭᠠᠰᠤ ᠰᠢᠭᠡᠰᠤ 500 ᠺᠢᠯᠤᠭᠡᠷᠮ ᠤᠷᠤᠭᠤᠯᠤᠨ᠎ᠠ᠃ ᠲᠠᠷᠠᠭ᠎ᠠ ᠪᠠᠷ ᠨᠢ ᠬᠤᠶᠠᠷ ᠤᠳᠠᠭ᠎ᠠ ᠭᠦᠶᠦᠭᠡᠨ ᠬᠠᠭᠠᠯᠪᠤᠷᠢᠯᠠᠵᠤ᠂ 5 ~ 7 ᠬᠤᠨᠤᠭ ᠴᠢᠭᠢ ᠲᠠᠷᠤᠰᠢᠭᠤᠯᠤᠨ᠂ ᠲᠠᠭᠢᠨᠳᠡ ᠨᠢᠭᠡ ᠤᠳᠠᠭ᠎ᠠ ᠤᠰᠤᠯᠠᠵᠤ᠂ 8 ~ 10 ᠰᠠᠠᠲ᠋ᠢᠮᠧᠳ᠋ᠷ ᠭᠦᠨ ᠠᠷᠴᠢᠵᠤ᠂ 7 ~ 8 ᠡᠳᠤᠷ ᠴᠢᠭᠢ ᠲᠠᠷᠤᠰᠢᠭᠤᠯᠤᠨ᠎ᠠ᠃ ᠰᠠᠭᠤᠷᠢ ᠶᠢ ᠲᠤᠭᠢᠷᠠᠭᠤᠯᠤᠨ᠎ᠠ᠂ ᠲᠠᠪᠤ ᠨᠠᠪᠴᠢᠯᠬᠠᠰᠠᠨ ᠠᠴᠠ ᠬᠤᠶᠢᠰᠢ ᠲᠠᠷᠦ᠋ᠢᠬᠠᠨ ᠵᠢᠶᠠᠰᠠ ᠪᠤᠰᠬᠠᠬᠤ ᠪᠠ ᠵᠠᠯ᠎ᠠ ᠲᠠᠳᠠᠨ᠎ᠠ᠂ ᠤᠳᠠᠭ᠎ᠠ ᠪᠦᠷᠢ ᠵᠠᠯ᠎ᠠ ᠪᠤᠭᠤᠬᠤ ᠪᠤᠶᠤ ᠵᠠᠯ᠎ᠠ ᠲᠠᠳᠠᠬᠤ ᠳᠠᠭᠠᠨ ᠤᠷᠭᠤᠮᠠᠯ ᠤᠨ ᠤᠷᠭᠤᠯᠳᠠ ᠶᠢᠨ ᠴᠢᠭ᠋ ᠢ ᠰᠠᠶᠢᠳᠤᠷ ᠲᠤᠭᠢᠷᠠᠭᠤᠯᠵᠤ᠂ ᠦᠨᠳᠤᠷ ᠤᠨ ᠭᠡᠮᠵᠢᠶ᠎ᠠ ᠶᠢ ᠨᠢ ᠠᠳᠠᠯᠢ ᠲᠦᠪᠰᠢᠨ ᠲᠠᠢ ᠪᠤᠯᠭᠠᠵᠤ᠂ ᠤᠷᠭᠤᠮᠠᠯ ᠨᠢ ᠬᠠᠷᠢᠯᠴᠠᠨ ᠭᠡᠷᠡᠯ ᠢ ᠬᠠᠯᠬᠠᠯᠠᠬᠤ ᠠᠴᠠ ᠰᠡᠷᠭᠡᠶᠢᠯᠡᠵᠤ᠂ ᠪᠦᠭᠡᠮ ᠢᠶᠠᠷ ᠢᠶᠠᠨ ᠵᠢᠭᠳᠡᠭᠡᠨ ᠤᠷᠭᠤᠬᠤ ᠶᠢ ᠨᠢ ᠪᠠᠳᠤᠯᠠᠨ᠎ᠠ᠃ ᠲᠤᠯᠠᠭᠠᠨ ᠤ ᠭᠡᠮᠵᠢᠶ᠎ᠠ ᠶᠢᠨ ᠬᠠᠮᠢᠶᠠᠷᠤᠯᠳᠠ᠄ ᠦᠷᠭᠡᠰᠤᠳᠤ ᠭᠡᠮᠭᠡ ᠨᠢ ᠦᠨᠳᠤᠷ ᠬᠤᠷᠢᠶᠠᠯᠳᠠ ᠶᠢᠨ ᠬᠤᠭᠤᠴᠠᠭᠠᠨ ᠳᠤ ᠤᠷᠤᠠᠠᠰᠠᠨ ᠤ ᠲᠠᠷᠠᠭ᠎ᠠ᠂ ᠲᠤᠯᠠᠭᠠᠨ ᠤ ᠭᠡᠮᠵᠢᠶ᠎ᠠ ᠶᠢ ᠰᠢᠨᠵᠢᠯᠡᠭᠦ ᠤᠬᠠᠭᠠᠠᠴᠢ ᠪᠠᠷ ᠬᠠᠮᠢᠶᠠᠷᠴᠤ᠂ ᠨᠠᠷᠨ ᠮᠠᠠᠳᠤᠠᠠᠰᠠᠨ ᠠᠴᠠ ᠠᠪᠤᠭᠠᠳ 14 ᠴᠠᠭ ᠪᠤᠯᠳᠠᠯᠠᠭᠢ ᠬᠤᠭᠤᠴᠠᠭ᠎ᠠ ᠪᠤᠯ ᠨᠠᠪᠴᠢ ᠨᠢ ᠭᠡᠷᠡᠯ ᠤᠨ ᠨᠡᠶᠢᠯᠡᠯᠭᠡ ᠶᠢᠨ ᠦᠢᠯᠡᠳᠦᠯ ᠢᠶᠠᠷ ᠰᠢᠮ᠎ᠠ ᠲᠡᠵᠢᠭᠡᠯ ᠭᠦᠷᠳᠡᠭᠦ ᠬᠠᠮᠤᠭ ᠰᠠᠶᠢᠨ ᠴᠠᠭ ᠬᠤᠭᠤᠴᠠᠭ᠎ᠠ ᠪᠤᠯᠬᠤᠷ᠂ ᠲᠤᠯᠠᠭᠠᠨ ᠤ ᠭᠡᠮᠵᠢᠶ᠎ᠠ ᠶᠢ 25 ~ 32℃ ᠪᠠᠶᠢᠯᠭᠠᠵᠤ᠂ 35℃ ᠠᠴᠠ ᠭᠡᠳᠦᠷᠡᠭᠦᠯᠭᠦ ᠦᠭᠡᠢ᠃ 14 ᠴᠠᠭ ~ 18 ᠴᠠᠭ ᠪᠤᠯᠳᠠᠯ᠎ᠠ᠂ ᠲᠤᠯᠠᠭᠠᠨ ᠤ ᠭᠡᠮᠵᠢᠶ᠎ᠠ ᠶᠢ 20 ~ 25℃ ᠪᠠᠶᠢᠯᠭᠠᠨ᠎ᠠ᠃ 18 ᠴᠠᠭ ᠠᠴᠠ ᠰᠦᠨᠢ ᠶᠢᠨ 24 ᠴᠠᠭ ᠪᠤᠯᠳᠠᠯ᠎ᠠ ᠲᠤᠯᠠᠭᠠᠨ ᠤ ᠭᠡᠮᠵᠢᠶ᠎ᠠ ᠶᠢ 16 ~ 20℃ ᠪᠠᠶᠢᠯᠭᠠᠵᠤ᠂ 24 ᠴᠠᠭ ᠠᠴᠠ ᠦᠷᠯᠦᠭᠡ ᠶᠢᠨ 6 ᠴᠠᠭ ᠪᠤᠯᠳᠠᠯ᠎ᠠ᠂ ᠲᠤᠯᠠᠭᠠᠨ ᠤ ᠭᠡᠮᠵᠢᠶ᠎ᠠ ᠶᠢ 12 ~ 14℃ ᠪᠠᠶᠢᠯᠭᠠᠨ᠎ᠠ᠃ ᠤᠰᠤ ᠪᠤᠷᠳᠤᠭᠤᠷ ᠤᠨ ᠬᠠᠮᠢᠶᠠᠷᠤᠯᠳᠠ᠄ ᠨᠢᠯᠬ᠎ᠠ ᠴᠢᠭᠢᠨ ᠤ ᠦᠶ᠎ᠠ ᠠᠴᠠ ᠵᠡᠯᠡᠯᠡᠭᠦ ᠬᠤᠭᠤᠴᠠᠭᠠᠨ ᠳᠤ ᠤᠰᠤ ᠪᠤᠷᠳᠤᠭᠤᠷ ᠤᠨ ᠲᠠᠯ᠎ᠠ ᠪᠠᠷ ᠭᠢᠵᠠᠭᠠᠷᠯᠠᠬᠤ ᠪᠠᠷ ᠭᠤᠤᠯ ᠪᠤᠯᠭᠠᠨ᠎ᠠ᠃ ᠰᠠᠭᠤᠷᠢᠰᠢᠭᠤᠯᠤᠨ ᠲᠠᠷᠢᠵᠤ ᠠᠮᠢᠳᠤᠷᠬᠠᠰᠠᠨ ᠤ ᠰᠡᠭᠦᠯᠡᠷ ᠠᠷᠴᠢᠬᠤ ᠴᠢᠭᠢ ᠲᠠᠷᠤᠰᠢᠭᠤᠯᠬᠤ ᠴᠢᠭᠢᠭ ᠢ ᠬᠠᠮᠠᠭᠠᠯᠠᠬᠤ ᠪᠠᠷ ᠭᠤᠤᠯ ᠪᠤᠯᠭᠠᠵᠤ᠂ ᠠᠷᠠᠴᠢᠯᠠᠯᠳᠠ ᠶᠢ ᠴᠢᠩᠭᠠᠳᠬᠠᠨ ᠭᠠᠵᠠᠷ ᠤᠨ ᠲᠤᠯᠠᠭᠠᠨ ᠢ ᠲᠡᠭᠡᠭᠰᠢᠯᠡᠭᠦᠯᠵᠤ᠂ ᠦᠨᠳᠦᠰᠦᠯᠡᠯᠳᠡ ᠶᠢ ᠨᠢ ᠠᠭᠢᠭᠤᠯᠵᠤ᠂ ᠭᠠᠵᠠᠷ ᠲᠡᠭᠡᠷᠡᠭᠢ ᠪᠡ ᠭᠠᠵᠠᠷ ᠲᠤᠤᠷᠠᠭᠢ ᠶᠢᠨ ᠤᠷᠭᠤᠯᠳᠠ ᠶᠢ ᠰᠠᠶᠢᠳᠤᠷ ᠲᠤᠭᠢᠷᠠᠭᠤᠯᠤᠨ ᠲᠡᠩᠴᠡᠭᠦᠯᠦᠨ᠎ᠠ᠃ ᠵᠡᠯᠡᠯᠡᠭᠦ ᠬᠤᠭᠤᠴᠠᠭᠠᠨ ᠳᠤᠨᠢ ᠤᠰᠤ ᠪᠤᠷᠳᠤᠭᠤᠷ ᠢ ᠭᠢᠵᠠᠭᠠᠷᠯᠠᠵᠤ᠂ ᠦᠨᠳᠤᠷ ᠬᠤᠷᠢᠶᠠᠯᠳᠠ ᠶᠢᠨ ᠬᠤᠭᠤᠴᠠᠭᠠᠨ ᠳᠤ ᠤᠷᠤᠠᠠᠰᠠᠨ ᠦᠶ᠎ᠠ ᠳᠤ ᠤᠰᠤ ᠪᠤᠷᠳᠤᠭᠤᠷ ᠤᠨ ᠬᠠᠮᠢᠶᠠᠷᠤᠯᠳᠠ ᠶᠢ ᠴᠢᠩᠭᠠᠳᠬᠠᠵᠤ᠂ ᠶᠠᠷᠦᠩᠭᠡᠢ ᠳᠡᠭᠡᠨ 7 ~ 8 ᠡᠳᠤᠷ ᠪᠦᠷᠢ ᠨᠢᠭᠡ ᠤᠳᠠᠭ᠎ᠠ ᠤᠰᠤᠯᠠᠵᠤ᠂ ᠤᠳᠠᠭ᠎ᠠ ᠪᠦᠷᠢ ᠶᠢᠨ ᠤᠰᠤᠯᠠᠯᠳᠠ ᠲᠠᠢ ᠤᠶᠠᠯᠳᠤᠭᠤᠯᠤᠨ ᠪᠤᠷᠳᠤᠭᠤᠷ ᠨᠦᠭᠦᠵᠤ᠂ ᠮᠤ᠋ ᠪᠦᠷᠢ 10 ᠺᠢᠯᠤᠭ᠍ᠷᠡᠮ ᠰᠢᠭᠡᠰᠦᠯᠢᠭ ᠡᠳ᠋ ᠨᠦᠭᠦᠨ ᠤᠷᠤᠭᠤᠯᠤᠨ᠎ᠠ᠃     8. ᠲᠡᠭᠦᠵᠤ ᠬᠤᠷᠢᠶᠠᠬᠤ ᠳᠤ ᠶᠠᠭᠤ ᠶᠢ ᠠᠩᠬᠠᠷᠬᠤ ᠪᠤᠢ︖ ᠬᠠᠪᠤᠷ ᠡᠷᠳᠡ ᠭᠦᠯᠡᠮᠵᠢᠨ ᠤ ᠦᠷᠭᠡᠰᠤᠳᠤ ᠭᠡᠮᠭᠡ ᠶᠢᠨ ᠤᠷᠭᠤᠯᠳᠠ ᠶᠢᠨ ᠪᠠᠶᠢᠳᠠᠯ ᠨᠢ ᠠᠨᠠᠢ᠂ ᠵᠡᠷᠡᠮᠳᠡᠭ ᠭᠡᠮᠭᠡ ᠴᠤ ᠨᠡᠯᠢᠶᠡᠳ ᠤᠯᠠᠨ ᠪᠠᠶᠢᠳᠠᠭ ᠪᠤᠯᠬᠤᠷ ᠡᠷᠳᠡᠭᠡᠨ ᠲᠡᠭᠦᠵᠤ ᠬᠤᠷᠢᠶᠠᠵᠤ᠂ ᠵᠠᠯ᠎ᠠ ᠨᠢ ᠤᠨᠠᠵᠤ ᠲᠡᠭᠡᠳᠤ ᠭᠡᠰᠡᠭ ᠤᠨ ᠵᠢᠮᠢᠰ ᠤᠨ ᠤᠷᠭᠤᠯᠳᠠ ᠶᠢ ᠨᠦᠯᠦᠭᠡᠯᠡᠭᠦ ᠠᠴᠠ ᠰᠡᠷᠭᠡᠶᠢᠯᠡᠭᠦ ᠭᠡᠷᠡᠭᠳᠡᠢ᠂ ᠬᠤᠷᠢᠶᠠᠯᠳᠠ ᠶᠢᠨ ᠭᠦᠭ ᠬᠤᠭᠤᠴᠠᠭᠠᠨ ᠳᠤ ᠤᠷᠤᠪᠠᠯ᠂ ᠵᠢᠮᠢᠰ ᠤᠨ ᠤᠷᠭᠤᠯᠳᠠ ᠨᠢ ᠲᠦᠷᠭᠡᠳᠭᠦ ᠲᠤᠯᠠ 3 ~ 5 ᠡᠳᠤᠷ ᠲᠤ ᠨᠢᠭᠡ ᠤᠳᠠᠭ᠎ᠠ ᠲᠡᠭᠦᠵᠤ ᠬᠤᠷᠢᠶᠠᠬᠤ ᠭᠡᠷᠡᠭᠳᠡᠢ᠂ ᠬᠤᠷᠢᠶᠠᠯᠳᠠ ᠶᠢᠨ ᠭᠦᠭ ᠦᠶ᠎ᠠ ᠳᠤ ᠨᠢᠭᠡ ᠬᠤᠶᠠᠷ ᠡᠳᠤᠷ ᠠᠯᠤᠰᠯᠠᠬᠤ ᠪᠦᠷᠢ ᠨᠢᠭᠡ ᠤᠳᠠᠭ᠎ᠠ ᠲᠡᠭᠦᠵᠤ ᠬᠤᠷᠢᠶᠠᠬᠤ ᠭᠡᠷᠡᠭᠳᠡᠢ᠃ ᠲᠡᠭᠦᠵᠤ ᠬᠤᠷᠢᠶᠠᠬᠤ ᠳᠠᠭᠠᠨ ᠨᠠᠷᠢᠨ ᠨᠢᠮᠪᠠᠢ ᠲᠡᠭᠦᠵᠤ ᠴᠡᠪᠡᠷᠭᠡᠨ ᠬᠤᠷᠢᠶᠠᠬᠤ ᠭᠡᠷᠡᠭᠳᠡᠢ᠂ ᠲᠡᠭᠦᠭᠦ ᠳᠡᠭᠡᠨ ᠦᠷᠯᠦᠭᠡ ᠡᠷᠳᠡ ᠲᠡᠭᠦᠭᠦ ᠭᠡᠷᠡᠭᠳᠡᠢ᠂ ᠡᠨᠡ ᠦᠶ᠎ᠠ ᠳᠤ ᠤᠷᠭᠤᠮᠠᠯ ᠤᠨ ᠤᠰᠤ ᠨᠢ ᠭᠦᠷᠦᠯᠴᠡᠭᠡ ᠲᠠᠢ᠂ ᠵᠢᠮᠢᠰ ᠨᠢ ᠰᠤᠷᠭᠤᠭ ᠵᠦᠭᠡᠯᠡᠨ᠂ ᠴᠢᠨᠠᠷ ᠰᠠᠶᠢᠳᠠᠢ ᠪᠠᠶᠢᠳᠠᠭ᠃ ᠲᠡᠭᠦᠭᠦ ᠳᠡᠭᠡᠨ ᠪᠠᠰᠠ ᠰᠠᠶᠢᠨ ᠪᠠ ᠮᠠᠭᠤ ᠶᠢ ᠨᠢ ᠢᠯᠭᠠᠨ ᠰᠠᠯᠭᠠᠵᠤ᠂ ᠬᠤᠳᠠᠯᠳᠤᠬᠤ ᠳᠤ ᠲᠦᠭᠦᠮ ᠪᠤᠯᠭᠠᠬᠤ ᠭᠡᠷᠡᠭᠳᠡᠢ᠃
 
ᠢᠷᠡᠯᠲᠡ᠄ ᠠᠯᠠᠱᠨ ᠵᠡᠬᠦᠨ ᠬᠤᠰᠢᠭᠤᠨ ᠤ ᠠᠷᠠᠳ ᠤᠨ ᠵᠠᠰᠠᠭ ᠤᠨ ᠤᠷᠲᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号