ᠨᠠᠮᠤᠷ ᠤᠨ ᠠᠭᠤᠷ ᠤᠷᠤᠬᠤ ᠶᠢ ᠲᠠᠭᠠᠯᠳᠤᠨ ᠲᠡᠭᠷᠢ ᠡᠯᠡᠰᠦᠨ ᠳᠤ ᠨᠤᠳᠤᠬᠰᠢᠨ ᠰᠠᠭᠤᠭ᠎ᠠ ᠠᠯᠠᠱᠠ ᠵᠡᠭᠦᠨ | ᠬᠤᠰᠢᠭᠤᠨ ᠤ ᠪᠠᠶᠠᠨᠬᠤᠳᠠ ᠪᠠᠯᠭᠠᠰᠤᠨ ᠤ ᠢᠩᠭᠡᠳᠦ᠂ ᠲᠡᠮᠡᠭᠡᠳᠦ ᠵᠡᠷᠭᠡ ᠭᠠᠴᠠᠭᠠᠨ ᠤ ᠮᠠᠯᠴᠢᠳ ᠨᠠᠭᠤᠷ ᠪᠦᠷᠢᠳᠦ᠂ | ᠭᠤᠤᠯ ᠲᠠᠭᠠᠤ ᠭᠠᠵᠠᠷ ᠤᠨ ᠬᠠᠳᠤᠯᠠᠩ ᠢᠶᠠᠨ ᠬᠠᠳᠤᠵᠤ ᠡᠬᠢᠯᠡᠯ᠎ᠠ᠃ | 8 ᠰᠠᠷ ᠠ ᠶᠢᠨ 4 ᠤ ᠡᠳᠦᠷ ᠠᠴᠠ ᠢᠩᠭᠡᠳᠦ ᠭᠠᠴᠠᠭᠠᠨ ᠤ ᠮᠠᠯᠴᠢᠨ ᠬᠠᠳᠠ ᠵᠢᠮᠪᠤᠷᠮᠠ ᠨᠢᠭᠡ ᠭᠡᠷ ᠤᠨ ᠬᠢᠨ | ᠨᠠᠭᠤᠷ ᠤᠨ ᠬᠦᠪᠡᠭᠡ ᠪᠠᠷ ᠬᠢ 8 ᠮᠦ ᠭᠠᠷᠤᠢ ᠪᠡᠯᠴᠢᠭᠡᠷ ᠤᠨ ᠬᠤᠯᠤᠰᠤ ︵ᠨᠤᠳᠤᠭ ᠤᠨ ᠬᠡᠯᠡᠯᠭᠡ ᠪᠠᠷ ᠱᠠᠬᠰᠢᠭ | ᠭᠡᠳᠡᠭ︶ ᠪᠠᠨ ᠬᠠᠳᠤᠬᠤ ᠠᠵᠢᠯ ᠢᠶᠠᠨ ᠡᠬᠢᠯᠡᠭᠦᠯᠵᠤ᠂ 30 ᠵᠢᠩ ᠠᠴᠠ 40 ᠵᠢᠩ ᠤᠨ ᠬᠤᠭᠤᠷᠤᠨᠳᠤ ᠨᠢᠭᠡ | ᠪᠤᠭᠤᠳᠠᠯᠯᠠᠵᠤ᠂ ᠡᠨᠡ ᠵᠢᠯ ᠪᠠᠷᠤᠭ 1200 ᠭᠠᠷᠤᠢ ᠪᠤᠭᠤᠳᠠᠭ ᠡᠪᠡᠰᠦ ᠬᠠᠳᠤᠵᠤ ᠠᠪᠬᠤ ᠪᠠᠷ ᠪᠠᠶᠢᠨ᠎ᠠ᠃ ᠬᠠᠳᠠ | ᠵᠢᠮᠪᠤᠷᠮᠠ ᠶᠢᠨ ᠬᠢᠨ ᠪᠡᠯᠴᠢᠭᠡᠷ ᠤᠨ ᠬᠡᠮᠵᠢᠶ᠎ᠡ ᠪᠠᠷ ᠮᠠᠯ ᠮᠠᠯᠵᠢᠬᠤ ᠲᠦᠷᠦ ᠶᠢᠨ ᠪᠤᠳᠤᠯᠭ᠎ᠠ ᠪᠠᠷ ᠲᠠᠪᠤᠨ ᠬᠤᠰᠢᠭᠤ | ᠮᠠᠯ ᠢᠶᠠᠨ ᠲᠡᠭᠰᠢ ᠰᠠᠶᠢᠬᠠᠨ ᠮᠠᠯᠵᠢᠵᠤ ᠰᠠᠭᠤᠳᠠᠭ ᠠᠴᠠ ᠵᠢᠯ ᠪᠦᠷᠢ ᠶᠢᠨ ᠨᠠᠮᠤᠷ ᠤᠨ ᠠᠭᠤᠷ ᠤᠷᠤᠬᠤ ᠶᠢᠨ ᠡᠮᠦᠨ᠎ᠡ | ᠬᠤᠶᠢᠨ᠎ᠠ ᠴᠠᠬ ᠢᠶᠠᠷ ᠬᠠᠳᠤᠯᠠᠩ ᠤᠨ ᠠᠵᠢᠯ ᠢᠶᠠᠨ ᠡᠬᠢᠯᠡᠭᠦᠯᠳᠡᠭ᠃ ᠬᠠᠳᠠ ᠶᠢᠨ ᠶᠠᠷᠢᠬᠤ ᠪᠠᠷ᠂ ᠱᠠᠬᠰᠢᠭ ᠬᠠᠳᠤᠬᠤ | ᠴᠠᠬ ᠤᠨ ᠲᠠᠯ᠎ᠠ ᠪᠠᠷ ᠪᠠᠰᠠ ᠠᠩᠬᠠᠷᠳᠠᠭ᠂ ᠲᠠᠷᠤᠢ ᠱᠠᠬᠰᠢᠭ ᠤᠨ ᠲᠤᠯᠤᠭᠠᠢ ᠰᠠᠭᠤᠬᠤ ᠠᠴᠠ ᠡᠮᠦᠨ᠎ᠡ ᠬᠠᠳᠤᠵᠤ | ᠠᠪᠳᠠᠭ᠂ ᠬᠡᠷᠪᠡ ᠬᠠᠳᠤᠬᠤ ᠴᠠᠬ ᠢᠶᠠᠨ ᠬᠤᠶᠢᠰᠢᠯᠠᠭᠤᠯᠵᠤ᠂ ᠱᠠᠬᠰᠢᠭ ᠨᠢ ᠲᠤᠯᠤᠭᠠᠢ ᠰᠠᠭᠤᠴᠢᠬᠠᠪᠠᠯ ᠬᠠᠳᠤᠬᠰᠠᠨ | ᠡᠪᠡᠰᠦ ᠶᠢ ᠪᠤᠬ ᠮᠠᠯ᠂ ᠬᠤᠷᠠᠭ᠎ᠠ ᠢᠰᠢᠭᠡ ᠲᠡᠶᠢᠮᠦ ᠰᠠᠶᠢᠨ ᠢᠳᠡᠬᠦ ᠪᠠᠨ ᠪᠤᠯᠢᠳᠠᠭ ᠭᠡᠵᠤ ᠪᠠᠶᠢᠯ᠎ᠠ᠃ | ᠡᠨᠡ ᠵᠢᠯ ᠠᠯᠠᠱᠠ ᠨᠤᠳᠤᠭ ᠢᠶᠠᠷ ᠬᠤᠷ᠎ᠠ ᠪᠤᠷᠤᠭᠠᠨ ᠪᠠᠭ᠎ᠠ᠂ ᠦᠨᠳᠦᠷ ᠬᠠᠯᠠᠭᠤᠨ ᠴᠠᠬ ᠠᠭᠤᠷ | ᠦᠷᠭᠦᠯᠵᠢᠯᠡᠵᠤ᠂ ᠤᠯᠠᠨ ᠭᠠᠵᠠᠷ ᠨᠤᠳᠤᠭ ᠢᠶᠠᠷ ᠭᠠᠩ ᠤᠨ ᠪᠠᠶᠢᠳᠠᠯ ᠬᠡᠴᠡᠭᠦᠳᠡᠵᠤ᠂ ᠮᠠᠯᠴᠢᠳ ᠤᠨ ᠮᠠᠯ ᠮᠠᠯᠵᠢᠯ ᠳᠤ | ᠶᠡᠬᠡᠬᠡᠨ ᠨᠦᠯᠦᠭᠡ ᠪᠤᠯᠤᠬᠰᠠᠨ ᠪᠠᠶᠢᠨ᠎ᠠ᠃ ᠬᠠᠳᠠ ᠶᠢᠨ ᠶᠠᠷᠢᠬᠤ ᠪᠠᠷ᠂ ᠡᠳᠡᠨᠡᠶᠢᠬᠢᠨ ᠤ ᠬᠠᠳᠤᠯᠠᠩ ᠤᠨ | ᠪᠡᠯᠴᠢᠭᠡᠷ ᠤᠨ ᠲᠠᠯᠠᠪᠠᠢ ᠶᠡᠭᠡ ᠪᠢᠰᠢ ᠪᠤᠯᠪᠠᠴᠤ ᠦᠩᠭᠡᠷᠡᠭᠰᠡᠨ ᠵᠢᠯ ᠳᠤ ᠬᠤᠷ᠎ᠠ ᠪᠤᠷᠤᠭᠠᠨ ᠰᠠᠶᠢᠨ ᠪᠠᠭᠤᠪᠠᠯ | ᠡᠪᠡᠰᠦᠨ ᠤ ᠤᠷᠭᠤᠯᠳᠠ ᠰᠠᠶᠢᠵᠢᠷᠠᠵᠤ᠂ ᠬᠠᠳᠤᠯᠠᠩ ᠠᠴᠠ ᠠᠪᠬᠤ ᠡᠪᠡᠰᠦ ᠶᠡᠭᠡ ᠪᠤᠯᠳᠠᠬ᠂ ᠭᠡᠪᠡᠴᠦ ᠡᠨᠡ ᠵᠢᠯ ᠤᠨ | ᠭᠠᠩ ᠬᠡᠴᠡᠭᠦᠳᠡᠭᠰᠡᠨ ᠠᠴᠠ ᠬᠠᠳᠤᠯᠠᠩ ᠤᠨ ᠡᠪᠡᠰᠦ ᠤᠤᠯ ᠤᠨ ᠬᠢ ᠠᠴᠠ ᠪᠠᠭ᠎ᠠ ᠬᠤᠷᠢᠶᠠᠬᠤ ᠪᠠᠶᠢᠳᠠᠯ ᠲᠠᠢ᠂ ᠭᠡᠰᠡᠨ | ᠴᠤ ᠬᠠᠳᠤᠯᠠᠩ ᠤᠨ ᠡᠪᠡᠰᠦ ᠪᠠᠷ ᠡᠪᠦᠯ ᠤᠨ ᠲᠦᠯ ᠮᠠᠯ ᠤᠨ ᠲᠡᠵᠢᠭᠡᠯ ᠪᠤᠯᠭᠠᠬᠤ ᠳᠤ ᠪᠠᠷᠤᠭ ᠬᠦᠷᠦᠯᠴᠡᠬᠦ ᠪᠠᠶᠢᠬ᠎ᠠ | ᠭᠡᠵᠤ ᠶᠠᠷᠢᠨ᠎ᠠ᠃ | ᠦᠢᠷ᠎ᠠ ᠶᠢᠨ ᠡᠳᠦᠷ ᠮᠠᠨ ᠤ ᠠᠶᠢᠮᠠᠬ ᠤᠨ ᠶᠡᠬᠡᠩᠬᠢ ᠬᠡᠰᠡᠭ ᠭᠠᠵᠠᠷ ᠢᠶᠠᠷ ᠦᠨᠳᠦᠷ ᠬᠠᠯᠠᠭᠤᠨ ᠠᠭᠤᠷ | ᠠᠮᠢᠰᠬᠤᠯ ᠦᠷᠭᠦᠯᠵᠢᠯᠡᠵᠤ᠂ ᠬᠠᠳᠤᠯᠠᠩ ᠳᠤ ᠭᠠᠷᠤᠬᠰᠠᠨ ᠮᠠᠯᠴᠢᠳ ᠬᠠᠷᠢᠯᠴᠠᠨ ᠬᠠᠪᠰᠤᠷᠤᠯᠴᠠᠵᠤ᠂ ᠬᠠᠮᠳᠤᠪᠠᠷ | ᠬᠦᠴᠦ ᠨᠡᠶᠢᠯᠡᠨ᠂ ᠬᠠᠯᠠᠭᠤᠨ ᠨᠠᠷᠠᠨ ᠳᠤ ᠰᠢᠷᠠᠬᠳᠠᠨ᠂ ᠬᠠᠨᠴᠤᠢ ᠰᠢᠮᠠᠯᠤᠨ ᠬᠦᠳᠡᠯᠮᠦᠷᠢᠯᠡᠬᠦ ᠨᠢ ᠨᠠᠯᠠᠭᠠᠷ ᠰᠠᠶᠢᠬᠠᠨ | ᠨᠠᠮᠤᠷ ᠢᠶᠠᠨ ᠤᠬᠳᠤᠬᠰᠠᠨ ᠬᠦᠳᠡᠯᠮᠦᠷᠢ ᠶᠢᠨ ᠢᠷᠠᠭᠤ ᠰᠠᠶᠢᠬᠠᠨ ᠲᠠᠭᠤᠯᠠᠯ ᠦᠵᠡᠭᠳᠡᠯ ᠢ ᠪᠦᠷᠢᠳᠦᠭᠦᠯᠵᠤ᠂ ᠡᠪᠦᠯ ᠤᠨ | ᠤᠯᠠᠷᠢᠯ ᠤᠨ ᠮᠠᠯ ᠲᠦᠯ ᠤᠨ ᠢᠶᠠᠨ ᠲᠡᠵᠢᠭᠡᠯ ᠡᠪᠡᠰᠦᠨ ᠤ ᠨᠦᠭᠡᠴᠡ ᠪᠠᠨ ᠡᠷᠳᠡᠨ ᠠᠴᠠ ᠪᠡᠯᠡᠳᠭᠡᠵᠤ ᠶᠠᠭᠠᠷᠠᠯᠳᠤᠨ᠎ᠠ᠃ | |