ᠵᠢᠷᠭᠠᠯ ᠤᠨ ᠡᠯᠴᠢ ᠲᠠᠸᠠ
ᠨᠡᠶᠢᠲᠡᠯᠡᠭᠰᠡᠨ ᠴᠠᠭ᠄
2021/8/10
    ᠢᠯᠢᠵᠤ ᠨᠤᠬᠤᠯᠠᠬᠤ ᠪᠡᠶ᠎ᠠ ᠰᠤᠪᠢᠯᠠᠬᠤ ᠡᠮᠴᠢᠯᠡᠭᠡ ᠶᠢᠨ ᠵᠠᠰᠠᠯ ᠨᠢ ᠤᠳᠤ ᠶᠢᠨ ᠭᠡᠷᠡᠭᠯᠡᠭᠴᠢᠳ ᠲᠤ ᠲᠤᠩ ᠱᠠᠭᠠᠷᠳᠠᠬᠳᠠᠵᠤ ᠪᠠᠶᠢᠭ᠎ᠠ ᠨᠢᠭᠡ ᠵᠠᠰᠠᠯ ᠪᠤᠯᠬᠤ ᠶᠤᠮ᠃ ᠪᠠᠶᠠᠨᠬᠤᠳᠠ ᠶᠢᠨ ᠣᠣ ᠯᠢᠨ ᠬᠤᠸᠠ ᠶᠤᠸᠠᠨ ᠰᠠᠭᠤᠭᠠᠯᠢ ᠲᠤᠭᠤᠷᠢᠬ ᠤᠨ ᠵᠡᠬᠦᠨ ᠡᠬᠦᠳᠡᠡ ᠠᠴᠠ ᠡᠮᠦᠨᠡᠰᠢ ᠪᠠᠶᠢᠷᠢᠯᠠᠵᠤ ᠪᠠᠶᠢᠭ᠎ᠠ ᠲᠠᠸᠠ ᠢᠯᠪᠢᠨ ᠵᠠᠰᠠᠬᠤ ᠭᠠᠵᠠᠷ ᠬᠤᠯᠤᠰᠤᠨ ᠪᠣᠮᠪᠠ᠂ ᠰᠢᠷ᠎ᠠ ᠲᠤᠰᠤ᠂ ᠬᠤᠨᠢᠨ ᠰᠡᠬᠦᠯ ᠤᠨ ᠵᠠᠰᠠᠯ ᠢᠶᠠᠷ ᠮᠠᠰᠢ ᠤᠯᠠᠠ ᠬᠥᠮᠦᠰ ᠤᠨ ᠠᠷᠬᠠᠬ ᠭᠡᠮ ᠢ ᠢᠯᠡᠷᠢᠰᠢᠬᠦᠯᠥᠭᠰᠠᠨ ᠬᠡᠰᠡᠨ ᠰᠤᠷᠠᠬ ᠢᠶᠠᠷ ᠤᠴᠢᠵᠤ ᠰᠤᠷᠪᠤᠯᠵᠢᠯᠠᠭ᠎ᠠ ᠠᠪᠤᠯ᠎ᠠ᠃     ᠳᠡᠯᠭᠡᠬᠦᠷ ᠤᠨ ᠡᠵᠡᠨ ᠢ ᠲᠠᠸᠠ ᠭᠡᠳᠡᠭ᠂ ᠭᠠᠨᠰᠤ ᠮᠤᠵᠢ ᠶᠢᠨ ᠰᠦᠨᠡᠨ ᠰᠢᠶᠠᠨ ᠤ ᠬᠦᠮᠤᠨ᠃ 1997 ᠤᠨ ᠳᠤ ᠠᠯᠠᠱᠠ ᠨᠤᠳᠤᠭ ᠲᠤ ᠢᠷᠡᠵᠤ᠂ ᠠᠯᠠᠱᠠ ᠪᠠᠷᠠᠭᠤᠨ ᠬᠤᠰᠢᠭᠤᠨ ᠳᠤ ᠭᠡᠳᠤᠨ ᠵᠢᠯ ᠲᠥᠷᠢᠶᠠᠰᠤᠨ ᠮᠠᠰᠢᠨ ᠲᠡᠷᠭᠡ ᠵᠢᠯᠤᠭᠤᠳᠬᠤ ᠠᠵᠢᠯ ᠬᠢᠵᠤ᠂ 2007 ᠤᠨ ᠳᠤ ᠬᠤᠶᠠᠷ ᠵᠢᠯ ᠬᠢᠷᠢᠳᠠᠢ ᠰᠢᠨᠵᠢᠶᠠᠩ ᠤᠨ ᠬᠠᠮᠢ ᠬᠤᠳᠠ ᠳᠤ ᠬᠥᠷᠴᠤ᠂ ᠵᠢᠰᠤ ᠭᠤᠶᠤᠯᠠᠬᠤ᠂ ᠮᠤᠩᠭᠤᠯ ᠠᠨᠠᠭᠠᠬᠤ ᠤᠬᠠᠭᠠᠨ ᠤ ᠢᠯᠢᠵᠤ ᠨᠤᠬᠤᠯᠠᠬᠤ ᠵᠠᠰᠠᠯ᠂ ᠰᠠᠪᠠ ᠬᠠᠵᠠᠶᠢᠬᠤ ᠶᠢ ᠢᠯᠢᠵᠤ ᠵᠠᠰᠠᠬᠤ ᠵᠠᠰᠠᠯ᠂ ᠰᠠᠪᠠ ᠳᠤᠮᠨᠤᠬᠤ᠂ ᠲᠠᠷᠢᠬᠢ ᠲᠤᠮᠨᠤᠬᠤ ᠵᠠᠰᠠᠯ᠂ ᠥᠶ᠎ᠡ ᠭᠡᠰᠢᠬᠦᠨ ᠤ ᠡᠪᠡᠳᠴᠢᠨ᠂ ᠬᠦᠵᠦᠬᠦᠦ ᠰᠠᠭᠡᠷ ᠤᠨ ᠶᠠᠰᠤᠨ ᠤ ᠡᠪᠡᠳᠴᠢᠨ᠂ ᠰᠠᠪᠠ ᠶᠢᠨ ᠬᠡᠢ ᠶᠢ ᠭᠠᠷᠭᠠᠬᠤ᠂ ᠭᠡᠤᠭᠡᠳ ᠤᠨ ᠲᠠᠬᠰᠢᠭᠤᠷ ᠢ ᠢᠯᠢᠵᠤ ᠵᠠᠰᠠᠬᠤ ᠵᠡᠷᠭᠡ ᠮᠡᠷᠭᠡᠵᠢᠯ ᠢ ᠰᠤᠷᠴᠤ ᠡᠵᠡᠮᠰᠢᠨ ᠬᠠᠷᠢᠵᠤ ᠢᠷᠡᠭᠡᠳ᠂ 2009 ᠤᠨ ᠳᠤ ᠠᠯᠠᠱᠠ ᠪᠠᠷᠠᠭᠤᠨ ᠬᠤᠰᠢᠭᠤᠨ ᠳᠤ ︽ᠰᠥ ᠮᠸᠢ ᠪᠤᠬᠢᠷᠳᠤᠯ ᠦᠬᠡᠢ ᠡᠷᠡᠬᠦᠯᠵᠢᠯ ᠤᠨ ᠮᠠᠷᠢᠶ᠎ᠠ ᠰᠢᠭᠤᠷᠠᠭᠤᠯᠬᠤ ᠲᠥᠪ ︾ ᠭᠡᠬᠦ ᠳᠡᠯᠭᠡᠬᠦᠷ ᠢᠶᠠᠨ ᠨᠡᠭᠡᠭᠡᠵᠤ ᠢᠯᠢᠵᠤ ᠵᠠᠰᠠᠬᠤ ᠰᠤᠪᠢᠯᠠᠭ᠎ᠠ ᠶᠢᠨ ᠰᠠᠭᠤᠷᠢ ᠪᠠᠨ ᠳᠠᠯᠪᠢᠵᠠᠢ᠃     ᠲᠡᠷᠡ 2012 ᠤᠨ ᠳᠤ ᠪᠠᠶᠠᠨᠬᠤᠳᠠ ᠳᠤ ᠢᠷᠡᠵᠤ᠂ ᠤᠷᠤᠯᠭ᠎ᠠ ᠪᠠᠨ ᠤᠯᠠᠮ ᠨᠡᠮᠡᠭᠳᠡᠬᠦᠯᠬᠦ ᠪᠠᠷ ᠤᠳᠤ ᠶᠢᠨ ︽ᠲᠠᠸᠠ ᠢᠯᠪᠢᠨ ᠵᠠᠰᠠᠬᠤ ᠭᠠᠵᠠᠷ︾ ᠢᠶᠠᠨ ᠨᠡᠭᠡᠭᠡᠵᠤ᠂ ᠨᠢᠭᠡ ᠠᠴᠠ ᠬᠤᠶᠠᠷ᠂ ᠲᠠᠪᠤ ᠠᠴᠠ ᠠᠷᠪᠠ᠂ ᠠᠷᠪᠠ ᠠᠴᠠ ᠵᠠᠭᠤ ᠭᠡᠳ ᠵᠤᠴᠢᠨ ᠨᠢ ᠡᠳᠦᠷ ᠠᠴᠠ ᠡᠳᠦᠷ ᠨᠡᠮᠡᠭᠳᠡᠨ ᠤᠯᠠᠠ ᠲᠥᠮᠡᠡ ᠤ ᠢᠳᠡᠭᠡᠯ ᠪᠢᠰᠢᠷᠠᠯ ᠢ ᠤᠯᠵᠤ᠂ ᠥᠪᠡᠷ ᠤᠨ ᠴᠢᠷᠮᠠᠶᠢᠯᠭ᠎ᠠ ᠪᠠᠷ ᠢᠶᠠᠨ ᠵᠠᠬ᠎ᠠ ᠳᠡᠯᠭᠡᠬᠦᠷ ᠳᠡᠭᠡᠷ᠎ᠠ ᠤᠷᠤᠨ ᠵᠠᠢ ᠪᠠᠨ ᠤᠯᠤᠬᠰᠠᠠ ᠪᠠᠶᠢᠨ᠎ᠠ᠃     ᠲᠡᠷᠡ ᠠᠷᠪᠠᠭᠠᠳ ᠵᠢᠯ ᠢᠯᠢᠵᠤ ᠨᠤᠬᠤᠯᠠᠬᠤ ᠠᠵᠢᠯ ᠢ ᠬᠢᠭᠡᠳ ᠤᠳᠤ ᠪᠤᠯᠳᠠᠯ᠎ᠠ ᠨᠡᠶᠢᠳᠡ 6 ᠱᠠᠪᠢ ᠬᠦᠮᠦᠵᠢᠬᠦᠯᠵᠤ᠂ ᠲᠡᠬᠦᠨ ᠤ ᠲᠤᠳᠤᠷᠠᠬᠢ ᠸᠠᠩ ᠤᠪᠤᠬᠳᠤ ᠪᠤᠯᠤᠨ ᠨᠠᠷᠠᠨᠳᠤᠶᠠᠭ᠎ᠠ ᠨᠢ ᠥᠪᠡᠷ ᠤᠨ ᠢᠶᠠᠨ ᠭᠡᠰᠡᠡ ᠳᠡᠯᠭᠡᠬᠦᠷ ᠲᠠᠢ ᠪᠤᠯᠤᠬᠰᠠᠨ ᠪᠠᠶᠢᠨ᠎ᠠ᠃ ᠱᠠᠪᠢ ᠨᠠᠷ ᠤᠨ ᠤᠯᠠᠩᠬᠢ ᠨᠢ ᠬᠤᠳᠠ ᠤᠷᠤᠵᠤ ᠭᠡᠤᠭᠡᠳ ᠢᠶᠠᠨ ᠬᠠᠷᠠᠵᠤ ᠰᠠᠭᠤᠵᠤ ᠪᠠᠶᠢᠭ᠎ᠠ ᠮᠠᠯᠴᠢᠨ ᠬᠦᠮᠦᠨ ᠲᠤᠯᠠ ᠲᠡᠷᠡ ᠥᠷᠯᠦᠭᠡ ᠶᠢᠨ 8 ᠴᠠᠬ ᠠᠴᠠ ᠡᠬᠢᠯᠡᠭᠡᠳ ᠥᠳᠡ ᠳᠤ ᠠᠮᠠᠷᠠᠯᠳᠠ ᠥᠬᠡᠢ ᠠᠵᠢᠯᠯᠠᠵᠤ ᠦᠳᠡ ᠶᠢᠨ ᠬᠤᠶᠢᠨ᠎ᠠ ᠶᠢᠨ 5 ᠴᠠᠬ ᠪᠤᠯᠬᠤ ᠳᠤ ᠱᠠᠪᠢ ᠨᠠᠷ ᠤᠨ ᠢᠶᠠᠨ ᠬᠡᠦᠬᠡᠳ ᠲᠤᠰᠬᠤ ᠱᠠᠭᠠᠷᠳᠠᠯᠭ᠎ᠠ ᠪᠠᠷ ᠠᠵᠢᠯ ᠠᠴᠠ ᠨᠢ ᠪᠠᠭᠤᠯᠭᠠᠳᠠᠭ᠃ ᠲᠡᠬᠡᠪᠡᠯ ᠲᠠᠷᠠ ᠥᠪᠡᠷ ᠢᠶᠠᠨ ᠲᠡᠯᠬᠡᠬᠦᠷ ᠲᠡᠭᠡᠨ ᠪᠠᠶᠢᠵᠤ᠂ ᠡᠪᠡᠳᠴᠢᠳᠠᠨ ᠭᠡᠳᠤᠢ ᠤᠷᠤᠢ ᠢᠷᠡᠭᠰᠡᠨ ᠴᠤ ᠢᠯᠢᠵᠤ ᠨᠤᠬᠤᠯᠠᠬᠤ ᠤᠢᠢᠯᠡᠴᠢᠯᠡᠭᠡ ᠬᠢᠵᠤ ᠦᠭᠳᠡᠭ ᠨᠢ ᠥᠭᠡᠷ᠎ᠠ ᠳᠡᠯᠭᠡᠬᠦᠷ ᠠᠴᠠ ᠢᠯᠭᠠᠬᠳᠠᠳᠠᠬ᠃     ᠡᠳᠡᠨᠡᠶᠢᠬᠢᠨ ᠵᠢᠯ ᠤᠨ ᠲᠦᠷᠪᠡᠨ ᠤᠯᠠᠷᠢᠯ ᠳᠤ ᠴᠠᠰᠤ ᠪᠤᠷᠤᠭᠠᠠ ᠲᠠᠢ ᠡᠳᠦᠷ ᠠᠴᠠ ᠪᠤᠰᠤᠳ ᠡᠳᠦᠷ ᠨᠢ ᠪᠥᠷ ᠯᠡ ᠤᠢᠢᠯᠡᠴᠢᠯᠡᠭᠡ ᠬᠠᠩᠭᠠᠳᠠᠭ᠃ ᠲᠠᠷᠠ ᠭᠠᠭᠴᠠᠭᠠᠷ ᠢᠶᠠᠨ ᠨᠢᠬᠡ ᠡᠳᠦᠷ ᠲᠤ ᠬᠠᠮᠤᠬ ᠤᠨ ᠤᠯᠠᠠ ᠳᠠᠭᠠᠨ 17 ᠬᠥᠮᠦᠨ ᠢ ᠢᠯᠢᠵᠤ ᠨᠤᠬᠤᠯᠠᠵᠤ᠂ ᠤᠳᠤ ᠱᠠᠪᠢ ᠲᠠᠢ ᠪᠠᠨ ᠬᠠᠮᠳᠤᠪᠠᠷ ᠨᠢᠭᠡ ᠡᠳᠦᠷ ᠲᠤ ᠬᠠᠮᠤᠬ ᠤᠨ ᠤᠯᠠᠠ ᠳᠠᠭᠠᠨ ᠭᠤᠴᠢᠭᠠᠳ ᠬᠥᠮᠦᠨ ᠳᠤ ᠢᠯᠢᠵᠤ ᠨᠤᠬᠤᠯᠠᠬᠤ ᠡᠮᠴᠢᠯᠡᠭᠡ ᠬᠢᠳᠡᠭ᠃ ᠰᠤᠷᠪᠤᠯᠵᠢᠯᠠᠭ᠎ᠠ ᠬᠢᠵᠤ ᠪᠠᠶᠢᠭ᠎ᠠ ᠨᠢᠭᠡ ᠴᠠᠬ ᠲᠤᠳᠤᠷ᠎ᠠ ᠲᠠᠸᠠ ᠭᠠᠷ ᠤᠳᠠᠰᠤ ᠪᠠᠷ ᠤᠷᠢᠳᠴᠢᠯᠡᠡ ᠪᠣᠯᠵᠣᠭᠰᠠᠨ ᠬᠦᠮᠣᠰ ᠢ ᠥᠨᠤᠳᠤᠷ ᠤᠨ ᠭᠡᠳᠤᠢ ᠴᠠᠬ᠂ ᠮᠠᠷᠭᠠᠰᠢ ᠶᠢᠨ ᠭᠡᠳᠤᠢ ᠴᠠᠬ ᠲᠤ ᠢᠷᠡᠵᠤ ᠪᠤᠯᠤᠨ᠎ᠠ ᠭᠡᠵᠤ ᠲᠤᠬᠢᠷᠠᠭᠤᠯᠤᠨ᠎ᠠ᠃ ᠨᠢᠭᠡ ᠬᠥᠮᠦᠨ ᠲᠥᠡᠭᠭᠡᠭᠡᠳ ᠭᠠᠷᠬᠤ ᠳᠤ ᠲᠠᠷᠠᠭᠠᠴᠢ ᠶᠢᠨ ᠬᠥᠮᠦᠨ ᠤᠷᠤᠭᠠᠳ ᠢᠷᠠᠵᠤ᠂ ᠶᠠᠷᠤ ᠨᠢ ᠬᠤᠭᠤᠰᠤᠨ ᠤᠷᠤ ᠭᠠᠷᠴᠤ ᠢᠷᠡᠬᠦ ᠥᠬᠡᠢ ᠪᠠᠶᠢᠯ᠎ᠠ᠃     ᠲᠡᠬᠦᠨ ᠤ ᠬᠠᠵᠠᠭᠤ ᠳᠤ ᠤᠴᠢᠵᠤ ᠵᠠᠰᠠᠯ ᠬᠢᠯᠭᠡᠳᠡᠭ ᠪᠠᠶᠠᠨᠬᠤᠳᠠ ᠶᠢᠨ ᠰᠠᠭᠤᠭᠠᠯᠢ ᠠᠷᠠᠳ ᠴᠢᠮᠡᠭ ᠰᠤᠷᠪᠤᠯᠵᠢᠯᠠᠬᠴᠢ ᠳᠤ᠄ ︽ᠨᠠᠢᠮᠠᠠ ᠵᠢᠯ ᠤᠨ ᠡᠮᠦᠨ᠎ᠠ ᠪᠢ ᠡᠳᠡᠨ ᠤ ᠳᠡᠯᠭᠡᠬᠦᠷ ᠲᠤ ᠢᠷᠡᠵᠤ ᠬᠤᠯᠤᠰᠤᠨ ᠪᠣᠮᠪᠠ ᠳᠠᠯᠪᠢᠵᠤ ᠪᠥᠬᠦ ᠪᠡᠶ᠎ᠡ ᠪᠠᠨ ᠰᠣᠪᠢᠯᠠᠭᠰᠠᠨ᠃ 2019 ᠤᠨ ᠳᠤ ᠪᠢ ᠮᠥᠰᠤᠨ ᠲᠡᠭᠡᠷ᠎ᠠ ᠬᠠᠯᠳᠤᠷᠢᠭᠠᠳ ᠨᠢᠷᠤᠭᠤᠨ ᠤ ᠶᠠᠰᠤ ᠴᠥᠮᠦᠷᠤᠭᠡᠳ ᠲᠤᠳᠤᠬᠰᠢ ᠪᠠᠨ ᠤᠷᠤᠬᠰᠠᠠ᠂ ᠳᠡᠭᠡᠭᠡᠳ ᠲᠠᠸᠠ ᠶᠢᠨ ᠬᠠᠵᠠᠭᠤ ᠳᠤ ᠰᠢᠷ᠎ᠠ ᠲᠤᠰᠤ ᠪᠠᠷ ᠢᠯᠢᠯᠡᠭᠡ ᠬᠢᠭᠡᠳ ᠪᠥᠷᠢᠮᠦᠰᠤᠨ ᠰᠠᠶᠢᠨ ᠪᠤᠯᠵᠠᠢ᠃ ᠮᠢᠨᠤ ᠬᠥᠵᠦᠬᠦᠦ ᠰᠠᠭᠡᠷ ᠪᠠᠰᠠ ᠡᠪᠡᠳᠤᠳᠡᠭ ᠪᠠᠶᠢᠬᠰᠠᠠ᠂ ᠮᠥᠨ ᠯᠡ ᠲᠠᠸᠠ ᠶᠢᠨ ᠬᠠᠵᠠᠭᠤ ᠳᠤ ᠢᠷᠠᠵᠤ ᠬᠥᠵᠦᠬᠦᠦ ᠰᠡᠬᠡᠷ ᠤᠨ ᠡᠪᠡᠳᠴᠢᠨ ᠢᠶᠠᠨ ᠰᠠᠶᠢᠬᠠᠠ ᠡᠳᠡᠭᠡᠷᠡᠬᠦᠯᠵᠤ ᠠᠪᠣᠭᠰᠠᠨ᠃ ᠲᠠᠷᠨ ᠪᠠᠰᠠ ᠭᠡᠤᠭᠡᠳ ᠤᠨ ᠲᠠᠬᠰᠢᠭᠤᠷ ᠢ ᠢᠯᠢᠵᠤ ᠨᠤᠬᠤᠯᠠᠬᠤ ᠵᠠᠰᠠᠯ ᠢᠶᠠᠷ ᠪᠠᠷᠤᠬ ᠭᠤᠷᠪᠠᠨ ᠡᠳᠦᠷ  ᠲᠤ ᠰᠠᠶᠢᠨ ᠪᠤᠯᠭᠠᠵᠤ ᠪᠠᠶᠢᠬᠤ  ᠶᠢ ᠪᠢ ᠤᠯᠠᠠ ᠤᠳᠠᠭ᠎ᠠ ᠥᠵᠡᠯ᠎ᠠ  ︾  ᠭᠡᠵᠤ  ᠨᠠᠷᠢᠯᠢᠬ ᠤᠴᠢᠷᠯᠠᠯ᠎ᠠ᠃     ᠪᠠᠶᠠᠨᠬᠤᠳᠠ ᠶᠢᠨ ᠰᠠᠭᠤᠭᠠᠯᠢ ᠠᠷᠠᠳ ᠡᠷᠳᠡᠨᠢᠴᠡᠴᠡᠭ ᠰᠤᠷᠪᠤᠯᠵᠢᠯᠠᠬᠴᠢ ᠳᠤ᠄ ︽ᠮᠢᠨᠤ ᠬᠥᠯ ᠬᠠᠪᠤᠳᠠᠷ ᠲᠠᠢ ᠪᠠᠶᠢᠬᠰᠠᠠ᠃ ᠠᠷᠪᠠᠭᠠᠳ ᠡᠳᠦᠷ ᠪᠥᠬᠦ ᠪᠡᠶ᠎ᠠ ᠳᠡᠭᠡᠨ ᠪᠣᠮᠪᠠ ᠵᠢᠩ ᠳᠠᠯᠪᠢᠭᠤᠯᠬᠤ ᠳᠤ᠂ ᠬᠠᠪᠤᠳᠠᠷ ᠥᠬᠡᠢ ᠪᠤᠯᠤᠬᠰᠠᠠ ᠂ ᠲᠡᠭᠡᠬᠦ ᠮᠥᠷᠳᠡᠭᠡᠨ ᠮᠠᠷᠢᠶ᠎ᠠ ᠪᠠᠰᠠ ᠪᠠᠭᠤᠷᠠᠳᠠᠬ ᠶᠤᠮ ᠪᠠᠶᠢᠨ᠎ᠠ᠃ ᠤᠨᠴᠠᠭᠠᠢᠢᠯᠠᠠ ᠲᠤᠷᠠᠳᠤᠭᠤᠰᠢᠳᠠᠢ ᠨᠢ ᠡᠳᠡᠨ ᠤ ᠳᠡᠯᠭᠡᠬᠦᠷ ᠤᠨ ᠥᠨ᠎ᠠ ᠬᠠᠨᠭ᠍ᠰᠢ ᠨᠢ ᠮᠠᠰᠢ ᠲᠤᠬᠢᠷᠠᠮᠵᠢᠳᠡᠢ᠂ ᠲᠠᠷᠢᠶᠠᠴᠢᠨ ᠮᠠᠯᠴᠢᠨ᠂ ᠡᠩ ᠤᠨ ᠠᠷᠠᠳ᠂ ᠶᠠᠮᠠᠷᠪᠠ ᠬᠥᠮᠦᠨ ᠴᠤ ᠭᠡᠳ ᠪᠥᠷ ᠬᠥᠯᠢᠶᠠᠨ ᠠᠪᠴᠤ ᠲᠠᠶᠢᠯᠳᠡᠭ︾ ᠭᠡᠵᠤ ᠶᠠᠷᠢᠨ᠎ᠠ᠃     ︽ᠵᠠᠩ ᠰᠠᠶᠢᠳᠠᠢ ᠬᠥᠮᠦᠨ ᠳᠤ ᠨᠠᠶᠢᠵᠠ ᠤᠯᠠᠠ ᠵᠠᠮᠠᠬ ᠰᠠᠶᠢᠳᠠᠢ ᠤᠰᠤᠨ ᠳᠤ ᠵᠢᠭᠠᠰᠤ ᠤᠯᠠᠠ︾ ᠭᠡᠭᠴᠢ ᠪᠠᠷ ᠡᠶᠡᠯᠳᠡᠭ ᠨᠤᠮᠤᠬᠠᠠ᠂ ᠴᠢᠩ ᠥᠨᠡᠨᠴᠢ ᠂ ᠪᠠᠶᠠᠷᠯᠡᠩᠭᠤᠢ ᠤᠪᠤᠷ ᠢᠶᠠᠷ ᠬᠡᠷᠡᠭᠯᠡᠭᠴᠢᠳ ᠲᠡᠭᠡᠨ ᠤᠢᠢᠯᠡᠴᠢᠯᠡᠳᠡᠭ ᠲᠠᠸ᠋ᠨ ᠶᠢᠨ ᠠᠵᠤ ᠤᠢᠢᠯᠠᠰ ᠨᠢ ᠤᠷᠤᠭᠰᠢᠳᠠᠢ ᠰᠠᠶᠢᠬᠠᠨ ᠶᠠᠪᠤᠭᠳᠠᠵᠤ᠂ ᠠᠵᠢᠯᠴᠢ ᠬᠤᠶᠠᠷ ᠭᠠᠷ ᠢᠶᠠᠷ ᠢᠶᠠᠨ ᠰᠠᠶᠢᠬᠠᠨ ᠠᠮᠢᠳᠤᠷᠠᠯ ᠢᠶᠠᠨ ᠴᠤᠭᠴᠠᠯᠠᠨ ᠪᠠᠶᠢᠨ᠎ᠠ᠃
 
ᠢᠷᠡᠯᠲᠡ᠄ ᠠᠯᠠᠱᠠ ᠶᠢᠨ ᠡᠳᠦᠷ ᠤᠨ ᠰᠦ᠋‌‍ᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号