ᠴᠠᠬᠠᠷ ᠤᠨ ᠲᠠᠷᠪᠦᠰ ᠵᠠᠬ᠎ᠠ ᠳᠤ ᠭᠠᠷᠤᠯ᠎ᠠ
ᠨᠡᠶᠢᠲᠡᠯᠡᠭᠰᠡᠨ ᠴᠠᠭ᠄
2021/7/9
                  ᠵᠢᠷᠤᠭ ᠪᠤᠯ᠂ ᠰᠠᠭᠤᠭᠠᠯᠢ ᠠᠷᠠᠳ ᠳᠠᠷᠪᠤᠰ ᠬᠤᠳᠠᠯᠳᠤᠠ ᠠᠪᠴᠤ ᠪᠠᠶᠢᠨ᠎ᠠ            ᠦᠢᠷ᠎ᠠ ᠶᠢᠨ ᠡᠳᠦᠷ᠂ ᠠᠯᠠᠱᠠ ᠵᠡᠭᠦᠨ ᠬᠤᠰᠢᠭᠤᠨ ᠤ ᠵᠢᠷᠠᠳᠠᠢ ᠪᠠᠯᠭᠠᠰᠦᠨ ᠤ ᠬᠠᠳᠠᠭᠤᠳᠦᠯᠤᠭᠠᠢ ᠭᠠᠴᠠᠭᠠᠨ ᠤ ︵ᠪᠠᠭ᠎ᠠ ᠴᠠᠬᠠᠷ︶ ᠲᠠᠷᠢᠶᠠᠴᠢᠨ ᠵᠠᠩ ᠬᠤᠨᠭ᠌ ᠢᠡᠭ ᠲᠠᠷᠢᠭᠰᠠᠠ ᠲᠠᠷᠪᠤᠰ ᠢᠶᠠᠨ ᠪᠠᠶᠠᠨᠬᠤᠳᠡ ᠶᠢᠨ ᠵᠠᠬ᠎ᠠ ᠵᠡᠭᠡᠯᠢ ᠳᠤ ᠪᠤᠷᠤᠯᠠᠭᠤᠯᠵᠦ ᠡᠬᠢᠯᠡᠭᠰᠡᠡ ᠪᠠᠶᠢᠨ᠎ᠠ᠃      ᠦᠢᠯᠠᠭᠠᠭᠰᠠᠠ ᠢᠶᠠᠷ᠂ ᠵᠠᠩ ᠬᠤᠨᠭ᠌ ᠢᠡᠭ ᠤᠨ ᠬᠢ ᠡᠨᠡ ᠵᠢᠯ 5 ᠮᠦ ᠭᠠᠵᠡᠷ ᠲᠤ ᠲᠠᠷᠪᠤᠰ ᠲᠠᠷᠢᠵᠦ᠂ ᠪᠠᠷᠤᠭ 3 ᠲᠦᠮᠡ ᠭᠠᠷᠤᠢ ᠵᠢᠩ ᠲᠠᠷᠪᠤᠰ ᠬᠤᠷᠢᠶᠠᠬᠤ ᠪᠠᠷ ᠪᠤᠢ᠃ ᠲᠡᠭᠦᠨ ᠤ ᠶᠠᠷᠢᠬᠤ ᠪᠠᠷ᠂ ᠦᠢᠷ᠎ᠠ ᠶᠢᠨ ᠭᠡᠳᠦᠨ ᠡᠳᠦᠷ ᠪᠠᠭ᠎ᠠ ᠴᠠᠬᠠᠷ ᠤᠨ ᠲᠠᠷᠪᠤᠰ ᠡᠬᠢᠯᠡᠵᠦ ᠵᠠᠬ᠎ᠠ ᠲᠡᠯᠭᠡᠭᠦᠷ ᠲᠤ ᠭᠠᠷᠴᠦ ᠪᠠᠶᠢᠨ᠎ᠠ᠃ ︽ᠵᠢᠷᠭᠤᠭᠠᠨ ᠰᠠᠷ᠎ᠠ ᠶᠢᠨ ᠰᠡᠬᠦᠯᠴᠢ ᠪᠠᠷ ᠪᠢᠳᠡ ᠦᠨᠦ ᠵᠢᠯ ᠤᠨ ᠠᠩᠬᠠᠨ ᠤ ᠪᠦᠯᠦᠭ ᠲᠠᠷᠪᠤᠰ ᠢᠶᠠᠨ ᠵᠠᠬ᠎ᠠ ᠳᠤ ᠪᠤᠷᠤᠯᠠᠭᠤᠯᠤᠭᠰᠠᠠ᠃ ᠡᠨᠠ ᠤᠳᠠᠭ᠎ᠠ ᠬᠤᠳᠠᠯᠳᠦᠵᠦ ᠪᠠᠶᠢᠭ᠎ᠠ ᠨᠢ ᠮᠠᠨ ᠤ ᠡᠨᠡ ᠵᠢᠯ ᠤᠨ ᠭᠤᠷᠪᠠᠳᠦᠭᠠᠷ ᠪᠦᠯᠦᠭ ᠤᠨ ᠲᠠᠷᠪᠤᠰ ᠪᠤᠯᠤᠨ᠎ᠠ᠃ ᠮᠠᠨᠠᠶᠢᠬᠢᠨ ᠵᠢᠯ ᠪᠤᠯᠭᠠᠨ ᠪᠠᠶᠠᠨᠬᠤᠳᠡ ᠶᠢᠨ ᠵᠢᠩ ᠲᠠᠢ ᠶᠤᠸᠠᠨ ᠰᠠᠭᠤᠭᠠᠯᠢ ᠲᠤᠭᠤᠷᠢᠭ ᠤᠨ ᠬᠠᠵᠠᠭᠤ ᠳᠤ ᠲᠠᠷᠪᠤᠰ ᠢᠶᠠᠨ ᠬᠤᠳᠠᠯᠳᠦᠳᠠᠬ᠃ ᠠᠳᠡ ᠲᠠᠷᠪᠤᠰ ᠬᠤᠳᠠᠯᠳᠦᠭᠠᠳ ᠴᠦ ᠠᠷᠪᠡᠭᠠᠳ ᠵᠢᠯ ᠪᠤᠯᠵᠦ ᠪᠠᠶᠢᠭ᠎ᠠ ᠤᠴᠢᠷ ᠠᠴᠠ ᠪᠠᠶᠢᠡᠭᠭᠤ ᠶᠢᠨ ᠵᠤᠴᠢᠨ ᠲᠤᠩ ᠤᠯᠡᠨ᠃ ᠵᠠᠬᠢᠶᠠᠯᠠᠭ᠎ᠠ ᠴᠦ ᠤᠯᠡᠨ ᠬᠦᠯᠢᠶᠡᠳᠡᠭ᠃ ᠤᠳᠦ ᠵᠢᠩ ᠪᠦᠷᠢ ᠳᠡᠭᠡᠨ 2 ᠲᠦᠭᠦᠷᠢᠭ ᠢᠶᠠᠷ ᠪᠤᠷᠤᠯᠠᠭᠤᠯᠵᠦ ᠪᠤᠢ︾ ᠭᠡᠵᠦ ᠶᠠᠷᠢᠵᠦ ᠪᠠᠶᠢᠯ᠎ᠠ᠃      ᠴᠠᠬᠠᠷ ᠤᠨ ᠲᠠᠷᠪᠤᠰ ᠨᠢ ᠠᠮᠳᠠ ᠰᠠᠶᠢᠨ᠂ ᠬᠠᠯᠢᠰᠦ ᠨᠢᠮᠭᠡᠨ ᠵᠡᠷᠭᠡ ᠤᠨᠴᠠᠯᠢᠭ ᠢᠶᠠᠷ ᠢᠶᠠᠨ ᠨᠤᠳᠤᠭ ᠤᠨ ᠤᠯᠡᠨ ᠳᠤ ᠲᠠᠭᠠᠰᠢᠶᠠᠭᠳᠠᠳᠠᠭ᠃ ᠵᠠᠬ᠎ᠠ ᠲᠡᠯᠭᠡᠭᠦᠷ ᠲᠡᠭᠡᠷ᠎ᠠ ᠲᠠᠷᠪᠤᠰ ᠬᠤᠳᠠᠯᠳᠦᠳᠠᠬ ᠠᠷᠠᠯᠵᠢᠶᠡᠴᠢᠨ ᠮᠠᠰᠢ ᠤᠯᠡᠨ ᠪᠠᠶᠢᠭ᠎ᠠ ᠤᠴᠢᠷ ᠠᠴᠠ ᠴᠤᠬᠤᠮ ᠠᠯᠢ ᠨᠢ ᠴᠠᠬᠠᠷ ᠤᠨ ᠲᠠᠷᠪᠤᠰ ᠪᠤᠯᠤᠨ᠎ᠠ ᠭᠡᠳᠡᠭ ᠢ ᠢᠯᠭᠠᠬᠤ ᠳᠤ ᠬᠦᠴᠢᠷ ᠪᠠᠶᠢᠭ᠎ᠠ ᠪᠠᠶᠢᠳᠡᠯ ᠤᠷᠤᠰᠢᠵᠦ ᠪᠤᠢ᠃ ᠴᠠᠬᠠᠷ ᠤᠨ ᠲᠠᠷᠪᠤᠰ ᠢ ᠢᠯᠭᠠᠨ ᠲᠠᠨᠢᠬᠤ ᠲᠤᠬᠠᠢ ᠵᠠᠩ ᠬᠤᠨᠭ᠌ ᠢᠡᠭ ᠬᠡᠯᠡᠬᠦ ᠳᠡᠭᠡᠨ᠂ ᠴᠠᠬᠠᠷ ᠤᠨ ᠲᠠᠷᠪᠤᠰ ᠬᠠᠷᠢᠴᠠᠩᠭᠤᠢ ᠵᠢᠵᠢᠭ ᠪᠠᠶᠢᠳᠠᠭ ᠪᠦᠭᠡᠳ ᠲᠡᠷᠪᠤᠰ ᠤᠨ ᠶᠡᠭᠡ ᠪᠠᠭ᠎ᠠ ᠨᠢ ᠠᠳᠠᠯᠢ ᠪᠤᠰᠦ ᠪᠠᠶᠢᠳᠠᠭ᠃ ᠲᠡᠷᠪᠤᠰ ᠤᠨ ᠬᠠᠯᠢᠰᠤᠨ ᠤ ᠨᠢᠮᠭᠡᠨ ᠵᠤᠵᠠᠭᠠᠨ᠂ ᠲᠠᠷᠪᠤᠰ ᠲᠡᠭᠡᠭᠡᠵᠦ ᠪᠠᠶᠢᠭ᠎ᠠ ᠮᠠᠰᠢᠨ ᠲᠡᠷᠭᠡ ᠵᠡᠷᠭᠡ ᠪᠠᠶᠢᠳᠠᠯ ᠢ ᠠᠩᠬᠠᠷᠬᠤ ᠴᠢᠬᠤᠯᠠᠳᠠᠢ ᠭᠡᠵᠦ ᠰᠠᠨᠠᠭᠤᠯᠤᠭᠰᠠᠠ ᠪᠠᠶᠢᠨ᠎ᠠ᠃ ᠪᠠᠬ᠎ᠠ ᠴᠠᠬᠠᠷ ᠤᠨ ᠲᠠᠷᠪᠤᠰ ᠢ ᠪᠠᠶᠠᠨᠬᠤᠳᠡ ᠶᠢᠨ ᠡᠯ᠎ᠠ ᠰᠠᠭᠤᠭᠠᠯᠢ ᠲᠤᠭᠤᠷᠢᠭ᠂ ᠵᠢᠷᠠᠳᠠᠢ ᠪᠠᠯᠭᠠᠰᠦ᠂ ᠪᠠᠶᠠᠨᠬᠤᠳᠡ ᠠᠴᠠ ᠴᠠᠬᠠᠷ ᠬᠦᠷᠬᠦ ᠵᠠᠮ ᠤᠨ ᠰᠦᠢᠳᠭᠡᠯ ᠬᠤᠷᠢᠶᠠᠬᠤ ᠦᠷᠳᠡᠭᠡᠨ ᠤ ᠦᠢᠷᠠᠯᠴᠠᠭ᠎ᠠ ᠵᠠᠮ ᠤᠨ ᠬᠦᠪᠡᠭᠡ ᠪᠠᠷ ᠲᠦᠪᠯᠡᠷᠡᠭᠦᠯᠦᠨ ᠬᠤᠳᠠᠯᠳᠦᠵᠦ ᠪᠤᠢ᠃
 
ᠢᠷᠡᠯᠲᠡ᠄ ᠠᠯᠠᠱᠠ ᠶᠢᠨ ᠡᠳᠦᠷ ᠤᠨ ᠰᠦ᠋‌‍ᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号