ᠲᠡᠮᠡᠭᠡᠨ ᠤ ᠰᠦ ᠪᠠᠷ ᠰᠢᠬᠢᠷ ᠰᠢᠵᠢᠩ ᠡᠪᠡᠳᠴᠢᠨ ᠢ ᠵᠠᠰᠠᠬᠤ ᠳᠤ ᠲᠤᠰᠠᠲᠠᠢ ᠪᠣᠯᠪᠠᠤ︖
ᠨᠡᠶᠢᠲᠡᠯᠡᠭᠰᠡᠨ ᠴᠠᠭ᠄
2021/7/8
     ᠰᠢᠬᠢᠷ ᠰᠢᠵᠢᠩ ᠡᠪᠡᠳᠴᠢᠨ ᠪᠣᠯ ᠨᠢᠭᠡ ᠪᠦᠯᠦᠭ ᠥᠨᠳᠥᠷ ᠴᠢᠰᠤᠨ ᠰᠢᠬᠢᠷ ᠲᠤ ᠢᠯᠭᠠᠨ ᠲᠠᠨᠢᠭᠳᠠᠭᠰᠠᠨ ᠰᠣᠯᠢᠯᠴᠠᠭᠠᠨ ᠤ ᠡᠪᠡᠳᠴᠢᠨ ᠨᠦᠢᠷ ᠤᠨ ᠠᠷᠠᠯ ᠤᠨ ᠡᠳ᠋ ᠤᠨ ᠦᠢᠯᠡᠳᠪᠦᠷᠢᠯᠡᠯ᠂ ᠨᠦᠢᠷ ᠤᠨ ᠠᠷᠠᠯ ᠤᠨ ᠡᠳ᠋ ᠲᠣᠭᠲᠠᠪᠣᠷᠢ ᠦᠭᠡᠢ ᠠᠴᠠ ᠪᠣᠯᠤᠭᠰᠠᠨ ᠠᠯᠢ ᠣᠯᠠᠨ ᠡᠪᠡᠳᠴᠢᠨ ᠪᠣᠯᠤᠨ᠎ᠠ᠃ 2015 ᠣᠨ ᠤ ᠣᠯᠠᠨ ᠤᠯᠤᠰ ᠤᠨ ᠰᠢᠬᠢᠷ ᠰᠢᠵᠢᠩ ᠡᠪᠡᠳᠴᠢᠨ ᠤ ᠬᠤᠯᠪᠣᠭᠠᠲᠤ ᠬᠤᠷᠠᠯ ᠤᠨ ᠮᠡᠳᠡᠭᠦᠯᠦᠯᠲᠡ ᠶᠢ ᠦᠨᠳᠦᠰᠦᠯᠡᠪᠡᠯ᠂ ᠪᠥᠬᠦ ᠳᠡᠯᠡᠬᠡᠶ ᠳᠤ ᠪᠠᠷᠤᠭ 4.15 ᠳ᠋ᠦᠩᠰᠢᠭᠤᠷ ᠰᠢᠬᠢᠷ ᠰᠢᠵᠢᠩ ᠡᠪᠡᠳᠴᠢᠨ ᠲᠠᠢ ᠬᠥᠮᠦᠨ᠂ ᠵᠢᠱᠢᠯᠲᠡ ᠪᠠᠷ 2040 ᠣᠨ ᠪᠣᠯᠬᠤ ᠳᠤ 6.4 ᠳ᠋ᠦᠩᠰᠢᠭᠤᠷ ᠢ ᠳᠠᠪᠠᠭ᠋ᠤ ᠪᠣᠯᠤᠨ᠎ᠠ᠃ ᠡᠭᠦᠨ ᠠᠴᠠ ᠭᠠᠳᠠᠨ᠎ᠠ᠂ ᠫᠠᠺᠢᠰᠲ᠋ᠠᠨ ᠤ ᠤᠯᠤᠰ ᠤᠨ ᠰᠢᠬᠢᠷ ᠰᠢᠵᠢᠩ ᠡᠪᠡᠳᠴᠢᠨ ᠤ ᠪᠠᠶᠢᠴᠠᠭᠠᠯᠲᠠ ᠶᠢ ᠦᠨᠳᠦᠰᠦᠯᠡᠪᠡᠯ᠂ 26.3% ᠶᠢ ᠳᠠᠪᠠᠭᠰᠠᠨ ᠨᠠᠰᠤᠨ ᠳᠤ ᠬᠦᠷᠦᠭᠰᠡᠳ ᠰᠢᠬᠢᠷ ᠰᠢᠵᠢᠩ ᠡᠪᠡᠳᠴᠢᠨ ᠲᠠᠢ ᠪᠠᠶᠢᠳᠠᠭ᠃      ᠰᠢᠬᠢᠷ ᠰᠢᠵᠢᠩ ᠡᠪᠡᠳᠴᠢᠨ ᠪᠣᠯ ᠪᠤᠳᠤᠯᠢᠶᠠᠨᠲᠠᠶ ᠮᠥᠷᠲᠡᠭᠡᠨ ᠤᠳᠠᠭᠠᠨ ᠴᠢᠨᠠᠷᠲᠠᠶ ᠪᠡᠶ᠎ᠡ ᠶᠢᠨ ᠮᠠᠰᠢ ᠣᠯᠠᠨ ᠡᠷᠬᠡᠲᠡᠨ ᠢ ᠨᠥᠯᠥᠭᠡᠯᠡᠬᠦ ᠡᠪᠡᠳᠴᠢᠨ ᠮᠥᠨ᠂ ᠲᠡᠷᠡ ᠨᠢ ᠮᠠᠰᠢ ᠣᠯᠠᠨ ᠵᠦᠢᠯ ᠤᠨ ᠡᠪᠡᠳᠴᠢᠨ ᠤ ᠡᠪᠡᠳᠴᠢᠯᠡᠬᠦ ᠨᠣᠷᠮ᠎ᠠ ᠶᠢ ᠨᠡᠮᠡᠭᠳᠡᠭᠦᠯᠳᠡᠭ᠂ ᠵᠢᠱᠢᠶᠡᠯᠡᠪᠡᠯ ᠪᠦᠭᠡᠷ᠎ᠡ ᠶᠢᠨ ᠡᠪᠡᠳᠴᠢᠨ᠂ ᠵᠢᠷᠦᠬᠡ ᠴᠢᠰᠤᠨ ᠰᠤᠳᠠᠯ ᠤᠨ ᠡᠪᠡᠳᠴᠢᠨ ᠪᠠ ᠡᠯᠢᠭᠡᠨ ᠡᠪᠡᠳᠴᠢᠨ ᠵᠡᠷᠭᠡ ᠪᠣᠯᠤᠨ᠎ᠠ᠃ ᠡᠳᠡᠭᠡᠷ ᠡᠪᠡᠳᠴᠢᠨ ᠪᠣᠯ ᠰᠢᠬᠢᠷ ᠰᠢᠵᠢᠩ ᠡᠪᠡᠳᠴᠢᠨ ᠢᠶᠠᠷ ᠦᠬᠦᠬᠦ ᠶᠢᠨ ᠴᠢᠬᠤᠯᠠ ᠰᠢᠯᠲᠠᠭᠠᠨ ᠪᠣᠯᠤᠨ᠎ᠠ᠃ ᠲᠡᠮᠡᠭᠡᠨ ᠤ ᠰᠦ ᠨᠢ ᠰᠢᠮ᠎ᠡ ᠲᠡᠵᠢᠭᠡᠯ ᠪᠠ ᠡᠷᠡᠭᠦᠯ ᠮᠡᠨᠳᠦ ᠶᠢᠨ ᠲᠠᠯ᠎ᠠ ᠪᠠᠷ ᠴᠢᠬᠤᠯᠠ ᠦᠢᠯᠡᠳᠦᠯ ᠦᠵᠡᠭᠦᠯᠳᠡᠭ᠃ ᠤᠴᠢᠷ ᠨᠢ ᠰᠦ ᠪᠣᠯ ᠤᠭᠤᠷᠠᠭ᠂ ᠸᠢᠲ᠋ᠠᠮᠢᠨ᠂ ᠨᠡᠭᠦᠷᠡᠰᠦ ᠤᠰᠤᠨ ᠤ ᠨᠢᠭᠡᠳᠪᠦᠷᠢ ᠪᠠ ᠮᠢᠨᠧᠷᠡᠯ ᠪᠣᠳᠠᠰ ᠢᠶᠠᠷ ᠪᠦᠷᠢᠯᠳᠦᠭᠰᠡᠨ ᠶᠤᠮ᠃      ᠣᠯᠠᠩᠬᠢ ᠤᠯᠤᠰ ᠲᠤ ᠲᠡᠮᠡᠭᠡᠨ ᠤ ᠰᠦ ᠨᠢ ᠰᠢᠮ᠎ᠡ ᠲᠡᠵᠢᠭᠡᠯ ᠤᠨ ᠨᠠᠨᠳᠢᠨ ᠢᠷᠡᠯᠲᠡ ᠪᠣᠯᠳᠠᠭ᠃ ᠲᠡᠮᠡᠭᠡᠨ ᠰᠦ ᠶᠢᠨ ᠥᠪᠡᠷᠮᠢᠴᠡ ᠪᠦᠷᠢᠯᠳᠦᠬᠦᠨ ᠢ ᠰᠤᠳᠤᠯᠬᠤ ᠶᠢ ᠦᠨᠳᠦᠰᠦᠯᠡᠪᠡᠯ ᠴᠢᠰᠤ ᠶᠢ ᠲᠣᠬᠢᠷᠠᠭᠤᠯᠬᠤ ᠳᠤ ᠲᠤᠰᠠᠲᠠᠢ᠂ ᠡᠨᠡ ᠬᠦ ᠰᠤᠳᠤᠯᠭᠠᠨ ᠤ ᠵᠣᠷᠢᠯᠭ᠎ᠠ ᠨᠢ ᠰᠢᠬᠢᠷ ᠰᠢᠵᠢᠩ ᠡᠪᠡᠳᠴᠢᠨ ᠤ ᠬᠤᠯᠤᠭᠠᠨ᠎ᠠ ᠶᠢᠨ ᠵᠠᠭᠪᠤᠷ ᠳᠣᠲᠣᠷᠠᠬᠢ ᠲᠡᠮᠡᠭᠡᠨ ᠰᠦ ᠶᠢᠨ ᠰᠢᠬᠢᠷ ᠰᠢᠵᠢᠩ ᠡᠪᠡᠳᠴᠢᠨ ᠢ ᠡᠰᠡᠷᠭᠦᠴᠡᠬᠦ ᠪᠠ ᠡᠯᠢᠭᠡ ᠶᠢ ᠬᠠᠮᠠᠭᠠᠯᠠᠬᠤ ᠦᠢᠯᠡᠳᠦᠯ ᠵᠢᠴᠢ ᠥᠭᠡᠬᠦᠯᠢᠭ ᠡᠳ᠋ ᠤᠨ ᠲᠠᠷᠬᠠᠯᠲᠠ ᠶᠢᠨ ᠰᠡᠷᠭᠦᠯᠲᠡ ᠶᠢ ᠦᠨᠡᠯᠡᠬᠦ ᠶᠢᠨ ᠲᠥᠯᠥᠭᠡ ᠶᠤᠮ᠃ ᠡᠨᠡ ᠬᠦ ᠰᠤᠳᠤᠯᠭᠠᠨ ᠨᠢ ᠲᠡᠮᠡᠭᠡᠨ ᠰᠦ ᠶᠢᠨ ᠰᠢᠬᠢᠷ ᠰᠢᠵᠢᠩ ᠡᠪᠡᠳᠴᠢᠨ ᠤ ᠬᠤᠯᠤᠭᠠᠨ᠎ᠠ ᠳᠤ ᠦᠵᠡᠭᠦᠯᠬᠦ ᠡᠮᠴᠢᠯᠡᠭᠡᠨ ᠤ ᠦᠷ᠎ᠡ ᠳ᠋ᠦᠩ ᠢ ᠦᠨᠡᠯᠡᠨ ᠵᠢᠱᠢᠪᠡ᠂ ᠡᠭᠦᠨ ᠳᠤ HbA1c᠂ ALT᠂ AST᠂ TG᠂ ᠺᠣᠯᠧᠰᠲ᠋ᠧᠷᠣᠯ ᠪᠠ ᠨᠡᠬᠡᠳᠡᠰᠦ ᠶᠢᠨ ᠡᠰ ᠤᠨ ᠬᠡᠮᠵᠢᠯᠲᠡ ᠶᠢᠨ ᠡᠪᠡᠳᠴᠢᠨ ᠤ ᠵᠦᠢ ᠶᠢᠨ ᠰᠤᠳᠤᠯᠤᠯ ᠪᠠᠭᠲᠠᠨ᠎ᠠ᠃      ᠲᠡᠮᠡᠭᠡᠨ ᠤ ᠰᠦ ᠨᠢ ᠴᠢᠰᠤᠨ ᠰᠢᠬᠢᠷ᠂ HbA1c ︵p.001︶᠂ ᠠᠰᠫᠠᠷᠲ ᠠᠮᠢᠨᠤ᠋ ᠰᠢᠯᠵᠢᠭᠦᠯᠬᠦ ᠢᠰᠬᠡᠭᠦᠷ ︵AST︶᠂ ᠯᠠᠺᠲ᠋ᠠᠮ ᠬᠦᠴᠢᠯ ᠤᠨ ᠠᠮᠢᠨᠤ᠋ ᠰᠢᠯᠵᠢᠭᠦᠯᠬᠦ ᠢᠰᠬᠡᠭᠦᠷ ︵ALT︶ ︵p. 01︶᠂ ᠭᠯᠢᠼᠧᠷᠢᠨᠲᠦ ᠭᠤᠷᠪᠠᠴᠢ ᠬᠦᠴᠢᠯ ᠤᠨ ᠡᠰᠲ᠋ᠧᠷ ︵TG︶ ᠪᠣᠯᠤᠨ ᠺᠣᠯᠧᠰᠲ᠋ᠧᠷᠣᠯ ︵p.01︶ ᠢ ᠶᠡᠭᠡ ᠪᠠᠷ ᠪᠠᠭᠠᠰᠬᠠᠪᠠ᠃ ᠲᠡᠮᠡᠭᠡᠨ ᠰᠦ ᠶᠢᠨ ᠡᠮᠴᠢᠯᠡᠭᠡᠨ ᠤ ᠦᠢᠯᠡᠳᠦᠯ ᠤᠨ ᠵᠢᠮ᠎ᠡ ᠬᠠᠤᠯᠢ ᠨᠢ ᠰᠢᠬᠢᠷ ᠰᠢᠵᠢᠩ ᠡᠪᠡᠳᠴᠢᠨ ᠢ ᠡᠰᠡᠷᠭᠦᠴᠡᠬᠦ ᠡᠮ Glibenclamide ᠲᠠᠢ ᠪᠦᠷᠢᠮᠦᠰᠦᠨ ᠠᠳᠠᠯᠢ ᠪᠠᠶᠢᠳᠠᠭ᠃ ᠡᠨᠡ ᠬᠦ ᠰᠤᠳᠤᠯᠭᠠᠨ ᠤ ᠳ᠋ᠦᠩ ᠠᠴᠠ ᠦᠵᠡᠪᠡᠯ ᠲᠡᠮᠡᠭᠡᠨ ᠤ ᠰᠦ ᠨᠢ ᠵᠣᠬᠢᠬᠤ ᠬᠡᠮᠵᠢᠶᠡᠨ ᠤ ᠣᠷᠣᠯᠠᠬᠤ ᠵᠠᠰᠠᠯᠭ᠎ᠠ ᠶᠢᠨ ᠲᠥᠰᠦᠯ ᠪᠣᠯᠬᠤ ᠰᠢᠬᠢᠷ ᠰᠢᠵᠢᠩ ᠡᠪᠡᠳᠴᠢᠨ ᠤ ᠵᠠᠰᠠᠯᠭ᠎ᠠ ᠶᠢ ᠬᠢᠵᠦ ᠪᠣᠯᠤᠨ᠎ᠠ᠃ ᠲᠡᠮᠡᠭᠡᠨ ᠰᠦ ᠶᠢᠨ ᠡᠮᠴᠢᠯᠡᠭᠡᠨ ᠤ ᠦᠢᠯᠡᠳᠦᠯ ᠣᠯᠠᠨ ᠤ ᠮᠡᠳᠡᠭᠡᠵᠢ ᠪᠠᠷ ᠳᠡᠯᠡᠬᠡᠶ ᠶᠢᠨ ᠡᠯ᠎ᠡ ᠭᠠᠵᠠᠷ ᠤᠨ ᠠᠮᠢᠳᠤ ᠪᠣᠳᠠᠰ ᠤᠨ ᠢᠳᠡᠪᠬᠢᠵᠢᠭᠦᠯᠦᠭᠴᠢ ᠦᠨᠢᠶᠡᠨ ᠰᠦ ᠣᠷᠣᠰᠢᠵᠤ ᠪᠠᠶᠢᠬᠤ ᠠᠴᠠ ᠪᠣᠯᠵᠠᠶ᠃ ᠲᠡᠭᠦᠨ ᠢ ᠨᠢᠭᠡᠨᠲᠡ ᠤᠰᠤᠨ ᠬᠠᠪᠤᠩ᠂ ᠰᠢᠷᠠᠯᠠᠯ᠂ ᠠᠭᠤᠰᠬᠢᠨ ᠤ ᠰᠦᠷᠢᠶ᠎ᠡ᠂ ᠬᠠᠷ᠎ᠠ ᠬᠠᠯᠠᠭᠤᠨ ᠡᠪᠡᠳᠴᠢᠨ ᠪᠠ ᠴᠢᠰᠤ ᠳᠤᠲᠠᠬᠤ ᠮᠡᠲᠦ ᠶᠢᠨ ᠡᠯ᠎ᠡ ᠵᠦᠢᠯ ᠤᠨ ᠡᠪᠡᠳᠴᠢᠨ ᠢ ᠵᠠᠰᠠᠬᠤ ᠳᠤ ᠬᠡᠷᠡᠭᠯᠡᠵᠦ ᠪᠠᠶᠢᠨ᠎ᠠ᠃ ᠡᠭᠦᠨ ᠠᠴᠠ ᠭᠠᠳᠠᠨ᠎ᠠ᠂ ᠲᠡᠮᠡᠭᠡᠨ ᠤ ᠰᠦ ᠨᠢ ᠡᠯᠢᠭᠡᠨ ᠤ ᠡᠪᠡᠳᠴᠢᠨ ᠢ ᠵᠠᠰᠠᠬᠤ ᠳᠤ ᠮᠠᠰᠢ ᠲᠤᠰᠠᠲᠠᠶ ᠭᠡᠳᠡᠭ ᠨᠢ ᠨᠢᠭᠡᠨᠲᠡ ᠭᠡᠷᠡᠴᠢᠯᠡᠭᠳᠡᠭᠰᠡᠨ ᠪᠠᠶᠢᠨ᠎ᠠ᠃      ᠲᠣᠰ ᠲᠤᠷᠰᠢᠯᠲᠠ ᠳᠤ ᠬᠡᠷᠡᠭᠯᠡᠭᠰᠡᠨ ᠬᠤᠯᠤᠭᠠᠨ᠎ᠠ ᠪᠣᠯ ᠴᠥᠮ ᠠᠮᠧᠷᠢᠺᠠ ᠶᠢᠨ ᠤᠯᠤᠰ ᠤᠨ ᠠᠨᠠᠭᠠᠬᠤ ᠤᠬᠠᠭᠠᠨ ᠤ ᠨᠡᠶᠢᠭᠡᠮᠯᠢᠭ ᠤᠨ ᠫᠠᠺᠢᠰᠲ᠋ᠠᠨ ᠤ ᠮᠠᠯ ᠤᠨ ᠡᠮᠴᠢ ᠶᠢᠨ ᠲᠤᠷᠰᠢᠯᠲᠠ ᠶᠢᠨ ᠲᠠᠰᠤᠭ ᠠᠴᠠ ᠢᠷᠡᠭᠰᠡᠨ ᠶᠤᠮ᠃ ᠲᠤᠷᠰᠢᠯᠲᠠ ᠶᠢᠨ ᠠᠮᠢᠲᠠᠨ 25℃ ᠤᠨ ᠳᠤᠯᠠᠭᠠᠨ ᠳᠤ ᠭᠦᠢᠴᠡᠳ ᠬᠡᠮᠵᠢᠶᠡᠨ ᠤ ᠤᠰᠤ ᠪᠠ ᠢᠳᠡᠰᠢ ᠲᠠᠢ᠃ ᠳᠠᠷᠠᠭ᠎ᠠ ᠨᠢ 60 ᠠᠮᠢᠲᠠᠨ ᠢ ᠳᠤᠭᠤᠶᠢᠯᠠᠩ ᠬᠤᠪᠢᠶᠠᠵᠤ᠂ ᠳᠤᠭᠤᠶᠢᠯᠠᠩ ᠪᠦᠷᠢ ᠳᠤ 12 ᠠᠮᠢᠲᠠᠨ ᠢ ᠬᠡᠷᠡᠭᠯᠡᠨ᠎ᠡ᠃ ᠵᠣᠬᠢᠬᠤ ᠬᠤᠭᠤᠴᠠᠭᠠᠨ ᠤ ᠰᠤᠳᠤᠯᠤᠯᠲᠠ ᠪᠠᠷ ᠳᠠᠮᠵᠢᠨ᠂ ᠲᠡᠮᠡᠭᠡᠨ ᠤ ᠰᠦ ᠶᠢᠨ ᠰᠢᠬᠢᠷ ᠰᠢᠵᠢᠩ ᠡᠪᠡᠳᠴᠢᠨ ᠢ ᠵᠠᠰᠠᠬᠤ ᠦᠢᠯᠡᠳᠦᠯ ᠢ ᠨᠢ ᠬᠤᠯᠤᠭᠠᠨ᠎ᠠ ᠳᠤ ᠦᠨᠡᠯᠡᠨ ᠵᠢᠱᠢᠯᠲᠡ ᠬᠢᠬᠦ ᠶᠢᠨ ᠬᠠᠮᠲᠤ ᠲᠣᠳᠣᠯᠠᠭᠰᠠᠨ ᠢ ᠣᠯᠵᠤ ᠮᠡᠳᠡᠪᠡ ᠃ ᠡᠭᠦᠨ ᠠᠴᠠ ᠭᠠᠳᠠᠨ᠎ᠠ᠂ ᠲᠡᠮᠡᠭᠡᠨ ᠤ ᠰᠦ ᠶᠢᠨ ᠦᠢᠯᠡᠳᠦᠯ ᠨᠢ ᠡᠯᠢᠭᠡᠨ ᠡᠰ ᠤᠨ ᠢᠰᠬᠡᠭᠦᠷ ALT ᠪᠠ AST ᠤᠨ ᠢᠳᠡᠪᠬᠢ ᠴᠢᠨᠠᠷ ᠤᠨ ᠦᠨᠡᠯᠡᠯᠲᠡ ᠶᠢ ᠰᠡᠷᠭᠦᠭᠡᠳᠡᠭ᠃ ᠲᠡᠮᠡᠭᠡᠨ ᠤ ᠰᠦ ᠨᠢ ᠪᠠᠷᠤᠭ Glibenclamide ᠲᠠᠢ ᠠᠳᠠᠯᠢᠬᠠᠨ ᠦᠢᠯᠡᠳᠦᠯ ᠲᠠᠢ ᠭᠡᠳᠡᠭ ᠢ ᠬᠠᠷᠠᠭᠤᠯᠵᠠᠶ᠃      ᠡᠭᠦᠨ ᠠᠴᠠ ᠭᠠᠳᠠᠨ᠎ᠠ᠂ ᠲᠡᠮᠡᠭᠡᠨ ᠰᠦ ᠨᠢ ᠴᠢᠰᠤ ᠶᠢ ᠬᠡᠪ ᠤᠨ ᠪᠣᠯᠭᠠᠬᠤ ᠲᠠᠯ᠎ᠠ ᠪᠠᠷ ᠪᠠᠷᠤᠭ Glibenclamide ᠲᠠᠢ ᠠᠳᠠᠯᠢᠬᠠᠨ ᠦᠢᠯᠡᠳᠦᠯ ᠲᠠᠢ TG ᠪᠠ ᠰᠥᠰᠥᠨ ᠤ ᠭᠤᠨᠠᠨ ᠠᠯᠺᠣᠣᠯ ᠤᠨ ᠥᠳᠬᠡᠴᠡ ᠲᠠᠢ ᠪᠠᠶᠢᠳᠠᠭ᠃ ᠲᠤᠰ ᠰᠤᠳᠤᠯᠭᠠᠨ ᠤ ᠦᠷ᠎ᠡ ᠳ᠋ᠦᠩ ᠳᠤ ᠲᠡᠮᠡᠭᠡᠨ ᠰᠦ ᠪᠠᠷ ᠪᠠᠶᠢᠭᠠᠯᠢ ᠶᠢᠨ ᠠᠶᠤᠯ ᠦᠭᠡᠢ ᠪᠦᠲᠦᠭᠡᠭᠳᠡᠬᠦᠨ ᠢᠶᠠᠷ ᠰᠢᠬᠢᠷ ᠰᠢᠵᠢᠩ ᠡᠪᠡᠳᠴᠢᠨ ᠤ ᠡᠮᠴᠢᠯᠡᠭᠡᠨ ᠤ ᠣᠷᠣᠯᠠᠭᠤᠯᠤᠯᠲᠠ ᠶᠢᠨ ᠡᠮᠴᠢᠯᠡᠭᠡᠨ ᠤ ᠲᠥᠰᠦᠯ ᠪᠣᠯᠭᠠᠬᠤ ᠶᠢ ᠰᠠᠨᠠᠭᠠᠴᠢᠯᠠᠭᠰᠠᠨ ᠪᠠᠶᠢᠨ᠎ᠠ᠃ ᠯᠠᠪᠯᠠᠯᠲᠠ ᠪᠣᠯᠭᠠᠭᠰᠠᠨ ᠰᠤᠷᠪᠤᠯᠵᠢ ᠪᠢᠴᠢᠭ᠄ [1]Hussain Humaira,Wattoo Feroza Hamid, Wattoo Muhammad Hamid Sarwar,Gulfraz Muhammad,Masud Tariq, Shah Imam,Ali Sakhawat,Alavi Seyed Ebrahim. Camel milk as an alternative treatment regimen for diabetes therapy[J]. Food Science & Nutrition,2021,9 ︵3︶ .  
 
ᠢᠷᠡᠯᠲᠡ᠄ ᠠᠯᠠᠱᠨ ᠵᠡᠬᠦᠨ ᠬᠤᠰᠢᠭᠤᠨ ᠤ ᠵᠠᠰᠠᠭ ᠤᠨ ᠤᠷᠲᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号