ᠨᠠᠶᠢᠳᠠ ᠶᠢᠨ ᠰᠠᠪᠬ᠎ᠠ ᠶᠢ ᠵᠦᠪ ᠬᠡᠷᠡᠭᠯᠡᠬᠦ ᠵᠦᠭᠯᠡᠬᠦᠷ
ᠨᠡᠶᠢᠲᠡᠯᠡᠭᠰᠡᠨ ᠴᠠᠭ᠄
2021/7/29
   ᠰᠠᠪᠬ᠎ᠠ ᠪᠤᠯ ᠤᠯᠠᠨ ᠵᠦᠢᠯ ᠤᠨ ᠡᠪᠡᠳᠴᠢᠨ ᠤ ︽ᠵᠠᠮᠴᠢ︾  ᠪᠤᠯᠤᠨ᠎ᠠ᠃  ᠰᠠᠪᠬ᠎ᠠ ᠪᠠᠷ ᠨᠤᠭᠤᠭ᠎ᠠ ᠰᠠᠪᠬᠠᠯᠠᠵᠤ ᠢᠳᠡᠬᠦ ᠦᠶᠠᠰ᠂ ᠰᠢᠯᠦᠰᠦ᠂ ᠡᠪᠡᠳᠴᠢᠨ ᠤ ᠪᠠᠺᠲ᠋ᠧᠷᠢ ᠨᠢ ᠰᠠᠪᠬ᠎ᠠ ᠶᠢ ᠲᠠᠭᠠᠵᠤ  ᠨᠤᠭᠤᠭ᠎ᠠ ᠳᠤ ᠤᠷᠤᠵᠤ ᠡᠪᠡᠳᠴᠢᠨ ᠤ ᠪᠠᠺᠲ᠋ᠧᠷᠢ ᠶᠢᠨ ︽ᠵᠠᠮᠴᠢᠯᠠᠬᠴᠢ︾  ᠪᠤᠯᠳᠠᠭ᠃
     ᠰᠢᠨ᠎ᠠ ᠲᠢᠳᠢᠮᠯᠢᠭ ᠠᠭᠤᠰᠬᠢᠨ ᠦᠷᠪᠢᠰᠦᠯ ᠠᠴᠠ ᠭᠠᠳᠠᠨ᠎ᠠ᠂ ᠲᠤᠤᠷᠡᠬᠢ ᠬᠡᠳᠦᠨ ᠵᠦᠢᠯ ᠤᠨ ᠰᠢᠩᠬᠡᠬᠡᠯᠳᠡ  ᠶᠢᠨ ᠵᠠᠮ ᠢᠶᠠᠷ ᠲᠠᠮᠵᠢᠨ ᠲᠠᠷᠬᠠᠬᠤ ᠡᠪᠡᠳᠴᠢᠨ ᠴᠤ ᠨᠢᠬᠡ ᠴᠠᠭ ᠤᠨ ᠬᠤᠭᠤᠯᠠᠨ ᠳᠤ ᠰᠠᠪᠬ᠎ᠠ ᠵᠡᠷᠭᠡ ᠬᠤᠭᠤᠯᠠᠨ ᠤ  ᠬᠡᠷᠡᠭᠰᠡᠯ ᠢ ᠬᠤᠯᠢᠵᠤ ᠬᠡᠷᠡᠭᠯᠡᠭᠰᠡᠨ ᠠᠴᠠ ᠪᠤᠯᠵᠤ ᠲᠠᠷᠬᠠᠵᠤ ᠮᠡᠳᠡᠨ᠎ᠠ᠃    ᠡᠯᠢᠬᠡᠨ ᠤ A ᠦᠷᠪᠢᠰᠦᠯ᠂  ᠡᠯᠢᠬᠡᠨ ᠤ E ᠦᠷᠪᠢᠰᠦᠯ    ᠡᠯᠢᠬᠡᠨ ᠤ A ᠦᠷᠪᠢᠰᠦᠯ ᠪᠠ ᠡᠯᠢᠬᠡᠨ ᠤ E ᠦᠷᠪᠢᠰᠦᠯ ᠨᠢ ᠭᠤᠤᠯᠳᠠᠭᠤ ᠰᠢᠩᠬᠡᠬᠡᠯᠳᠡ ᠶᠢᠨ ᠵᠠᠮ ᠢᠶᠠᠷ ᠲᠠᠮᠵᠢᠨ ᠲᠠᠷᠬᠠᠳᠠᠭ᠂ ᠲᠠᠷᠤᠢ ᠪᠠᠭᠠᠰᠤ ᠢᠯᠭᠠᠳᠠᠰᠤ ᠪᠠ ᠠᠮᠠ ᠪᠠᠷ ᠲᠠᠮᠵᠢᠨ ᠲᠠᠷᠬᠠᠳᠠᠭ ᠪᠦᠬᠡᠳ ᠸᠢᠷᠦ᠋ᠰ ᠨᠢ ᠠᠭᠠᠷ  ᠢᠶᠠᠷ ᠠᠮᠠᠷᠬᠠᠨ ᠲᠠᠷᠬᠠᠳᠠᠭ᠂ ᠬᠡᠷᠪᠡ ᠤᠷᠳᠤ ᠬᠤᠭᠤᠴᠠᠭ᠎ᠠ ᠪᠠᠷ ᠡᠨᠡ ᠬᠤᠶᠠᠷ ᠵᠦᠢᠯ ᠤᠨ ᠡᠯᠢᠬᠡᠨ ᠡᠪᠡᠳᠴᠢᠳᠠᠨ  ᠲᠠᠢ ᠬᠠᠮᠳᠤ ᠴᠤᠮᠤ᠂ ᠠᠶᠠᠭ᠎ᠠ ᠰᠠᠪᠬ᠎ᠠ ᠶᠢ ᠬᠡᠷᠡᠭᠯᠡᠪᠡᠯ᠂ ᠸᠢᠷᠦ᠋ᠰ ᠨᠢ ᠰᠢᠯᠦᠰᠦ ᠵᠡᠷᠭᠡ ᠪᠠᠷ ᠲᠠᠮᠵᠢᠨ ᠲᠠᠷᠬᠠᠵᠤ ᠮᠠᠳᠠᠨ᠎ᠠ᠃    ᠭᠠᠷ ᠬᠦᠯ ᠠᠮᠠᠨ ᠡᠪᠡᠳᠴᠢᠨ    ᠭᠠᠷ ᠬᠦᠯ ᠠᠮᠠᠨ ᠤ ᠡᠪᠡᠳᠴᠢᠨ ᠪᠤᠯ ᠬᠡᠳᠡᠰᠦᠨ ᠤ ᠸᠢᠷᠦ᠋ᠰ ᠠᠴᠠ ᠪᠤᠯᠤᠬᠰᠠᠨ ᠬᠠᠯᠳᠠᠪᠤᠷᠢᠳᠤ ᠡᠪᠡᠳᠴᠢᠨ ᠪᠤᠯᠤᠨ᠎ᠠ᠂ ᠬᠠᠯᠠᠭᠤᠷᠠᠬᠤ᠂ ᠠᠮᠠᠨ ᠬᠦᠨᠳᠠᠢ ᠶᠢᠨ ᠰᠢᠷᠬᠠᠯᠠᠭ᠎ᠠ ᠪᠠ ᠴᠦᠪᠦ᠋ᠷᠢᠬᠦᠳᠦ ᠡᠰᠡᠷᠬᠡᠨ᠎ᠠ ᠪᠠᠷ ᠤᠨᠴᠠᠯᠢᠭ ᠪᠤᠯᠭᠠᠳᠠᠭ᠂ ᠬᠠᠯᠳᠠᠪᠤᠷᠢᠯᠠᠬᠤ ᠵᠠᠮ ᠨᠢ ᠭᠤᠤᠯᠳᠠᠭᠤ ᠬᠠᠯᠳᠠᠪᠤᠷᠢᠯᠠᠬᠴᠢ ᠶᠢᠨ ᠬᠠᠮᠠᠷ᠂  ᠬᠤᠭᠤᠯᠠᠢ ᠶᠢᠨ  ᠰᠢᠯᠦᠰᠦ  ᠪᠤᠶᠤ ᠪᠠᠭᠠᠰᠤ ᠵᠡᠷᠭᠡ ᠪᠤᠯᠤᠨ᠎ᠠ᠃    6 ᠨᠠᠰᠤᠨ ᠠᠴᠠ ᠲᠤᠷᠤᠬᠰᠢᠬᠢ ᠬᠡᠦᠬᠡᠳ ᠨᠢ ︽ ᠹᠢᠽᠢᠥᠯᠥᠬᠢ ᠶᠢᠨ ᠴᠢᠨᠠᠷᠳᠠᠢ ᠦᠯᠦ ᠬᠠᠯᠳᠠᠭᠠᠯᠳᠠ ᠶᠢᠨ ᠴᠢᠳᠠᠪᠤᠷᠢ ᠲᠤᠤᠷ᠎ᠠ ᠪᠠᠶᠢᠳᠠᠯ︾   ᠳᠤ  ᠤᠷᠤᠰᠢᠵᠤ ᠪᠠᠶᠢᠬᠤ ᠪᠤᠯᠬᠤᠷ ᠠᠶᠠᠭ᠎ᠠ ᠰᠠᠪᠬ᠎ᠠ ᠶᠢ ᠬᠠᠮᠳᠤ ᠬᠡᠷᠡᠭᠯᠡᠪᠡᠯ ᠠᠮᠠᠷᠬᠠᠨ ᠸᠢᠷᠦ᠋ᠰ ᠤᠨ  ᠰᠤᠯᠪᠢᠴᠠᠯ ᠬᠠᠯᠳᠠᠪᠤᠷᠢᠯᠠᠯ ᠡᠬᠦᠰᠦᠨ᠎ᠠ᠃  ᠬᠡᠷ ᠲᠡᠭᠡᠨ ᠪᠠ ᠬᠡᠦᠬᠡᠳ ᠤᠨ  ᠴᠡᠴᠡᠷᠯᠢᠭ  ᠲᠤ  ᠢᠳᠡᠬᠡᠨ ᠤᠮᠳᠠᠭᠠᠨ ᠪᠠ ᠬᠤᠪᠢ ᠬᠦᠮᠦᠨ ᠤ ᠡᠷᠡᠬᠦᠯ ᠬᠠᠮᠠᠭᠠᠯᠠᠯ ᠢ ᠠᠩᠬᠠᠷᠴᠤ᠂ ᠲᠤᠰᠬᠠᠢ ᠠᠶᠠᠭ᠎ᠠ ᠰᠠᠪᠬ᠎ᠠ  ᠶᠢ ᠬᠡᠷᠡᠭᠯᠡᠵᠤ᠂ ᠬᠡᠦᠬᠡᠳ ᠤᠨ ᠬᠤᠭᠤᠷᠤᠨᠳᠤ ᠬᠠᠷᠢᠯᠴᠠᠨ ᠬᠠᠯᠳᠠᠪᠤᠷᠢᠯᠠᠬᠤ ᠠᠴᠠ  ᠰᠡᠷᠬᠡᠶᠢᠯᠡᠨ᠎ᠠ᠃    ᠬᠤᠳᠤᠭᠤᠳᠤᠨ ᠡᠪᠡᠳᠴᠢᠨ ᠴᠢᠨᠠᠬᠰᠢᠯᠠᠪᠠᠯ ᠬᠤᠳᠤᠭᠤᠳᠤᠨ ᠦᠮᠠᠨ    ᠬᠤᠳᠤᠭᠤᠳᠤᠨ ᠮᠤᠬᠤᠷ ᠤᠨ ᠡᠷᠬᠢᠬᠦᠯᠬᠡᠨ ᠰᠠᠪᠬᠠᠨᠴᠢᠷ ᠪᠠᠺᠲ᠋ᠧᠷᠢ ᠪᠤᠯ ᠤᠯᠠᠨ ᠵᠦᠢᠯ ᠤᠨ ᠬᠤᠳᠤᠭᠤᠳᠤᠨ ᠡᠪᠡᠳᠴᠢᠨ ᠤ ᠬᠡᠷᠡᠭ ᠤᠨ ᠲᠦᠷᠦᠬᠦᠦ ᠪᠤᠯᠤᠨ᠎ᠠ᠂ ᠲᠡᠯᠡᠬᠡᠢ ᠶᠢᠨ ᠡᠷᠡᠬᠦᠯ ᠬᠠᠮᠠᠭᠠᠯᠠᠯ ᠤᠨ ᠵᠤᠬᠢᠶᠠᠨ ᠪᠠᠶᠢᠭᠤᠯᠤᠯᠳᠠ  ᠳᠤ  ᠬᠠᠷᠢᠶᠠᠯᠠᠬᠳᠠᠬᠤ ᠤᠯᠠᠨ ᠤᠯᠤᠰ ᠤᠨ  ᠦᠮᠠᠨ ᠡᠪᠡᠳᠴᠢᠨ ᠤ  ᠰᠤᠳᠤᠯᠭᠠᠨ ᠤ  ᠪᠠᠶᠢᠭᠤᠯᠤᠮᠵᠢ ᠨᠢ ᠲᠡᠬᠦᠨ ᠢ ᠨᠢᠬᠡᠨᠳᠡ ᠬᠤᠳᠤᠭᠤᠳᠤᠨ ᠦᠮᠠᠨ ᠢ ᠡᠬᠦᠰᠬᠡᠬᠦ ᠨᠢᠬᠡᠳᠦᠬᠡᠷ ᠲᠦᠷᠦᠯ ᠤᠨ  ᠦᠮᠠᠨ ᠡᠬᠦᠰᠬᠡᠬᠦ ᠪᠠᠺᠲ᠋ᠧᠷᠢ ᠪᠤᠯᠭᠠᠨ ᠨᠠᠶᠢᠳᠠᠯᠡᠭᠰᠡᠨ ᠪᠠᠶᠢᠨ᠎ᠠ᠃    ᠬᠤᠳᠤᠭᠤᠳᠤᠨ ᠮᠤᠬᠤᠷ ᠤᠨ ᠡᠷᠬᠢᠬᠦᠯᠬᠡᠨ ᠰᠠᠪᠬᠠᠨᠴᠢᠷ ᠪᠠᠺᠲ᠋ᠧᠷᠢ ᠶᠢᠨ ᠬᠠᠯᠳᠠᠪᠤᠷᠢᠯᠠᠯ ᠨᠢ ᠬᠡᠷ ᠪᠦᠯᠢ ᠶᠢᠨ ᠴᠤᠬᠯᠠᠷᠠᠬᠤ ᠴᠢᠨᠠᠷᠳᠠᠢ ᠤᠨᠴᠠᠯᠢᠭ ᠲᠠᠢ᠃  ᠬᠠᠯᠳᠠᠪᠤᠷᠢᠯᠠᠬᠴᠢ ᠶᠢᠨ ᠰᠢᠳᠦᠨ ᠤ ᠪᠠᠺᠲ᠋ᠧᠷᠢ ᠶᠢᠨ ᠲᠤᠯᠪᠤᠷ ᠪᠠ ᠰᠢᠯᠦᠰᠦᠨ ᠤ  ᠬᠤᠳᠤᠭᠤᠳᠤᠨ ᠮᠤᠬᠤᠷ ᠤᠨ ᠡᠷᠬᠢᠬᠦᠯᠬᠡᠨ ᠰᠠᠪᠬᠠᠨᠴᠢᠷ ᠪᠠᠺᠲ᠋ᠧᠷᠢ ᠠᠭᠤᠯᠵᠤ ᠪᠠᠶᠢᠳᠠᠭ᠂ ᠬᠤᠭᠤᠯᠠ ᠬᠤᠪᠢᠶᠠᠬᠤ ᠦᠬᠡᠢ ᠪᠠᠶᠢᠳᠠᠯ ᠲᠤᠤᠷ᠎ᠠ ᠰᠠᠪᠬ᠎ᠠ ᠨᠢ ᠡᠪᠡᠳᠴᠢᠨ ᠤ  ᠪᠠᠺᠲ᠋ᠧᠷᠢ ᠶᠢᠨ ᠬᠠᠯᠳᠠᠪᠤᠷᠢᠯᠠᠯ ᠤᠨ  ᠵᠠᠭᠤᠴᠢ ᠪᠤᠯᠵᠤ ᠮᠠᠳᠠᠨ᠎ᠠ᠃    ᠬᠢᠵᠢᠭ ᠢ ᠡᠰᠡᠷᠬᠦᠴᠡᠬᠦ ᠳᠤ ᠠᠶᠢᠯ ᠪᠤᠯᠭᠠᠨ ᠤ ᠬᠡᠷ ᠤᠨ  ᠬᠤᠭᠤᠯᠠᠨ ᠰᠢᠷᠡᠭᠡ ᠠᠴᠠ ᠡᠬᠢᠯᠡᠨ ᠸᠢᠷᠦ᠋ᠰ ᠢ ᠠᠮᠠᠨ  ᠤ ᠭᠠᠳᠠᠨ᠎ᠠ ᠪᠦᠳᠦᠮᠵᠢᠳᠡᠢ ᠬᠠᠰᠢᠶ᠎ᠠ᠃    ᠬᠡᠷ ᠲᠡᠭᠡᠨ ᠬᠤᠭᠤᠯᠠ  ᠢᠳᠡᠬᠦ ᠦᠶᠠᠰ
     ᠨᠢᠬᠡ᠂  ᠨᠠᠶᠢᠳᠠ ᠶᠢᠨ ᠰᠠᠪᠬ᠎ᠠ ᠨᠠᠶᠢᠳᠠ ᠶᠢᠨ ᠬᠠᠯᠪᠠᠭ᠎ᠠ    ᠬᠦᠮᠦᠨ ᠪᠦᠷᠢ ᠦᠪᠡᠷ ᠤᠨ  ᠠᠶᠠᠭ᠎ᠠ᠂ ᠰᠠᠪᠬ᠎ᠠ ᠪᠠ ᠬᠠᠯᠪᠠᠭ᠎ᠠ ᠪᠠᠷ ᠬᠤᠭᠤᠯᠠ  ᠢᠳᠡᠵᠤ᠂  ᠢᠳᠡᠬᠡᠨ ᠰᠠᠪᠠᠯᠠᠵᠤ ᠪᠠᠶᠢᠭ᠎ᠠ ᠰᠠᠪᠠᠨ ᠳᠤ  ᠨᠠᠶᠢᠳᠠ ᠶᠢᠨ ᠰᠠᠪᠬ᠎ᠠ ᠨᠠᠶᠢᠳᠠ ᠶᠢᠨ ᠬᠠᠯᠪᠠᠭ᠎ᠠ ᠲᠠᠯᠪᠢᠵᠤ᠂ ᠬᠦᠮᠦᠨ ᠪᠦᠷᠢ ᠨᠠᠶᠢᠳᠠ ᠶᠢᠨ ᠬᠠᠯᠪᠠᠭ᠎ᠠ ᠨᠠᠶᠢᠳᠠ ᠶᠢᠨ ᠰᠠᠪᠬ᠎ᠠ ᠪᠠᠷ ᠢᠳᠡᠬᠡᠨ ᠠᠪᠤᠨ᠎ᠠ᠃    ᠬᠤᠶᠠᠷ᠂ ᠲᠤᠬᠳᠠᠬᠰᠠᠨ ᠬᠤᠭᠤᠯᠠᠨ ᠤ ᠬᠡᠷᠡᠭᠰᠡᠯ    ᠬᠡᠷ ᠪᠦᠯᠢ ᠶᠢᠨ ᠪᠦᠷᠢᠯᠳᠦᠬᠦᠨ ᠨᠢᠬᠡᠪᠦᠷᠢ ᠳᠤ  ᠦᠪᠡᠷ ᠤᠨ ᠠᠶᠠᠭ᠎ᠠ᠂  ᠰᠠᠪᠬ᠎ᠠ᠂ ᠬᠠᠯᠪᠠᠭ᠎ᠠ᠂ ᠤᠰᠤᠨ ᠤ ᠴᠤᠮᠤ ᠲᠠᠢ ᠪᠠᠶᠢᠯᠭᠠᠵᠤ᠂ ᠭᠠᠳᠠᠷ ᠬᠡᠯᠪᠡᠷᠢ ᠪᠤᠶᠤ ᠦᠩᠬᠡ ᠠᠴᠠ ᠨᠢ ᠠᠮᠠᠷᠬᠠᠨ ᠢᠯᠭᠠᠵᠤ ᠴᠢᠳᠠᠬᠤ ᠶᠢ ᠬᠤᠳᠠᠯᠳᠤᠵᠤ ᠠᠪᠤᠨ᠎ᠠ᠃    ᠭᠤᠷᠪᠠ᠂ ᠬᠤᠭᠤᠯᠠ  ᠬᠤᠪᠢᠶᠠᠬᠤ    ᠬᠢᠭᠰᠡᠨ ᠬᠤᠭᠤᠯᠠ  ᠪᠤᠳᠠᠭ᠎ᠠ ᠪᠠᠨ ᠰᠢᠭᠤᠳ ᠬᠡᠷ ᠤᠨ  ᠪᠦᠷᠢᠯᠳᠦᠬᠦᠨ ᠤ  ᠫᠢᠯᠠ᠂ ᠠᠶᠠᠭᠠᠨ ᠲᠤᠳᠤᠷ᠎ᠠ ᠬᠤᠪᠢᠶᠠᠵᠤ᠂ ᠤᠯᠠᠨ ᠢᠶᠠᠷ ᠢᠶᠠᠨ ᠰᠢᠷᠡᠭᠡ ᠪᠠᠨ ᠲᠤᠭᠤᠷᠢᠨ ᠰᠠᠭᠤᠵᠤ ᠬᠠᠮᠳᠤ ᠬᠤᠭᠤᠯᠠ   ᠪᠠᠨ ᠢᠳᠡᠪᠡᠯ ᠪᠤᠯᠴᠢᠬᠠᠨ᠎ᠠ᠃    ᠲᠦᠷᠪᠡ᠂  ᠬᠡᠦᠬᠡᠳ ᠢ ᠢᠳᠡᠬᠦᠯᠬᠦ    ᠬᠡᠦᠬᠡᠳ ᠢ ᠡᠷᠳᠡᠬᠡᠨ ᠪᠠᠶ᠎ᠠ ᠪᠠᠨ ᠲᠠᠭᠠᠭᠠᠵᠤ ᠬᠤᠭᠤᠯᠠ ᠢᠳᠡᠬᠦ ᠶᠢ  ᠵᠤᠷᠢᠬᠵᠢᠭᠤᠯᠤᠨ᠎ᠠ᠃ ᠬᠤᠭᠤᠯᠠ ᠢᠳᠡᠵᠤ ᠲᠠᠶᠢᠯᠬᠦ ᠦᠬᠡᠢ ᠨᠢᠯᠬ᠎ᠠ ᠬᠡᠦᠬᠡᠳ ᠲᠤ ᠪᠤᠯ ᠬᠡᠷ ᠤᠨ ᠠᠬᠠᠮᠠᠳ ᠪᠤᠶᠤ ᠠᠰᠠᠷᠠᠬᠴᠢ ᠨᠢ ᠵᠠᠪᠠᠯ ᠵᠤᠬᠢᠰᠳᠠᠢ ᠠᠷᠭ᠎ᠠ ᠬᠡᠯᠪᠡᠷᠢ ᠪᠠᠷ ᠬᠡᠦᠬᠡᠳ ᠤᠨ ᠢᠳᠡᠬᠡᠨ ᠤ ᠲᠤᠯᠠᠭᠠᠨ ᠤ ᠬᠡᠮᠵᠢᠶ᠎ᠠ ᠶᠢ  ᠡᠵᠡᠮᠰᠢᠨ᠂  ᠬᠡᠦᠬᠡᠳ ᠤᠨ ᠢᠳᠡᠬᠡᠨ ᠤᠮᠳᠠᠭᠠᠨ  ᠢ   ᠨᠢ ᠲᠤᠷᠰᠢᠵᠤ ᠦᠵᠡᠬᠦ᠂ ᠬᠡᠦᠬᠡᠳ ᠢ  ᠬᠠᠪᠰᠤᠷᠤᠨ ᠢᠳᠡᠬᠡᠨ ᠵᠠᠵᠢᠯᠠᠬᠤ᠂ ᠠᠮᠠᠨ ᠠᠴᠠ ᠪᠠᠨ ᠰᠢᠭᠤᠳ ᠬᠡᠦᠬᠡᠳ  ᠲᠤ ᠢᠳᠡᠬᠦᠯᠬᠦ᠂ ᠬᠡᠦᠬᠡᠳ ᠲᠠᠢ ᠬᠠᠮᠳᠤ ᠬᠤᠭᠤᠯᠠᠨ ᠤ ᠰᠡᠪᠡ ᠬᠡᠷᠡᠭᠰᠡᠯ ᠬᠡᠷᠡᠭᠯᠡᠬᠦ ᠵᠡᠷᠭᠡ ᠶᠢ ᠴᠢᠩᠭ᠎ᠠ ᠴᠠᠭᠠᠵᠠᠯᠠᠨ᠎ᠠ᠃    ᠭᠠᠳᠠᠨ᠎ᠠ ᠭᠠᠷᠴᠤ ᠬᠤᠭᠤᠯᠠ ᠢᠳᠡᠬᠦ ᠦᠶᠠᠰ
   ᠨᠢᠬᠡ᠂ ᠦᠪᠡᠷ ᠤᠨ ᠰᠠᠪᠬ᠎ᠠ ᠪᠤᠯᠤᠨ ᠬᠠᠯᠪᠠᠭ᠎ᠠ ᠪᠠᠨ ᠠᠪᠴᠤ᠂  ᠬᠤᠭᠤᠯᠠᠨ ᠬᠡᠷ ᠤᠨ ᠬᠤᠭᠤᠯᠠᠨ ᠤ ᠬᠡᠷᠡᠭᠰᠡᠯ  ᠢ ᠨᠠᠶᠢᠳᠠ ᠶᠢᠨ ᠰᠠᠪᠬ᠎ᠠ ᠪᠤᠯᠤᠨ ᠨᠠᠶᠢᠳᠠ ᠶᠢᠨ ᠬᠠᠯᠪᠠᠭ᠎ᠠ ᠪᠤᠯᠭᠠᠨ᠎ᠠ᠃    ᠬᠤᠶᠠᠷ᠂ ᠬᠤᠭᠤᠯᠠᠨ ᠬᠡᠷ ᠤᠨ ᠬᠤᠭᠤᠯᠠᠨ ᠤ  ᠰᠡᠪᠡ ᠬᠡᠷᠡᠭᠰᠡᠯ ᠢ  ᠬᠡᠷᠡᠭᠯᠡᠬᠦ ᠳᠡᠭᠡᠨ ᠨᠤᠭᠤᠭ᠎ᠠ ᠶᠢᠨ ᠫᠢᠯᠠ᠂ ᠫᠧᠩᠰᠠ᠂ ᠲᠤᠭᠤᠭ᠎ᠠ ᠵᠡᠷᠭᠡ ᠢᠳᠡᠬᠡᠨ ᠰᠠᠪᠠᠯᠠᠬᠤ ᠰᠡᠪᠡ ᠲᠡᠬᠡᠷ᠎ᠠ ᠨᠠᠶᠢᠳᠠ ᠶᠢᠨ ᠰᠠᠪᠬ᠎ᠠ ᠨᠠᠶᠢᠳᠠ ᠶᠢᠨ ᠬᠠᠯᠪᠠᠭ᠎ᠠ ᠲᠠᠯᠪᠢᠬᠤ ᠶᠢ ᠰᠠᠨᠠᠭᠠᠴᠢᠯᠠᠭ᠎ᠠ ᠲᠠᠢ ᠱᠠᠭᠠᠷᠳᠠᠨ᠎ᠠ᠃    ᠨᠠᠶᠢᠳᠠ ᠶᠢᠨ ᠰᠠᠪᠬ᠎ᠠ ᠶᠢ ᠵᠦᠪ ᠬᠡᠷᠡᠭᠯᠡᠬᠦ ᠳᠤ ᠲᠤᠤᠷᠡᠬᠢ 6 ᠲᠠᠯ᠎ᠠ ᠶᠢ ᠠᠩᠬᠠᠷᠤᠨ᠎ᠠ᠄    ᠨᠢᠬᠡ᠂ ᠨᠠᠶᠢᠳᠠ ᠶᠢᠨ ᠬᠠᠯᠪᠠᠭ᠎ᠠ ᠨᠠᠶᠢᠳᠠ ᠶᠢᠨ ᠰᠠᠪᠬ᠎ᠠ ᠶᠢ ᠬᠡᠷᠡᠭᠯᠡᠭᠰᠡᠨ ᠤ  ᠲᠠᠷᠠᠭ᠎ᠠ ᠤᠭ ᠤᠷᠤᠨ ᠳᠤᠨᠢ ᠪᠤᠴᠠᠭᠠᠨ᠎ᠠ᠃    ᠬᠤᠶᠠᠷ᠂ ᠨᠤᠭᠤᠭ᠎ᠠ ᠰᠠᠪᠬᠠᠯᠠᠬᠤ ᠳᠠᠭᠠᠨ ᠵᠤᠬᠢᠬᠤ ᠬᠡᠮᠵᠢᠶ᠎ᠠ ᠪᠠᠷ ᠠᠪᠴᠤ᠂  ᠢᠯᠡᠬᠦᠴᠠ ᠨᠤᠭᠤᠭ᠎ᠠ ᠶᠢ ᠫᠢᠯᠠ  ᠳᠤ ᠲᠠᠬᠢᠨ ᠪᠤᠴᠠᠭᠠᠵᠤ ᠪᠤᠯᠬᠤ ᠦᠬᠡᠢ᠃    ᠭᠤᠷᠪᠠ᠂ ᠫᠢᠯᠠ ᠲᠤᠳᠤᠷᠡᠬᠢ ᠦᠪᠡᠷ ᠤᠨ ᠪᠠᠶ᠎ᠠ ᠲᠠᠢ ᠤᠶᠢᠷᠬᠠᠨ ᠨᠤᠭᠤᠭ᠎ᠠ ᠶᠢ ᠰᠠᠪᠬᠠᠯᠠᠵᠤ᠂ ᠨᠤᠭᠤᠭ᠎ᠠ ᠶᠢ ᠲᠤᠷ᠎ᠠ ᠪᠠᠷ ᠢᠶᠠᠨ ᠤᠷᠪᠠᠭᠤᠯᠬᠤ ᠦᠬᠡᠢ᠃    ᠲᠦᠷᠪᠡ᠂ ᠨᠠᠶᠢᠳᠠ ᠶᠢᠨ ᠬᠠᠯᠪᠠᠭ᠎ᠠ ᠨᠠᠶᠢᠳᠠ ᠶᠢᠨ ᠰᠠᠪᠬ᠎ᠠ ᠶᠢ ᠨᠤᠭᠤᠭ᠎ᠠ ᠪᠤᠶᠤ ᠪᠤᠳᠠᠭᠠᠨ ᠳᠤ  ᠬᠠᠳᠬᠤᠵᠤ ᠤᠷᠤᠭᠤᠯᠬᠤ ᠦᠬᠡᠢ᠃    ᠲᠠᠪᠤ᠂ ᠨᠠᠶᠢᠳᠠ ᠶᠢᠨ ᠬᠠᠯᠪᠠᠭ᠎ᠠ ᠪᠠᠷ ᠱᠦᠯᠦ   ᠠᠶᠠᠭᠠᠯᠠᠬᠤ ᠳᠤ  ᠱᠦᠯᠦ ᠶᠢᠨ ᠪᠢᠯᠬᠠᠷᠠᠵᠤ ᠠᠰᠬᠠᠬᠤ ᠠᠴᠠ ᠰᠡᠷᠬᠡᠶᠢᠯᠡᠨ᠎ᠠ᠃    ᠵᠢᠷᠭᠤᠭ᠎ᠠ᠂ ᠬᠤᠭᠤᠯᠠᠨ ᠤ ᠲᠠᠷᠠᠭ᠎ᠠ ᠦᠯᠡᠳᠡᠭᠰᠡᠨ ᠢᠳᠡᠬᠡᠨ ᠢ  ᠴᠤᠬᠯᠠᠭᠤᠯᠬᠤ ᠳᠤ ᠨᠠᠶᠢᠳᠠ ᠶᠢᠨ ᠬᠠᠯᠪᠠᠭ᠎ᠠ ᠨᠠᠶᠢᠳᠠ ᠶᠢᠨ ᠰᠠᠪᠬ᠎ᠠ ᠶᠢ ᠬᠡᠷᠡᠭᠯᠡᠨ᠎ᠠ᠃    ᠬᠤᠭᠤᠯᠠᠨ ᠰᠢᠷᠡᠭᠡ ᠪᠤᠯᠭᠠᠨ ᠤ ᠲᠡᠬᠡᠷ᠎ᠠ ᠢᠯᠡᠬᠦᠦ ᠨᠢᠬᠡ ᠬᠤᠤᠰ ᠨᠠᠶᠢᠳᠠ ᠶᠢᠨ ᠰᠠᠪᠬ᠎ᠠ ᠲᠠᠯᠪᠢᠨ᠎ᠠ︔ ᠤᠯᠠᠨ ᠨᠠᠶᠢᠳᠠ ᠶᠢᠨ ᠢᠳᠡᠬᠡᠨ ᠤᠮᠳᠠᠭᠠᠨ ᠤ  ᠲᠠᠯᠠᠪᠤᠷ ᠲᠤ ᠰᠠᠨᠠᠭᠠᠴᠢᠯᠠᠭ᠎ᠠ ᠠᠴᠠ ᠪᠠᠨ ᠨᠠᠶᠢᠳᠠ ᠶᠢᠨ ᠰᠠᠪᠬ᠎ᠠ ᠠᠪᠤᠨ᠎ᠠ᠃  ᠪᠢᠳᠠ ᠤᠬᠠᠮᠰᠠᠷ ᠠᠴᠠ ᠪᠠᠨ ᠬᠦᠳᠡᠯᠦᠯᠴᠠᠵᠤ᠂ ᠬᠡᠯᠡᠨ ᠤ ᠦᠵᠦᠬᠦᠷ ᠤᠨ  ᠡᠷᠡᠬᠦᠯ ᠮᠠᠨᠳᠤ ᠪᠠᠨ ᠬᠠᠮᠳᠤ ᠪᠠᠷ ᠰᠠᠬᠢᠨ ᠬᠠᠮᠠᠭᠠᠯᠠᠶ᠎ᠠ᠃
 
ᠢᠷᠡᠯᠲᠡ᠄ ︽ᠦᠪᠦᠷ ᠮᠤᠩᠭᠤᠯ ᠤᠨ ᠰᠢᠨᠵᠢᠯᠡᠬᠦ ᠤᠬᠠᠭᠠᠨ ᠮᠡᠷᠭᠡᠵᠢᠯ︾ ᠰᠡᠳᠬᠦᠯ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号