ᠬᠤᠷᠤᠭᠤ ᠦᠬᠡᠢ ᠬᠠᠳᠬᠤᠮᠠᠯᠴᠢᠨ
ᠨᠡᠶᠢᠲᠡᠯᠡᠭᠰᠡᠨ ᠴᠠᠭ᠄
2021/7/29
   
     ᠵᠤᠨ ᠤ ᠨᠠᠷᠠ ᠵᠤᠯᠠᠢ ᠲᠦᠭᠡᠨᠡᠭᠰᠡᠨ ᠠᠭᠠᠬᠢᠮ᠎ᠠ ᠬᠠᠯᠠᠭᠤᠨ ᠡᠳᠦᠷ ᠪᠢᠳᠡ ᠨᠢᠭᠡᠨ ᠠᠶᠢᠯ ᠢ ᠵᠤᠷᠢᠵᠤ ᠬᠦᠷᠦᠯ᠎ᠠ᠃ ᠬᠦᠷᠢᠶᠠᠨ ᠳᠡᠭᠡᠨ ᠮᠤᠳᠤ ᠤᠷᠭᠤᠮᠠᠯ ᠲᠠᠢ᠂ ᠴᠡᠪᠡᠷ ᠴᠡᠮᠴᠡᠭᠡᠷ ᠭᠡᠷ ᠲᠡᠭᠡᠨ ᠠᠶ᠎ᠠ ᠲᠠᠭᠤᠤ ᠲᠠᠯᠪᠢᠬᠰᠠᠨ ᠰᠡᠷᠢᠭᠦᠨ ᠲᠤᠬᠢᠯᠠᠭ ᠡᠨᠡ ᠠᠶᠢᠯ ᠤᠨ ᠭᠡᠷ ᠠᠭᠠᠬᠢᠮ᠎ᠠ ᠬᠠᠯᠠᠭᠤᠨ ᠳᠤ ᠶᠠᠭᠠᠬᠢᠬᠤ ᠶᠢᠨ ᠠᠷᠭ᠎ᠠ ᠦᠬᠡᠢ ᠲᠠᠭᠠᠲᠠᠢ ᠰᠠᠨᠠᠬᠳᠠᠵᠤ᠂ ᠪᠠᠶ᠎ᠠ ᠰᠡᠳᠬᠢᠯ ᠤᠨ ᠴᠢᠯᠡᠭᠡ ᠶᠢ ᠲᠠᠶᠢᠯᠵᠤ ᠪᠢᠯᠠ᠃ ᠪᠡᠶ᠎ᠠ ᠳᠡᠭᠡᠨ ᠵᠤᠬᠢᠴᠠᠬᠰᠠᠨ ᠭᠤᠶᠤ ᠰᠠᠶᠢᠬᠠᠨ ᠬᠤᠪᠴᠠᠰᠤ ᠪᠠᠨ ᠡᠮᠦᠰᠦᠭᠰᠡᠨ ᠭᠡᠷ ᠤᠨ ᠡᠵᠡᠭᠲᠠᠢ᠂ ᠪᠢᠳᠡᠨ ᠲᠠᠢ ᠵᠤᠭᠤᠬᠳᠠᠬᠤ ᠶᠢᠨ ᠲᠠᠭᠠᠤ᠂ ᠪᠢᠳᠡᠨ ᠳᠤ ᠠᠶᠠᠭ᠎ᠠ ᠴᠠᠢ ᠠᠮᠳᠠᠳᠤ ᠢᠳᠡᠭᠡᠨ ᠢᠶᠠᠨ ᠵᠠᠰᠠᠵᠤ᠂ ᠰᠠᠭᠤᠵᠤ ᠪᠤᠰᠬᠤ ᠪᠠᠨ ᠠᠯᠳᠠᠯ ᠦᠬᠡᠢ ᠰᠠᠭᠤᠬᠰᠠᠨ ᠤᠷᠤ ᠪᠠᠨ ᠲᠡᠭᠰᠢᠯᠡᠨ᠎ᠠ᠃      ᠲᠡᠬᠦᠨ ᠢ ᠬᠡᠰᠢᠭᠲᠡᠢ ᠭᠡᠳᠡᠭ᠂ ᠠᠯᠠᠱᠠ ᠪᠠᠷᠠᠭᠤᠨ ᠬᠤᠰᠢᠭᠤᠨ ᠤ ᠮᠦᠡᠭᠬᠦᠨᠪᠤᠯᠠᠭ ᠰᠤᠮᠤᠨ ᠤ ᠰᠢᠯᠢᠨᠪᠤᠯᠠᠭ ᠭᠠᠴᠠᠭᠠᠨ ᠤ ᠤᠤᠭᠠᠯ᠃ ︽ᠶᠡᠬᠡᠴᠦᠦᠯ ᠤᠨ ᠬᠡᠯᠡᠬᠦ ᠪᠠᠷ ᠨᠠᠮᠠᠢᠢ ᠨᠢᠭᠡ ᠨᠠᠰᠤ ᠭᠠᠷᠤᠢ ᠲᠠᠢ ᠪᠠᠶᠢᠬᠤ ᠳᠤ ᠨᠠᠭᠠᠳᠤᠮ ᠢᠶᠠᠨ ᠭᠠᠯ ᠤᠷᠤᠭᠤ ᠠᠯᠳᠠᠵᠤ᠂ ᠭᠠᠯ ᠠᠴᠠ ᠨᠠᠭᠠᠳᠤᠮ ᠢᠶᠠᠨ ᠠᠪᠬᠤ ᠭᠡᠵᠤ ᠪᠠᠶᠢᠭᠠᠳ ᠭᠠᠷ ᠤᠨ ᠠᠷᠪᠠᠨ ᠬᠤᠷᠤᠭᠤ ᠪᠠᠨ ᠠᠯᠳᠠᠬᠰᠠᠨ ᠭᠡᠳᠡᠭ᠃ ᠶᠠᠭᠤ ᠴᠤ ᠭᠡᠰᠡᠨ ᠨᠠᠳᠠ ᠶᠢ ᠤᠬᠠᠭ᠎ᠠ ᠤᠷᠤᠬᠤ ᠳᠤ ᠡᠶᠢᠮᠦᠷᠬᠦ ᠪᠠᠶᠢᠬᠰᠠᠨ ᠠᠴᠠ ᠦᠪᠡᠷ ᠢᠶᠠᠨ ᠨᠢᠭᠡᠨᠳᠡ ᠲᠠᠰᠤᠬᠰᠠᠨ︾ ᠭᠡᠮᠡᠨ ᠲᠡᠷᠡ ᠭᠡᠨᠡᠨ ᠪᠠᠭ᠎ᠠ ᠨᠠᠰᠤᠨ ᠤ ᠶᠠᠪᠤᠳᠠᠯ ᠢᠶᠠᠨ ᠶᠠᠷᠢᠨ᠎ᠠ᠃ ᠡᠶᠢᠨᠬᠦ ᠭᠠᠷ ᠤᠨ ᠬᠤᠷᠤᠭᠤ ᠦᠬᠡᠢ ᠬᠦᠮᠦᠨ ᠡᠩ ᠤᠨ ᠬᠦᠮᠦᠨ ᠤ ᠬᠢᠳᠡᠭ ᠵᠦᠢᠯ ᠪᠦᠬᠦᠨ ᠢ ᠬᠢᠯᠠᠷᠠᠳᠠᠯ᠎ᠠ ᠬᠢᠳᠡᠭ ᠠᠴᠠ ᠭᠠᠳᠠᠨ᠎ᠠ᠂ ᠬᠠᠳᠬᠤᠮᠠᠯ ᠤᠨ ᠵᠦᠢᠯᠡᠰ ᠢ ᠴᠤ ᠭᠠᠷ ᠤᠨ ᠦᠵᠦᠬᠦᠷ ᠲᠡᠭᠡᠨ ᠬᠢᠳᠡᠭ ᠭᠡᠰᠡᠨ ᠢ ᠰᠤᠨᠤᠰᠤᠭᠠᠳ ᠰᠤᠨᠢᠭᠤᠴᠢᠯᠠᠵᠤ ᠬᠦᠷᠦᠭᠰᠡᠨ ᠨᠢ ᠡᠨᠡ ᠪᠢᠯᠡ᠃ ᠭᠡᠷ ᠲᠤᠨᠢ ᠡᠯ᠎ᠠ ᠵᠦᠢᠯ ᠤᠨ ᠭᠠᠷ ᠤᠷᠠᠯᠠᠯ ᠤᠨ ᠪᠦᠳᠦᠭᠡᠯ ᠲᠠᠯᠪᠢᠭᠠᠰᠤᠲᠠᠢ᠃ ᠲᠡᠷᠡ ᠬᠡᠵᠢᠶ᠎ᠠ ᠠᠴᠠ ᠡᠬᠢᠯᠡᠵᠤ ᠬᠠᠳᠬᠤᠮᠠᠯ ᠰᠤᠷᠤᠬᠰᠠᠨ ᠢᠶᠠᠨ ᠮᠠᠷᠳᠠᠬᠰᠠᠨ ᠪᠤᠯᠪᠠᠴᠤ ᠬᠠᠮᠤᠭ ᠠᠩᠬᠠᠨ ᠤ ᠪᠦᠳᠦᠭᠡᠯ ᠳᠡᠭᠡᠨ ᠬᠠᠶᠢᠷᠠᠲᠠᠢ ᠬᠦᠤ ᠶᠢᠨ ᠢᠶᠠᠨ ᠵᠢᠷᠤᠭ ᠢ ᠤᠷᠠᠯᠠᠵᠤ ᠭᠠᠷᠭᠠᠬᠰᠠᠨ ᠢᠶᠠᠨ ᠮᠠᠷᠳᠠᠭ᠎ᠠ ᠦᠬᠡᠢ᠃ ︽ᠬᠠᠳᠬᠤᠮᠠᠯ ᠨᠢ ᠪᠤᠰᠤᠳ ᠵᠦᠢᠯ ᠲᠠᠢ ᠠᠳᠠᠯᠢ ᠦᠬᠡᠢ᠂ ᠨᠡᠩ ᠢᠯᠡᠬᠦᠦ ᠲᠤᠳᠤᠭᠠᠳᠤ ᠰᠡᠳᠬᠢᠯ ᠤᠨ ᠲᠠᠶᠢᠪᠤᠡᠭ ᠪᠠᠶᠢᠳᠠᠯ ᠢ ᠱᠠᠭᠠᠷᠳᠠᠳᠠᠭ᠂ ᠦᠪᠡᠷ ᠢᠶᠠᠨ ᠡᠬᠢᠯᠡᠵᠤ ᠰᠤᠷᠬᠤ ᠳᠤ ᠬᠦᠴᠢᠷᠳᠡᠵᠤ ᠪᠠᠶᠢᠬᠰᠠᠨ᠂ ᠪᠠᠴᠢᠮᠳᠠᠵᠤ ᠪᠠᠶᠢᠬᠰᠠᠨ᠃ ᠭᠡᠬᠦ ᠳᠡᠭᠡᠨ ᠲᠡᠷᠡ ᠪᠦᠬᠦᠨ ᠢ ᠠᠶᠠᠯᠭᠤ ᠲᠠᠭᠤᠤ ᠪᠠᠷ ᠰᠢᠢᠳᠪᠦᠷᠢᠯᠡᠴᠢᠬᠡᠳᠡᠭ ᠪᠠᠶᠢᠬᠰᠠᠨ︾ ᠭᠡᠮᠡᠨ ᠲᠡᠷᠡ ᠢᠨᠢᠶᠠᠨ᠎ᠠ᠃ ᠡᠩ ᠤᠨ ᠬᠦᠮᠦᠰ ᠬᠦᠷᠳᠡᠯ᠎ᠠ ᠬᠠᠳᠬᠤᠮᠠᠯ ᠤᠨ ᠵᠦᠢᠯᠡᠰ ᠢ ᠬᠢᠬᠦ ᠳᠤ ᠮᠦᠷᠦᠢ ᠬᠠᠵᠠᠭᠠᠢ ᠤᠶᠤᠵᠤ ᠪᠠᠶᠢᠮᠠᠨ ᠰᠤᠷᠳᠠᠭ ᠪᠠᠶᠢᠬᠤ ᠳᠤ ᠲᠡᠬᠦᠨ ᠤ ᠢᠡᠭᠬᠢᠵᠤ ᠵᠦᠳᠡᠷᠡᠬᠦ ᠨᠢ ᠶᠠᠷᠢᠶᠠᠨ ᠦᠬᠡᠢ᠂ ᠬᠠᠷᠢᠨ ᠤᠶᠤᠬᠰᠠᠨ ᠪᠦᠳᠦᠭᠡᠭᠰᠡᠨ ᠭᠠᠷ ᠤᠷᠠᠯᠠᠯ ᠤᠨ ᠪᠦᠳᠦᠭᠡᠯ ᠪᠤᠯᠭᠠᠨ ᠨᠢ ᠮᠠᠰᠢ ᠭᠤᠶᠤ ᠪᠤᠯᠤᠬᠰᠠᠨ ᠨᠢ ᠲᠡᠬᠦᠨ ᠳᠤ ᠤᠷᠮᠠᠰᠢᠭᠤᠯᠤᠯ ᠪᠤᠯᠳᠠᠭ ᠪᠠᠶᠢᠨ᠎ᠠ᠃  
     ᠶᠠᠷᠢᠶᠠᠨ ᠲᠤᠮᠳᠠ᠂ ᠬᠠᠳᠬᠤᠮᠠᠯ ᠤᠨ ᠵᠦᠢᠯᠡᠰ ᠢ ᠬᠢᠬᠦ ᠨᠢ ᠵᠦᠪᠬᠡᠨ ᠲᠡᠭᠦᠨ ᠤ ᠠᠵᠢᠯ ᠤᠨ ᠴᠢᠯᠦᠭᠡ ᠵᠡᠪ ᠢᠶᠠᠷ ᠢᠶᠠᠨ ᠬᠢᠳᠡᠭ ᠵᠦᠢᠯᠡᠰ ᠪᠤᠯᠬᠤ ᠶᠢ ᠤᠢᠢᠯᠠᠭᠠᠵᠤ ᠪᠢᠯᠡ᠃ ᠨᠢᠯᠬ᠎ᠠ ᠪᠠᠭ᠎ᠠ ᠨᠠᠰᠤᠨ ᠳᠠᠭᠠᠨ ᠭᠠᠷ ᠤᠨ ᠠᠷᠪᠠᠨ ᠬᠤᠷᠤᠭᠤ ᠪᠠᠨ ᠠᠯᠳᠠᠬᠰᠠᠨ ᠠᠴᠠ ᠪᠤᠯᠵᠤ᠂ ᠭᠡᠷ ᠤᠨ ᠬᠦᠮᠦᠰ ᠨᠢ ᠲᠡᠬᠦᠨ ᠢ ᠰᠤᠷᠭᠠᠭᠤᠯᠢ ᠳᠤ ᠰᠠᠭᠤᠪᠠᠯ ᠪᠤᠰᠤᠳ ᠲᠤ ᠬᠠᠴᠢᠯᠠᠬᠳᠠᠬᠤ ᠠᠴᠠ ᠡᠮᠢᠶᠠᠵᠤ᠂ ᠰᠤᠶᠤᠯ ᠰᠤᠷᠭᠠᠭᠤᠯᠢ ᠶᠢᠨ ᠮᠦᠷ ᠬᠦᠬᠡᠬᠡᠯᠬᠡᠭᠰᠡᠨ ᠦᠬᠡᠢ᠂ ᠭᠡᠷ ᠵᠠᠭᠤᠷ᠎ᠠ ᠪᠠᠨ ᠪᠠᠶᠢᠵᠤ ᠪᠠᠶᠢᠭᠠᠳ 1998 ᠤᠨ ᠳᠤ ᠦᠪᠡᠷ ᠢᠶᠠᠨ ᠠᠵᠢᠯᠯᠠᠬᠤ ᠴᠢᠳᠠᠪᠤᠷᠢ ᠲᠠᠢ ᠪᠤᠯᠤᠬᠰᠠᠨ ᠢᠶᠠᠷ ᠬᠦᠳᠡᠭᠡ ᠭᠡᠷ ᠠᠴᠠ ᠪᠠᠨ ᠭᠠᠷᠴᠤ᠂ ᠠᠯᠠᠱᠠ ᠪᠠᠷᠠᠭᠤᠨ ᠬᠤᠰᠢᠭᠤᠨ ᠤ ᠲᠦᠪ ᠪᠠᠳᠠᠢ ᠶᠢᠨ ᠵᠢᠷᠠᠨ ︵ᠤᠤᠯ ᠤᠨ ᠡᠬᠢᠨᠬᠤᠳᠳᠤᠭ︶ ᠪᠠᠯᠭᠠᠰᠤᠨ ᠳᠤ ᠬᠦᠷᠴᠤ ᠠᠵᠢᠯ ᠡᠷᠢᠵᠡᠢ᠃ ᠲᠡᠷᠡ ᠤᠷᠢᠳ ᠬᠤᠵᠢᠳ ᠲᠤᠰᠤ ᠨᠡᠮᠡᠬᠦ ᠦᠷᠳᠡᠭᠡ᠂ ᠵᠢᠵᠢᠭ ᠲᠡᠯᠭᠡᠬᠦᠷ ᠡᠵᠡᠩᠨᠡᠬᠦ᠂ ᠬᠡᠤᠬᠡᠳ ᠬᠠᠷᠠᠬᠤ᠂ ᠡ᠊ᠡᠳᠠᠯ ᠦᠢᠯᠡᠰ ᠤᠨ ᠪᠠᠶᠢᠭᠤᠯᠭ᠎ᠠ ᠵᠡᠷᠭᠡ ᠭᠠᠵᠠᠷ ᠢᠶᠠᠷ ᠠᠵᠢᠯ ᠬᠢᠵᠤ᠂ ᠦᠪᠡᠷ ᠤᠨ ᠠᠮᠢᠳᠤᠷᠠᠯ ᠢᠶᠠᠨ ᠦᠭᠡᠳᠡ ᠲᠠᠳᠠᠵᠤ᠂ ᠠᠯᠢ ᠴᠢᠳᠠᠬᠤ ᠪᠠᠷ ᠵᠤᠯ ᠵᠢᠷᠭᠠᠯ ᠢ ᠪᠠᠶᠡᠨ ᠳᠡᠭᠡᠨ ᠡᠳ᠋ᠯᠡᠬᠦᠯᠬᠦ ᠶᠢ ᠬᠦᠰᠡᠨ᠂ ᠡᠨᠡ ᠲᠤᠮᠳᠠ ᠪᠠᠨ ᠲᠤᠭᠤᠢ ᠲᠡᠷᠭᠡ ᠤᠨᠤᠵᠤ ᠰᠤᠷᠬᠤ ᠵᠡᠷᠭᠡ ᠠᠮᠢᠳᠤᠷᠠᠯ ᠤᠨ ᠪᠠᠭ᠎ᠠ ᠰᠠᠭ᠎ᠠ ᠵᠦᠢᠯ ᠢᠶᠠᠨ ᠬᠢᠵᠤ ᠰᠤᠷᠴᠡᠢ᠃ ︽ᠲᠡᠷᠡ ᠦᠶ᠎ᠠ ᠳᠤ ᠮᠢᠨᠤ ᠨᠢᠬᠡ ᠰᠠᠶᠢᠨ ᠨᠠᠶᠢᠵᠠ ᠶᠢᠨ ᠮᠠᠨᠢ ᠡᠭᠡᠴᠢ ᠨᠢ ᠲᠤᠭᠤᠢ ᠲᠠᠢ ᠪᠠᠶᠢᠬᠰᠠᠨ᠂ ᠡᠭᠡᠴᠢ ᠨᠢ ᠠᠵᠢᠯ ᠢᠶᠠᠷ ᠭᠠᠳᠠᠬᠰᠢ ᠭᠠᠷᠤᠬᠰᠠᠨ ᠤ ᠲᠠᠷᠠᠭ᠎ᠠ ᠮᠠᠨ ᠤ ᠬᠦᠮᠦᠨ ᠦᠨᠦ ᠲᠤᠭᠤᠢ ᠶᠢ ᠨᠢ ᠤᠨᠤᠭᠠᠳ ᠮᠢᠨᠦ ᠠᠵᠢᠯᠯᠠᠳᠠᠭ ᠲᠤᠰᠤ ᠨᠠᠮᠠᠬᠦ ᠦᠷᠳᠡᠭᠡᠨ ᠳᠤ ᠬᠦᠷᠴᠦ ᠢᠷᠡᠯ᠎ᠠ᠂ ᠲᠡᠭᠡᠭᠡᠳ ᠮᠦᠨ ᠬᠠᠭᠠᠰ ᠴᠠᠭ ᠯᠠ ᠵᠢᠭᠠᠯᠭᠠᠭᠠᠳ ᠲᠤᠭᠤᠢ ᠤᠨᠤᠭᠠᠳ ᠰᠤᠷᠴᠢᠬᠠᠬᠰᠠᠨ ᠶᠤᠮ︾ ᠭᠡᠮᠡᠨ ᠲᠤᠬᠠᠢ ᠶᠢᠨ ᠦᠶ᠎ᠠ ᠪᠠᠨ ᠡᠷᠬᠢᠴᠡᠬᠦᠯᠦᠨ ᠬᠦᠬᠡᠷᠡᠬᠦ ᠶᠢᠨ ᠲᠠᠭᠠᠤ ︽ᠪᠢ ᠠᠮᠢᠳᠤᠷᠠᠯ ᠢᠶᠠᠨ ᠶᠡᠷᠦ ᠠᠴᠠ ᠭᠤᠯᠤᠳᠠᠭ ᠦᠬᠡᠢ᠂ ᠨᠡᠳᠡ ᠲᠠᠢ ᠲᠤᠬᠢᠶᠠᠯᠳᠤᠬᠰᠠᠨ ᠪᠦᠬᠦᠨ ᠳᠤ ᠲᠠᠯᠠᠷᠬᠠᠵᠤ᠂ ᠨᠡᠳᠡ ᠳᠤ ᠲᠤᠬᠢᠷᠠᠬᠰᠠᠨ ᠠᠵᠢᠯ ᠪᠦᠬᠦᠨ ᠢ ᠲᠤᠷᠰᠢᠨ ᠬᠢᠵᠤ᠂ ᠠᠵᠠ ᠵᠢᠷᠭᠠᠯ ᠲᠠᠢ ᠠᠮᠢᠳᠤᠷᠠᠳᠠᠭ᠂ ᠦᠪᠡᠷ ᠢᠶᠠᠨ ᠴᠤ ᠶᠠᠭᠤᠮ᠎ᠠ ᠠᠮᠠᠷᠬᠠᠨ ᠰᠤᠷᠴᠤ᠂ ᠤᠳᠤ ᠲᠡᠷᠭᠡ ᠮᠠᠰᠢᠨ ᠪᠦᠷ ᠵᠢᠯᠤᠭᠤᠳᠴᠤ ᠴᠢᠳᠠᠳᠠᠭ ᠪᠤᠯᠤᠬᠰᠠᠨ︾ ᠭᠡᠵᠤ ᠬᠡᠰᠢᠭᠲᠡᠢ ᠶᠠᠷᠢᠨ᠎ᠠ᠃     ᠬᠡᠨ ᠬᠦᠮᠦᠨ ᠳᠤ ᠴᠤ ᠭᠡᠰᠡᠨ ᠪᠦᠷ ᠵᠤᠪᠠᠵᠤ ᠵᠦᠳᠡᠷᠡᠬᠦ ᠵᠦᠢᠯ᠂ ᠪᠠᠶᠠᠷᠯᠠᠵᠤ ᠴᠡᠩᠬᠡᠬᠦ ᠬᠤᠪᠢ ᠲᠠᠪᠢᠯᠠᠩ ᠪᠠᠶᠢᠳᠠᠭ᠃ ᠲᠡᠷᠡ ᠪᠦᠬᠦᠨ ᠢᠶᠠᠨ ᠬᠡᠷᠬᠢᠨ ᠵᠤᠬᠢᠴᠠᠭᠤᠯᠤᠨ᠎ᠠ ᠭᠡᠳᠡᠭ ᠨᠢ ᠦᠪᠡᠷ ᠤᠨ ᠬᠢᠨᠢ ᠤᠶᠤᠨ ᠤᠬᠠᠭᠠᠨ ᠳᠤ ᠲᠦᠰᠢᠭᠯᠡᠵᠤ ᠲᠠᠭᠠᠷᠠᠨ᠎ᠠ᠃ ᠬᠡᠰᠢᠭᠲᠡᠢ ᠠᠮᠢᠳᠤᠷᠠᠯ ᠤᠨ ᠠᠯᠢᠪᠠ ᠪᠦᠬᠦᠨ ᠳᠤ ᠰᠡᠳᠬᠢᠯ ᠲᠡᠨᠢᠬᠦᠨ ᠬᠠᠨᠳᠤᠵᠤ᠂ ᠪᠠᠴᠢᠮᠳᠠᠵᠤ ᠰᠠᠨᠳᠤᠷᠬᠤ ᠵᠦᠢᠯᠡᠰ ᠪᠠᠶᠢᠪᠠᠯ ᠠᠶᠠᠯᠭᠤ ᠲᠠᠭᠤᠤ ᠪᠠᠷ ᠰᠡᠳᠬᠢᠯ ᠢᠶᠠᠨ ᠲᠠᠶᠢᠪᠤᠰᠢᠷᠠᠭᠤᠯᠳᠠᠭ ᠪᠠᠶᠢᠨ᠎ᠠ᠃ ᠡᠬᠦᠨ ᠢᠶᠠᠷ ᠪᠠᠷᠠᠬᠤ ᠦᠬᠡᠢ ᠤᠯᠠᠨ ᠤᠳᠠᠭ᠎ᠠ ᠲᠠᠶᠢᠰᠠᠨ᠎ᠠ ᠵᠠᠯᠠᠬᠳᠠᠵᠤ ᠡᠵᠢ ᠠᠴᠠ ᠵᠠᠶᠠᠭᠠᠬᠰᠠᠨ ᠤᠷᠠᠨ ᠬᠤᠭᠤᠯᠠᠢ ᠪᠠᠷ ᠢᠶᠠᠨ ᠠᠶ᠎ᠠ ᠲᠡᠭᠤᠤ ᠪᠠᠨ ᠡᠷᠬᠦᠵᠤ᠂ ᠤᠯᠠᠨ ᠲᠦᠮᠡᠨ ᠢ ᠪᠠᠶᠠᠰᠬᠠᠵᠤ᠂ ᠮᠦᠨ ᠴᠤ ᠮᠠᠰᠢ ᠤᠯᠠᠨ ᠱᠠᠩᠨᠠᠯ ᠬᠦᠬᠢᠬᠦᠯᠦᠯ ᠢᠶᠠᠷ ᠡᠩᠬᠢᠷ ᠢᠶᠠᠨ ᠮᠢᠯᠢᠶᠠᠯᠭᠠᠵᠦ ᠢᠷᠡᠵᠡᠢ᠃ ᠲᠡᠷᠡ ᠤᠳᠤ ᠪᠠᠶᠠᠨ ᠲᠠᠩᠰᠤᠭ ᠪᠢᠰᠢ ᠴᠤ ᠰᠡᠳᠬᠢᠯ ᠲᠠᠨᠢᠬᠦᠨ ᠠᠮᠢᠳᠤᠷᠠᠯ ᠢᠶᠠᠨ ᠠᠵᠠ ᠵᠢᠷᠭᠠᠯ ᠲᠠᠢ ᠴᠤᠬᠴᠠᠯᠠᠵᠤ ᠶᠠᠪᠤᠨᠠᠮ᠃
 
ᠢᠷᠡᠯᠲᠡ᠄ ᠠᠯᠠᠱᠨ ᠶᠢᠨ ᠡᠲᠤᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号