ᠠᠮᠳᠠᠳᠠᠢ ᠪᠣᠭᠤᠷᠰᠤᠭ ᠢᠶᠠᠷ ᠢᠶᠠᠨ ᠤᠯᠠᠨ᠎ᠠ ᠲᠠᠨᠢᠬᠳᠠᠬᠰᠠᠨ ᠮᠠᠯᠴᠢᠨ ᠡᠵᠢ
ᠨᠡᠶᠢᠲᠡᠯᠡᠭᠰᠡᠨ ᠴᠠᠭ᠄
2021/7/28
     
     ᠣᠶᠢᠷ᠎ᠠ ᠶᠢᠨ ᠡᠳᠣᠷ ᠲᠤ ᠳᠡᠭᠷᠢ ᠪᠦᠭᠴᠢᠮ᠎ᠡ ᠬᠠᠯᠠᠭᠤᠨ ᠪᠣᠯᠵᠣ ᠵᠠᠷᠢᠮ ᠭᠠᠵᠠᠷ ᠤᠨ ᠠᠭᠠᠷ ᠤᠨ ᠳᠣᠯᠠᠭᠠᠨ ᠤ ᠭᠡᠮᠵᠢᠶ᠎ᠡ ᠳᠦᠴᠢᠨ ᠭᠷᠠᠳᠦ᠋ᠰ ᠢ ᠳᠠᠪᠠᠪᠠ᠃ ᠬᠦᠮᠦᠰ ᠬᠠᠯᠠᠭᠤᠴᠠᠭᠠᠳ ᠨᠢᠭᠡ ᠭᠡᠮᠵᠢᠶᠡᠨ ᠳᠤ ᠬᠦᠷᠴᠣ᠂ ᠶᠠᠮᠠᠷ ᠬᠤᠭᠤᠯᠠ ᠣᠮᠳᠠ ᠬᠢᠵᠣ ᠢᠳᠡᠬᠦ ᠪᠠᠨ ᠣᠯᠬᠤ ᠦᠭᠡᠢ ᠵᠣᠪᠠᠵᠣ ᠪᠠᠶᠢᠬᠤ ᠳᠤ᠂ ᠸᠢᠴᠠᠲ ᠤᠨ ᠨᠠᠶᠢᠵᠠ ᠶᠢᠨ ᠳᠣᠭᠤᠷᠢᠭ ᠲᠤ ᠮᠠᠯᠴᠢᠨ ᠡᠵᠢ ᠶᠢᠨ ᠬᠢᠭᠰᠡᠨ ᠳᠦᠷᠪᠡ ᠳᠠᠪᠣᠨ ᠬᠤᠷᠣᠭᠤ ᠬᠢᠷᠢ ᠵᠣᠵᠠᠭᠠᠨ ᠳᠣᠭᠤᠢ ᠪᠣᠭᠤᠷᠰᠤᠭ ᠤᠨ ᠵᠢᠷᠤᠭ ᠶᠡᠬᠡᠪᠡᠷ ᠰᠠᠴᠣᠭᠳᠠᠵᠣ᠂ ᠪᠠᠶᠠᠨᠬᠤᠳᠠ ᠶᠢᠨ ᠬᠦᠮᠣᠰ ᠤᠨ ᠪᠣᠯᠢᠶᠠᠯᠳᠣᠨ ᠠᠪᠬᠤ ᠪᠡᠯᠡᠨ ᠬᠤᠭᠤᠯᠠ ᠶᠢᠨ ᠨᠢᠭᠡ ᠪᠣᠯᠣᠭᠰᠠᠨ ᠪᠠᠶᠢᠨ᠎ᠠ᠃ ᠬᠦᠳᠡᠭᠡ ᠶᠢᠨ ᠮᠠᠯᠴᠢᠨ ᠤ ᠬᠢᠭᠰᠡᠨ ᠪᠣᠣᠪᠤ ᠶᠠᠭᠠᠬᠢᠭᠠᠳ ᠬᠦᠮᠣᠰ ᠲᠤ ᠬᠦᠷᠢᠶᠡᠯᠡᠭᠳᠡᠵᠣ ᠪᠠᠶᠢᠭ᠎ᠠ ᠪᠤᠯ︖      ᠡᠨᠡᠬᠦ ᠪᠣᠭᠤᠷᠰᠤᠭ ᠬᠢᠵᠣ ᠬᠤᠳᠠᠯᠳᠣᠵᠣ ᠪᠠᠶᠢᠭ᠎ᠠ ᠬᠢᠵᠢᠶᠡᠯᠢ ᠨᠠᠰᠤᠨ ᠤ ᠪᠦᠰᠡᠬᠦᠢ ᠶᠢ ᠰᠡᠴᠡᠨᠬᠡᠷᠡᠯ ᠭᠡᠳᠡᠭ᠃ ᠠᠯᠠᠱᠠ ᠪᠠᠷᠠᠭᠤᠨ ᠬᠤᠰᠢᠭᠤᠨ ᠤ ᠠᠯᠳ᠋ᠬᠠᠣᠪᠣᠭ᠎ᠠ ᠪᠠᠯᠭᠠᠰᠣᠨ ᠤ ᠵᠡᠯᠡᠪᠦ᠋ᠭᠡᠷᠢᠭ ᠭᠠᠴᠠᠭᠠᠨ ᠤ ᠮᠠᠯᠴᠢᠨ᠃ ᠵᠣᠨ ᠤ ᠵᠢᠷᠭᠤᠭ᠎ᠠ ᠳᠣᠯᠣᠭᠠᠨ ᠰᠠᠷ᠎ᠠ ᠶᠢᠨ ᠦᠶ᠎ᠡ ᠨᠢ ᠮᠠᠯᠵᠢᠯ ᠤᠨ ᠬᠠᠮᠤᠭ ᠤᠨ ᠠᠮᠣᠷ ᠰᠡᠯᠡᠬᠦᠨ ᠴᠠᠭ ᠪᠣᠯᠬᠤᠷ ᠡᠪᠦᠭᠡᠨ ᠨᠢ ᠭᠡᠷ ᠲᠡᠭᠡᠨ ᠮᠠᠯ ᠢᠶᠠᠨ ᠬᠠᠷᠠᠵᠣ᠂ ᠰᠡᠴᠡᠨᠬᠡᠷᠡᠯ ᠬᠤᠳᠠ ᠳᠤ ᠣᠷᠣᠵᠣ ᠣᠮᠪᠣᠯᠣ ᠪᠠᠨ ᠬᠠᠷᠠᠬᠤ ᠵᠠᠭᠤᠷ᠎ᠠ ᠪᠠᠨ ᠵᠣᠵᠠᠭᠠᠨ ᠳᠣᠭᠤᠢ ᠪᠣᠭᠤᠷᠰᠤᠭ ᠬᠢᠵᠣ ᠪᠣᠷᠣᠯᠠᠭᠤᠯᠣᠭᠠᠳ ᠠᠰᠢᠭ ᠣᠷᠣᠯᠭ᠎ᠠ ᠡᠬᠦᠳᠴᠣ ᠪᠠᠶᠢᠭ᠎ᠠ ᠠᠵᠢ᠃      ᠰᠡᠴᠡᠨᠬᠡᠷᠡᠯ ᠪᠠᠶᠠᠨᠬᠤᠳᠠ ᠶᠢᠨ ᠵᠢᠶᠡᠨ ᠺᠠᠩ ᠬᠤᠸᠠ ᠶᠤᠸᠠᠨ ᠰᠠᠭᠤᠭᠠᠯᠢ ᠳᠣᠭᠤᠷᠢᠭ ᠲᠤ ᠰᠠᠭᠤᠳᠠᠭ᠃ ᠴᠣᠩᠬᠤᠨ ᠤ ᠬᠢᠨᠢ ᠳᠣᠣᠭᠤᠷ ᠦᠩᠭᠡᠷᠡᠬᠦ ᠳᠤ ᠪᠣᠭᠤᠷᠰᠤᠭ ᠤᠨ ᠰᠠᠶᠢᠬᠠᠨ ᠦᠨᠣᠷ ᠠᠩᠭᠢᠯᠣᠨ᠂ ᠰᠢᠯᠣᠰᠣ ᠬᠤᠷᠠᠭᠤᠯᠣᠨ ᠬᠤᠷᠣᠬᠠᠢ ᠬᠦᠳᠡᠯᠭᠡᠬᠦ ᠶᠤᠮ ᠪᠢᠯᠡ᠃ ᠳᠡᠷᠡ᠄ ︽ᠪᠢ ᠬᠦᠳᠡᠭᠡ ᠭᠡᠷ ᠲᠡᠭᠡᠨ ᠠᠷᠭᠠᠯ ᠢᠶᠠᠨ ᠳᠦᠯᠡᠵᠣ ᠰᠢᠷᠠᠮᠣᠨ ᠳᠣᠭᠤᠭᠠᠨ ᠳᠤ ᠪᠣᠣᠪᠤ ᠪᠣᠭᠤᠷᠰᠤᠭ ᠢᠶᠠᠨ ᠬᠢᠳᠡᠭ ᠪᠠᠶᠢᠭᠰᠠᠨ᠃ ᠭᠡᠣᠭᠡᠳ ᠤᠳ ᠭᠠᠷᠠᠭ ᠤᠨ ᠰᠡᠬᠦᠯᠴᠢ ᠶᠢᠨ ᠠᠮᠠᠷᠠᠯᠳᠠ ᠪᠠᠷ ᠬᠦᠳᠡᠭᠡ ᠪᠠᠨ ᠬᠠᠷᠢᠵᠣ ᠢᠷᠡᠬᠦ ᠳᠤ ᠠᠷᠪᠠᠭᠠᠳ ᠪᠣᠭᠤᠷᠰᠤᠭ ᠬᠢᠭᠡᠳ ᠬᠤᠳᠠ ᠳᠤ ᠠᠪᠠᠴᠢᠵᠣ ᠬᠤᠳᠠᠯᠳᠣᠭᠤᠯᠣᠭᠰᠠᠨ ᠴᠢᠨᠢ ᠰᠠᠨᠠᠭᠰᠠᠨ ᠠᠴᠠ ᠭᠠᠳᠠᠭᠤᠷ ᠭᠠᠶᠢᠭᠤᠢ ᠰᠠᠶᠢᠨ ᠪᠣᠷᠣᠯᠠᠭᠤᠯᠣᠭᠳᠠᠯ᠎ᠠ᠃ ᠣᠷᠴᠢᠮ ᠬᠦᠳᠡᠭᠡ ᠳᠤ ᠣᠨᠴᠠᠭᠠᠢ ᠬᠢᠭᠡᠳ ᠪᠠᠶᠢᠮᠠᠷ ᠠᠷᠪᠢᠨ ᠠᠵᠢᠯ ᠦᠭᠡᠢ ᠪᠣᠯᠬᠤᠷ ᠬᠤᠳᠠ ᠳᠤ ᠢᠷᠡᠵᠣ ᠣᠮᠪᠣᠯᠣ ᠪᠠᠨ ᠬᠠᠷᠠᠵᠣ ᠰᠠᠭᠤᠯ᠎ᠠ᠃ ᠳᠡᠭᠡᠭᠡᠳ ᠪᠠᠭ᠎ᠠ ᠠᠴᠠ ᠪᠠᠨ ᠬᠢᠵᠣ ᠰᠣᠷᠣᠭᠰᠠᠨ ᠪᠣᠭᠤᠷᠰᠤᠭ ᠢᠶᠠᠨ ᠬᠤᠳᠠ ᠶᠢᠨ ᠭᠠᠯ ᠳᠡᠭᠡᠷ᠎ᠠ ᠳᠣᠷᠰᠢᠨ ᠬᠢᠭᠡᠳ ᠠᠮᠵᠢᠯᠳᠠ ᠲᠠᠢ ᠰᠠᠶᠢᠬᠠᠨ ᠪᠣᠯᠪᠠ᠃ ᠡᠨᠡᠬᠦ ᠪᠣᠣᠪᠤ ᠶᠢ ᠬᠢᠬᠦ ᠳᠤ ᠭᠠᠯ ᠳᠠᠭᠠᠷᠠᠭᠤᠯᠬᠤ ᠭᠡᠭᠴᠢ ᠶᠡᠭᠡ ᠠᠩᠬᠠᠷᠬᠤ ᠠᠵᠢᠯ ᠪᠠᠶᠢᠭ᠎ᠠ ᠶᠤᠮ᠃ ᠡᠳᠣᠷ ᠢᠶᠠᠷ ᠨᠡᠯᠢᠶᠡᠳ ᠪᠣᠭᠤᠷᠰᠤᠭ ᠬᠢᠭᠡᠳ ᠬᠤᠳᠠᠯᠳᠣᠳᠠᠭ᠃ ᠣᠯᠠᠮᠵᠢᠯᠠᠯᠳᠣ ᠪᠣᠭᠤᠷᠰᠤᠭ ᠬᠢᠬᠦ ᠠᠷᠭ᠎ᠠ ᠪᠠᠷ ᠬᠢᠭᠰᠡᠨ ᠤ ᠬᠢ ᠪᠢᠵᠠ᠂ ᠬᠦᠮᠣᠰ ᠲᠤ ᠶᠡᠭᠡ ᠳᠠᠭᠠᠰᠢᠶᠠᠭᠳᠠᠵᠣ ᠪᠠᠶᠢᠨ᠎ᠠ᠃ ᠸᠢᠴᠠᠲ ᠤᠨ ᠨᠠᠶᠢᠵᠠ ᠶᠢᠨ ᠳᠣᠭᠤᠷᠢᠭ ᠲᠤ ᠶᠡᠭᠡ ᠳᠠᠷᠬᠠᠵᠣ ᠪᠠᠶᠢᠭ᠎ᠠ ᠶᠢ ᠬᠠᠷᠠᠭᠠᠳ ᠪᠠᠶᠠᠷᠯᠠᠵᠣ ᠡᠨᠡᠬᠦ ᠪᠣᠭᠤᠷᠰᠤᠭ ᠢᠶᠠᠨ 10 ᠰᠠᠷ᠎ᠠ ᠪᠣᠯᠳᠠᠯ᠎ᠠ ᠬᠢᠵᠣ ᠪᠣᠷᠣᠯᠠᠭᠤᠯᠬᠤ ᠪᠠᠷ ᠳᠦᠰᠦᠪᠯᠡᠵᠣ ᠪᠠᠶᠢᠨ᠎ᠠ︾ ᠭᠡᠵᠣ ᠪᠠᠶᠠᠷᠯᠠᠨ ᠶᠠᠷᠢᠵᠣ ᠪᠠᠶᠢᠯ᠎ᠠ᠃       ᠪᠠᠶᠠᠨᠬᠤᠳᠠ ᠶᠢᠨ ᠰᠠᠭᠤᠭᠠᠯᠢ ᠠᠷᠠᠳ ᠬᠤᠸᠠᠷ ᠪᠣᠭᠤᠷᠰᠤᠭ ᠬᠤᠳᠠᠯᠳᠣᠨ ᠠᠪᠬᠤ ᠶᠢᠨ ᠳᠠᠭᠠᠣ ᠳᠤ᠄ ︽ᠡᠨᠡ ᠵᠣᠨ ᠤ ᠬᠠᠯᠠᠭᠤᠨ ᠳᠤ ᠪᠣᠭᠤᠷᠰᠤᠭ ᠬᠢᠭᠡᠳ ᠭᠠᠯ ᠤᠨ ᠢᠯᠴᠢᠨ ᠳᠤ ᠬᠠᠯᠠᠵᠣ ᠰᠠᠭᠤᠬᠤ ᠭᠡᠭᠴᠢ ᠦᠨᠡᠭᠡᠷ ᠠᠮᠠᠷ ᠦᠭᠡᠢ᠂ ᠰᠡᠴᠡᠨᠬᠡᠷᠡᠯ ᠤᠨ ᠬᠢᠭᠰᠡᠨ ᠳᠦᠷᠪᠡ ᠳᠠᠪᠣᠨ ᠬᠤᠷᠣᠭᠤ ᠬᠢᠷᠢᠳᠡᠢ ᠵᠣᠵᠠᠭᠠᠨ ᠪᠣᠭᠤᠷᠰᠤᠭ ᠨᠢ ᠣᠨᠴᠠᠭᠠᠢ ᠠᠮᠳᠠᠳᠠᠢ ᠮᠦᠷᠳᠡᠭᠡᠨ ᠪᠠᠶᠠᠨᠬᠤᠳᠠ ᠳᠤ ᠦᠭᠡᠷ᠎ᠠ ᠪᠠᠶᠢᠬᠤ ᠦᠭᠡᠢ᠃ ᠡᠩ ᠤᠨ ᠳᠣᠭᠤᠢ ᠪᠣᠭᠤᠷᠰᠤᠭ ᠤᠨ ᠬᠤᠶᠠᠷ ᠳᠠᠬᠢᠨ ᠶᠡᠭᠡ ᠪᠠᠶᠢᠳᠠᠭ᠃ ᠭᠡᠳᠦ᠋ᠢᠪᠡᠷ 35 ᠳᠦᠬᠦᠷᠢᠭ ᠢᠶᠠᠷ ᠬᠤᠳᠠᠯᠳᠣᠵᠣ ᠪᠠᠶᠢᠪᠠᠴᠣ ᠨᠢᠭᠡ ᠪᠣᠭᠤᠷᠰᠤᠭ ᠢ ᠬᠢᠬᠦ ᠳᠤ ᠳᠦᠷᠪᠡᠨ ᠵᠢᠩ ᠭᠤᠯᠢᠷ ᠭᠡᠷᠡᠭᠯᠡᠵᠣ ᠪᠠᠶᠢᠬᠤ ᠠᠴᠠ ᠨᠢ ᠠᠪᠴᠣ ᠭᠡᠯᠡᠪᠡᠯ ᠦᠨ᠎ᠡ ᠳᠡᠭᠡᠨ ᠵᠣᠬᠢᠴᠠᠭᠰᠠᠨ ᠠᠷᠠᠯᠵᠢᠶ᠎ᠠ ᠪᠠᠶᠢᠭ᠎ᠠ ᠶᠤᠮ᠃ ᠬᠦᠮᠣᠨ ᠴᠦᠭᠡᠨᠳᠡᠢ ᠠᠶᠢᠯ ᠳᠤ ᠠᠪᠴᠣ ᠭᠡᠯᠡᠪᠡᠯ ᠨᠢᠭᠡ ᠭᠠᠷᠠᠭ ᠢᠳᠡᠭᠡᠳ ᠬᠦᠢᠴᠡᠴᠢᠭᠡᠨ᠎ᠡ᠃ ᠣᠨᠴᠠᠭᠠᠶᠢᠯᠠᠨ ᠡᠨᠡ ᠬᠠᠯᠠᠭᠤᠨ ᠳᠤ ᠠᠶᠢᠷᠠᠭ ᠪᠣᠶᠣ ᠳᠠᠷᠪᠣᠰ ᠲᠠᠢ ᠬᠤᠯᠢᠭᠠᠳ ᠢᠳᠡᠪᠡᠯ ᠮᠠᠰᠢ ᠠᠮᠳᠠᠳᠠᠢ᠂ ᠭᠡᠣᠭᠡᠳ ᠤᠳ ᠪᠦᠷ ᠰᠢᠬᠢᠷ᠂ ᠵᠢᠮᠢᠰ ᠤᠨ ᠡᠭᠡᠳᠡᠩ ᠳᠦᠷᠬᠢᠵᠣ ᠣᠯᠠᠨ ᠶᠠᠩᠵᠣ ᠪᠠᠷ ᠢᠳᠡᠬᠦ ᠶᠤᠮ︾ ᠭᠡᠵᠣ ᠶᠠᠷᠢᠨ᠎ᠠ᠃      ᠰᠡᠴᠡᠨᠬᠡᠷᠡᠯ ᠦᠷᠯᠦᠭᠡ ᠡᠷᠳᠡ ᠶᠢᠨ ᠳᠠᠪᠣᠨ ᠴᠠᠭ ᠭᠠᠷᠦᠢ ᠠᠴᠠ ᠣᠷᠦᠢ ᠶᠢᠨ ᠵᠢᠷᠭᠤᠭᠠᠨ ᠴᠠᠭ ᠪᠣᠯᠳᠠᠯ᠎ᠠ ᠬᠤᠶᠠᠷ ᠰᠢᠷᠡᠮᠣᠨ ᠳᠣᠭᠤᠭᠠᠨ ᠳᠤ ᠵᠡᠷᠭᠡᠪᠡᠷ ᠪᠣᠭᠤᠷᠰᠤᠭ ᠢᠶᠠᠨ ᠬᠢᠵᠣ ᠶᠠᠭᠠᠷᠠᠯᠳᠠᠢ ᠠᠵᠢᠯᠯᠠᠨ᠎ᠠ᠃ ᠪᠣᠭᠤᠷᠰᠤᠭ ᠲᠠᠭᠠᠨ ᠦᠨᠳᠡᠭᠡ᠂ ᠰᠢᠬᠢᠷ᠂ ᠰᠣᠳᠠ᠂ ᠬᠠᠷ᠎ᠠ ᠳᠣᠰᠣ ᠶᠢ ᠬᠤᠯᠢᠵᠣ ᠠᠮᠳᠠ ᠣᠷᠣᠭᠤᠯᠳᠠᠭ ᠣᠴᠢᠷ ᠠᠴᠠ ᠴᠠᠭᠠᠨ᠎ᠠ ᠪᠠᠨ ᠰᠠᠶᠢᠬᠠᠨ ᠠᠮᠳᠠᠳᠠᠢ ᠪᠠᠶᠢᠳᠠᠭ ᠪᠣᠯᠬᠤᠷ ᠨᠢᠭᠡ ᠠᠴᠠ ᠬᠤᠶᠠᠷ᠂ ᠳᠠᠪᠤ ᠠᠴᠠ ᠠᠷᠪᠠ ᠭᠡᠬᠦ ᠮᠡᠳᠦᠴᠢᠯᠡᠨ ᠠᠮᠠ ᠳᠠᠮᠵᠢᠭᠳᠠᠨ ᠶᠠᠷᠢᠭᠳᠠᠭᠰᠠᠭᠠᠷ ᠣᠯᠠᠨ ᠳᠤ ᠮᠡᠳᠡᠷᠡᠭᠳᠡᠵᠣ ᠪᠠᠶᠠᠨᠬᠤᠳᠠ ᠳᠠᠭᠠᠨ ᠨᠡᠯᠢᠶᠡᠳ ᠨᠠᠷ᠎ᠠ ᠲᠠᠢ ᠪᠣᠭᠤᠷᠰᠤᠭ ᠤᠨ ᠬᠤᠳᠠᠯᠳᠤᠭ᠎ᠠ ᠪᠣᠯᠣᠨ ᠬᠦᠭᠵᠢᠵᠣ᠂ ᠲᠡᠷᠡ ᠮᠠᠨᠢ ᠣᠳᠣ ᠵᠠᠬᠢᠶᠠᠯᠠᠭ᠎ᠠ ᠪᠠᠨ ᠬᠦᠢᠴᠡᠭᠡᠵᠣ ᠴᠢᠳᠠᠬᠤ ᠦᠭᠡᠢ ᠭᠡᠮᠵᠢᠶᠡᠨ ᠳᠤ ᠬᠦᠷᠴᠣ ᠡᠳᠣᠷᠵᠢᠨ ᠶᠠᠭᠠᠷᠠᠵᠣ ᠪᠠᠶᠢᠨ᠎ᠠ᠃
 
ᠢᠷᠡᠯᠲᠡ᠄ ᠠᠯᠠᠱᠠ ᠶᠢᠨ ᠡᠳᠦᠷ ᠤᠨ ᠰᠦ᠋‌‍ᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号