ᠬᠡᠷᠪᠡ ᠲᠠ ᠦᠪᠡᠷ ᠢ ᠪᠠᠨ ᠵᠠᠯᠠᠭᠤ ᠨᠠᠰᠤᠨ ᠳᠠᠭᠠᠨ ᠪᠤᠭᠤᠷᠤᠯᠳᠤᠭᠰᠠᠨ ᠴᠤᠷ ᠤᠨ ᠭᠠᠭᠴᠠ ᠬᠦᠮᠦᠨ ᠬᠡᠵᠦ | ᠪᠤᠳᠤᠵᠤ ᠪᠠᠶᠢᠪᠠᠯ ᠡ᠊ᠨᠳᠡᠬᠦᠷᠡᠯ ᠶᠤᠮ᠃ ᠡᠷᠳᠡ ᠪᠤᠭᠤᠷᠤᠯᠳᠤᠬᠤ ᠨᠢ ᠨᠡᠶᠢᠳᠡᠯᠢᠭ ᠵᠦᠢᠯ ᠪᠦᠬᠡᠳ ᠵᠠᠷᠢᠮ | ᠲᠤᠬᠢᠶᠠᠯᠳᠤᠯ ᠳᠤ ᠲᠤᠲᠤᠷᠬᠠᠢ ᠨᠢᠬᠡᠨ ᠡᠪᠡᠳᠴᠢᠨ ᠤ ᠰᠢᠨᠵᠢ ᠲᠡᠮᠳᠡᠭ ᠪᠠᠶᠢᠵᠤ ᠮᠡᠳᠡᠨ᠎ᠠ᠃ | 1᠂ ᠲᠠᠨ ᠳᠤ ᠸᠢᠲ᠋ᠠᠮᠢᠨ B12 ᠲᠤᠳᠠᠭᠳᠠᠭᠰᠠᠨ ᠪᠠᠶᠢᠵᠤ ᠪᠤᠯᠵᠤᠰᠢ ᠦᠬᠡᠢ ᠰᠢᠨᠵᠢᠬᠡᠴᠢᠳ ᠤᠨ ᠦᠵᠡᠬᠦ ᠪᠠᠷ | ᠂ ᠸᠢᠲ᠋ᠠᠮᠢᠨ B12 ᠤᠨ ᠲᠤᠳᠠᠭᠳᠠᠯ ᠡᠷᠳᠡ ᠪᠤᠭᠤᠷᠤᠯ ᠦᠰᠦ ᠡᠬᠦᠰᠬᠦ ᠬᠠᠮᠤᠭ ᠤᠨ ᠲᠦᠬᠡᠮᠡᠯ ᠰᠢᠯᠳᠠᠭᠠᠨ ᠪᠤᠯᠳᠠᠭ | ᠪᠠᠶᠢᠨ᠎ᠠ᠃ ᠡᠨᠡ ᠨᠢ ᠮᠦᠨ ᠦᠰᠦ ᠤᠨᠠᠬᠤ ᠰᠢᠯᠳᠠᠭᠠᠨ ᠪᠤᠯᠬᠤ ᠮᠠᠭᠠᠳᠯᠠᠯ ᠲᠠᠢ᠃ ᠡᠬᠦᠨ ᠠᠴᠠ ᠵᠠᠶᠢᠯᠠᠰᠬᠢᠬᠦ ᠶᠢᠨ | ᠲᠤᠯᠠᠳᠠ ᠦᠨᠳᠡᠭᠡ᠂ ᠦᠬᠡᠷ ᠤᠨ ᠮᠢᠬ᠎ᠠ᠂ ᠵᠢᠭᠠᠰᠤᠨ ᠤ ᠮᠢᠬ᠎ᠠ ᠵᠡᠷᠬᠡ ᠶᠢ ᠬᠤᠭᠤᠯᠠ ᠬᠦᠨᠡᠰᠦᠨ ᠳᠡᠭᠡᠨ ᠵᠠᠪᠠᠯ | ᠤᠷᠤᠭᠤᠯᠬᠤ ᠬᠡᠷᠡᠭᠳᠡᠢ᠃ ᠮᠦᠨ ᠲᠠ B12 ᠢ ᠨᠡᠮᠡᠯᠳᠡ ᠲᠡᠵᠢᠬᠡᠯ ᠪᠤᠯᠭᠠᠨ ᠬᠡᠷᠡᠭᠯᠡᠵᠦ ᠪᠤᠯᠤᠨ᠎ᠠ᠃ | 2᠂ ᠪᠠᠮᠪᠠᠢ ᠪᠤᠯᠴᠢᠷᠬᠠᠢ ᠶᠢᠨ ᠠᠰᠠᠭᠤᠳᠠᠯ ᠪᠠᠶᠢᠵᠤ ᠪᠤᠯᠵᠤᠰᠢ ᠦᠬᠡᠢ ᠰᠤᠳᠤᠯᠭᠠᠨ ᠳᠤ ᠪᠠᠮᠪᠠᠢ | ᠪᠤᠯᠴᠢᠷᠬᠠᠢ ᠶᠢᠨ ᠠᠰᠠᠭᠤᠳᠠᠯ ᠦᠰᠦᠨ ᠤ ᠤᠭᠤᠳᠠᠨᠴᠢᠷ ᠢ ᠰᠢᠭᠤᠳ ᠨᠦᠯᠦᠬᠡᠯᠡᠳᠡᠭ ᠢ ᠭᠡᠷᠡᠴᠢᠯᠡᠪᠡ᠃ ᠬᠡᠷᠪᠡ ᠲᠠ | ᠵᠠᠯᠠᠭᠤ ᠨᠠᠰᠤᠨ ᠳᠠᠭᠠᠨ ᠴᠠᠭᠠᠨ ᠡᠰᠡᠪᠡᠯ ᠬᠡᠪᠡᠷᠡᠭ᠂ ᠲᠤᠰᠤᠯᠢᠭ ᠦᠰᠦ ᠲᠠᠢ ᠪᠤᠯᠤᠭᠰᠠᠨ ᠪᠤᠯ ᠲᠠᠨ ᠤ ᠪᠡᠶ᠎ᠡ ᠶᠢᠨ | ᠪᠠᠮᠪᠠᠢ ᠪᠤᠯᠴᠢᠷᠬᠠᠢ ᠶᠢᠨ ᠦᠢᠯᠡ ᠠᠵᠢᠯᠯᠠᠭᠠᠨ ᠳᠤ ᠲᠤᠭᠤᠯᠳᠠᠯ ᠡᠬᠦᠰᠦᠭᠰᠡᠨ ᠲᠠᠢ ᠬᠤᠯᠪᠤᠭ᠎ᠠ ᠲᠠᠢ ᠪᠠᠶᠢᠵᠤ ᠪᠤᠯᠬᠤ | ᠶᠤᠮ᠃ | 3᠂ ᠡᠷᠡᠬᠦᠯ ᠬᠤᠭᠤᠯᠠ ᠬᠦᠨᠡᠰᠦᠨ ᠠᠴᠠ ᠢᠯᠡᠬᠦᠦ ᠲᠦᠷᠬᠡᠨ ᠬᠤᠭᠤᠯᠠ ᠬᠡᠷᠡᠭᠯᠡᠳᠡᠭ ᠬᠠᠴᠢᠷᠬᠠᠯᠳᠠᠢ ᠨᠢ | ᠡᠷᠡᠬᠦᠯ ᠬᠤᠭᠤᠯᠠᠨ ᠤ ᠲᠢᠭᠯᠢᠮ ᠢ ᠦᠯᠦ ᠲᠤᠭᠤᠮᠰᠠᠷᠯᠠᠬᠤ ᠨᠢ ᠮᠦᠨ ᠡᠨᠡ ᠲᠦᠷᠦᠯ ᠤᠨ ᠠᠰᠠᠭᠤᠳᠠᠯ ᠲᠠᠢ | ᠲᠤᠯᠭᠠᠷᠠᠬᠤ ᠳᠤ ᠬᠦᠷᠬᠡᠳᠡᠭ᠃ ᠰᠢᠨᠵᠢᠯᠡᠬᠦ ᠤᠬᠠᠭᠠᠨ ᠤ ᠤᠯᠠᠨ ᠰᠤᠳᠤᠯᠭ᠎ᠠ ᠪᠠᠷ ᠦᠰᠦ ᠪᠤᠭᠤᠷᠤᠯᠳᠤᠬᠤ ᠳᠤ | ᠲᠡᠮᠦᠷᠯᠢᠭ ᠤᠭᠤᠷᠠᠭ᠂ ᠺᠠᠯᠼ᠂ ᠸᠢᠲ᠋ᠠᠮᠢᠨ D3᠂ ᠵᠡᠰ᠂ ᠴᠠᠶᠢᠷ᠂ ᠲᠡᠮᠦᠷ ᠤᠨ ᠲᠤᠳᠠᠭᠳᠠᠯ ᠨᠦᠯᠦᠬᠡᠯᠡᠳᠡᠭ ᠪᠠᠶᠢᠨ᠎ᠠ | ᠃ | 4᠂ ᠲᠠ ᠠᠯᠢᠪᠠ ᠵᠦᠢᠯ ᠳᠤ ᠪᠠᠶᠢᠡᠭᠭᠤ ᠰᠠᠨᠠᠭ᠎ᠠ ᠵᠤᠪᠠᠵᠤ ᠲᠠᠷᠤᠭᠠᠰᠤ ᠲᠠᠢ ᠪᠠᠶᠢᠳᠠᠭ ᠮᠦᠨ ᠵᠠᠯᠠᠭᠤ | ᠨᠠᠰᠤᠨ ᠳᠤ ᠦᠰᠦ ᠪᠤᠭᠤᠷᠤᠯᠳᠤᠬᠤ᠂ ᠡᠰᠡᠪᠡᠯ ᠬᠠᠯᠵᠠᠷᠠᠬᠤ ᠶᠢ ᠲᠠᠷᠤᠭᠠᠰᠤ ᠲᠠᠢ ᠬᠤᠯᠪᠤᠨ ᠲᠠᠶᠢᠯᠪᠤᠷᠢᠯᠠᠳᠠᠭ᠃ | ᠤᠳᠠᠭᠠᠨ ᠬᠤᠭᠤᠴᠠᠭᠠᠨ ᠳᠤ ᠰᠡᠳᠬᠢᠯ ᠤᠨ ᠵᠤᠪᠠᠭᠤᠷᠢ ᠲᠡᠭᠡᠭᠡᠵᠦ᠂ ᠠᠭᠤᠷ ᠪᠤᠬᠢᠨᠢᠳᠤᠯ ᠲᠠᠢ ᠶᠠᠪᠤᠬᠤ ᠨᠢ ᠲᠠᠨ ᠤ | ᠦᠰᠦ ᠶᠢ ᠨᠦᠬᠦᠨ ᠰᠡᠷᠬᠦᠬᠡᠬᠦ ᠡᠬᠦᠷᠬᠡ ᠲᠠᠢ ᠡᠬᠦᠳᠦᠯ ᠡᠰ ᠢ ᠨᠦᠯᠦᠬᠡᠯᠡᠳᠡᠭ᠃ | 5᠂ ᠤᠳᠤᠮᠰᠢᠯ ᠲᠠᠨ ᠤ ᠴᠠᠭᠠᠨ ᠦᠰᠦ ᠡᠴᠢᠬᠡ ᠡᠬᠡ᠂ ᠡᠪᠦᠭᠡ ᠡᠮᠡᠭᠡ ᠨᠠᠷ ᠠᠴᠠ ᠪᠠᠨ ᠦᠪᠯᠡᠵᠦ ᠠᠪᠤᠭᠰᠠᠨ | ᠭᠧᠨ ᠤ ᠮᠡᠳᠡᠬᠡᠯᠡᠯ ᠲᠠᠢ ᠬᠠᠮᠢᠶᠠᠳᠠᠵᠤ ᠪᠤᠯᠬᠤ ᠶᠤᠮ᠃ ᠠᠷᠠᠰᠤ ᠰᠤᠳᠤᠯᠤᠭᠠᠴᠢᠳ ᠬᠦᠮᠦᠨ ᠲᠦᠷᠦᠯᠬᠢᠳᠡᠨ ᠤ | ᠭᠧᠨ ᠨᠢ ᠬᠡᠵᠢᠶ᠎ᠡ ᠦᠰᠦ ᠪᠤᠭᠤᠷᠤᠯᠳᠤᠬᠤ ᠶᠢ ᠲᠤᠲᠤᠷᠬᠠᠢᠢᠯᠠᠳᠠᠭ ᠪᠤᠯᠬᠤ ᠶᠢ ᠪᠠᠳᠤᠯᠠᠭᠰᠠᠨ ᠪᠢᠯᠡ᠃ ᠬᠡᠷᠪᠡ ᠲᠠᠨ ᠤ | ᠬᠡᠷ ᠪᠦᠯᠢ ᠶᠢᠨ ᠬᠡᠨ ᠨᠢᠬᠡᠨ ᠡᠷᠳᠡ ᠪᠤᠭᠤᠷᠤᠯ ᠦᠰᠦ ᠲᠠᠢ ᠪᠤᠯᠵᠤ ᠪᠠᠶᠢᠭᠰᠠᠨ ᠪᠤᠯ ᠲᠠᠨ ᠳᠤ ᠡᠬᠦᠨ ᠲᠠᠢ ᠢᠵᠢᠯ | ᠵᠦᠢᠯ ᠲᠤᠬᠢᠶᠠᠯᠳᠤᠵᠤ ᠮᠠᠭᠠᠳ ᠦᠬᠡᠢ ᠶᠤᠮ᠃ | 6᠂ ᠲᠠ ᠬᠢᠮᠢ ᠶᠢᠨ ᠪᠤᠳᠠᠰ᠂ ᠬᠤᠤᠷᠳᠠᠢ ᠪᠤᠳᠤᠭ ᠲᠠᠢ ᠦᠰᠦᠨ ᠤ ᠪᠦᠲᠦᠬᠡᠭᠳᠡᠬᠦᠨ ᠬᠡᠷᠡᠭᠯᠡᠵᠦ ᠪᠠᠶᠢᠵᠤ | ᠪᠤᠯᠵᠤᠰᠢ ᠦᠬᠡᠢ ᠦᠰᠦ ᠤᠬᠢᠶᠠᠬᠤ ᠰᠢᠩᠭᠡᠨ ᠠᠴᠠ ᠦᠰᠦᠨ ᠤ ᠪᠤᠳᠤᠭ ᠬᠦᠷᠳᠡᠯ᠎ᠠ ᠬᠢᠮᠢ ᠶᠢᠨ ᠪᠤᠳᠠᠰ᠂ ᠬᠤᠤᠷᠳᠠᠢ | ᠪᠤᠳᠤᠭ ᠲᠠᠢ ᠦᠰᠦᠨ ᠤ ᠪᠦᠲᠦᠬᠡᠭᠳᠡᠬᠦᠨ ᠨᠢ ᠪᠤᠭᠤᠷᠤᠯ ᠦᠰᠦ ᠲᠠᠢ ᠪᠤᠯᠬᠤ ᠳᠤ ᠬᠦᠷᠬᠡᠳᠡᠭ᠃ ᠲᠡᠲᠡᠨ ᠳᠤ | ᠠᠭᠤᠯᠤᠭᠳᠠᠬᠤ ᠬᠤᠤᠷᠳᠠᠢ ᠬᠢᠮᠢ ᠶᠢᠨ ᠪᠤᠳᠠᠰ ᠤᠳ ᠨᠢ ᠬᠠᠷ᠎ᠠ ᠦᠡᠭᠭᠡ ᠡᠬᠦᠰᠬᠡᠭᠴᠢ ᠶᠢᠨ ᠲᠦᠪᠰᠢᠨ ᠢ | ᠪᠠᠭᠤᠷᠠᠭᠤᠯᠵᠤ᠂ ᠤᠯᠠᠮ ᠢᠶᠠᠷ ᠲᠠᠨ ᠤ ᠦᠰᠦ ᠪᠠᠶᠢᠭᠠᠯᠢ ᠶᠢᠨ ᠦᠡᠭᠭᠡ ᠪᠠᠨ ᠠᠯᠳᠠᠳᠠᠭ ᠪᠠᠶᠢᠨ᠎ᠠ᠃ | 7᠂ ᠤᠷᠢᠳᠴᠢᠯᠡᠨ ᠰᠡᠷᠬᠡᠶᠢᠯᠡᠬᠦ ᠶᠢᠨ ᠲᠤᠯᠠᠳᠠ ᠲᠠ ᠶᠠᠭᠤ ᠬᠢᠵᠤ ᠴᠢᠳᠠᠬᠤ ᠪᠤᠢ︖ ᠲᠠᠨ ᠤ ᠦᠰᠦ | ᠪᠤᠭᠤᠷᠤᠯᠳᠤᠵᠤ ᠡᠬᠢᠯᠡᠭᠰᠡᠨ ᠪᠤᠯ ᠦᠰᠦ ᠠᠩᠬᠠᠨ ᠤ ᠦᠡᠭᠭᠡ ᠪᠠᠨ ᠪᠤᠴᠠᠭᠠᠬᠤ ᠪᠤᠯᠤᠮᠵᠢ ᠦᠬᠡᠢ ᠪᠤᠯᠤᠨ᠎ᠠ᠃ | ᠬᠡᠬᠦ ᠳᠡᠭᠡᠨ ᠡᠬᠢᠨ ᠤ ᠡᠬᠡᠯᠵᠢ ᠳᠤ ᠦᠰᠦ ᠪᠠᠨ ᠪᠤᠭᠤᠷᠤᠯᠳᠤᠬᠤ ᠠᠴᠠ ᠰᠡᠷᠬᠡᠶᠢᠯᠡᠬᠦ ᠠᠷᠭ᠎ᠠ ᠬᠡᠮᠵᠢᠶ᠎ᠡ ᠨᠦᠭᠦᠳ ᠢ | ᠠᠪᠬᠤ ᠨᠢ ᠵᠦᠢᠳᠡᠢ ᠶᠤᠮ᠃ | ᠡᠬᠦᠨ ᠳᠤ ᠄ | ① ᠦᠰᠦ ᠪᠠᠨ ᠨᠠᠷᠠᠨ ᠳᠤ ᠬᠡᠮᠳᠦᠬᠦ ᠠᠴᠠ ᠬᠠᠮᠠᠭᠠᠯᠠᠭᠠᠷᠠᠢ᠂ ᠪᠤᠯᠬᠤ ᠶᠢᠨ ᠲᠤᠳᠤᠷ ᠠ ᠭᠠᠳᠠᠭᠰᠢ ᠪᠠᠨ ᠭᠠᠷᠬᠤ | ᠪᠦᠷᠢ ᠳᠡᠭᠡᠨ ᠲᠤᠯᠤᠭᠠᠢ ᠪᠠᠨ ᠨᠠᠷᠠᠨ ᠤ ᠲᠤᠶᠠᠭᠠᠨ ᠠᠴᠠ ᠬᠠᠯᠬᠠᠯᠠᠭᠠᠷᠠᠢ ᠃ | ② ᠦᠰᠦ ᠬᠠᠳᠠᠭᠠᠭᠴᠢ ᠬᠡᠷᠡᠭᠯᠡᠬᠦ ᠠᠴᠠ ᠠᠯᠢ ᠪᠤᠯᠬᠤ ᠶᠢᠨ ᠲᠤᠲᠤᠷ᠎ᠠ ᠵᠠᠶᠢᠯᠠᠰᠬᠢᠬᠦ ᠬᠡᠷᠡᠭᠳᠡᠢ᠂ ᠦᠰᠦᠨ ᠤ | ᠲᠤᠮᠤ ᠰᠠᠮ ᠢᠶᠠᠷ ᠦᠰᠦ ᠪᠠᠨ ᠰᠠᠮᠨᠠᠭᠠᠷᠠᠢ᠃ | ③ ᠨᠠᠷᠬᠢᠯ ᠤᠨ ᠲᠤᠰᠤ ᠪᠠᠷ ᠬᠤᠶᠢᠬ᠎ᠠ ᠪᠠᠨ ᠲᠤᠭᠳᠠᠮᠠᠯ ᠬᠤᠭᠤᠴᠠᠭ᠋ ᠠ ᠲᠠᠢ ᠨᠤᠬᠤᠯᠠᠵᠤ ᠪᠠᠢ᠃ | ④ ᠬᠤᠭᠤᠯᠠ ᠬᠦᠨᠡᠰᠦᠨ ᠳᠡᠭᠡᠨ ᠴᠠᠭᠠᠨ ᠨᠤᠭᠤᠭ᠎ᠠ᠂ ᠴᠡᠴᠡᠭᠳᠦ ᠨᠤᠭᠤᠭ᠎ᠠ᠂ ᠪᠤᠶᠢᠯᠠᠰᠤ᠂ ᠯᠤᠤᠪᠠᠨᠭ᠌ ᠤᠨ | ᠰᠢᠬᠦᠰᠦ ᠵᠡᠷᠬᠡ ᠶᠢ ᠢᠯᠡᠬᠦᠦ ᠰᠢᠭ ᠤᠷᠤᠭᠤᠯᠤᠭᠠᠷᠠᠢ᠃ | |