ᠶᠠᠲᠠᠷᠠᠭᠰᠠᠨ ᠨᠢᠲᠤ ᠶᠢ ᠬᠡᠷᠬᠢᠨ ᠡᠮᠴᠢᠯᠡᠬᠦ ᠪᠤᠢ︖
ᠨᠡᠶᠢᠲᠡᠯᠡᠭᠰᠡᠨ ᠴᠠᠭ᠄
2021/7/27
     ᠵᠠᠷᠢᠮ ᠦᠶ᠎ᠠ ᠳᠤ ᠪᠢᠳᠠ ᠰᠦᠨᠢᠵᠢᠨ ᠰᠠᠭᠤᠵᠤ ᠠᠵᠢᠯᠯᠠᠬᠤ ᠡᠰᠡᠪᠡᠯ ᠶᠠᠲᠠᠷᠠᠬᠤ ᠬᠡᠳ ᠪᠤᠰᠤᠳ ᠰᠢᠯᠲᠠᠭᠠᠨ ᠠᠴᠠ ᠪᠤᠯᠵᠤ ᠤᠯᠠᠶᠢᠭᠰᠠᠠ ᠨᠢᠲᠤ ᠲᠠᠢ ᠶᠠᠪᠤᠬᠤ ᠡᠲᠤᠷ ᠤᠳ ᠴᠦᠬᠡᠨ ᠦᠬᠡᠢ ᠪᠠᠶᠢᠲᠠᠭ᠃ ᠤᠯᠠᠶᠢᠭᠰᠠᠨ ᠨᠢᠲᠤ ᠬᠡᠴᠢᠨᠡᠨ ᠰᠠᠶᠢᠬᠠᠨ ᠨᠢᠭᠤᠷ ᠪᠤᠲᠤᠯᠲᠠ ᠪᠠᠶᠢᠭᠰᠠᠨ ᠴᠣ᠋ “ ᠭᠤᠲᠤᠭᠠᠵᠤ ” ᠦᠭᠭᠦᠬᠡᠳ ᠪᠠᠶᠢᠲᠠᠭ᠃ ᠲᠡᠬᠡᠪᠡᠯ ᠨᠢᠲᠤ ᠤᠯᠠᠶᠢᠭᠰᠠᠨ ᠢ ᠬᠡᠷᠬᠢᠨ ᠪᠠᠭᠠᠰᠠᠬᠬᠤ ᠪᠤᠯᠤᠨ ᠵᠦᠬᠡᠷ ᠪᠤᠯᠭᠠᠬᠤ ᠪᠤᠢ︖ ᠮᠦᠨ ᠨᠢᠲᠤᠨ ᠤ ᠲᠤᠭᠤᠤᠷ ᠭᠠᠷᠤᠭᠰᠠᠨ ᠬᠠᠷ᠎ᠠ ᠵᠢᠷᠤᠭᠠᠰᠣ ᠶᠢ ᠬᠡᠷᠬᠢᠨ ᠠᠷᠢᠯᠭᠠᠬᠤ ᠪᠤᠢ︖      1. ᠴᠠᠢ ᠬᠠᠷ᠎ᠠ ᠴᠠᠢ ᠡᠰᠡᠪᠡᠯ ᠨᠤᠭᠤᠭᠠᠨ ᠴᠠᠢ ᠶᠢ ᠬᠡᠷᠡᠭᠯᠡᠭᠰᠡᠨ ᠤ ᠲᠠᠷᠠᠭ᠎ᠠ ᠬᠦᠷᠦᠬᠡᠬᠡᠳ ᠨᠢᠲᠤᠨ ᠲᠡᠬᠡᠷ᠎ᠠ ᠪᠠᠨ ᠵᠢᠩ ᠪᠤᠯᠭᠠᠨ ᠲᠠᠯᠪᠢᠭᠠᠷᠠᠢ᠃ ᠬᠡᠷᠪᠡ ᠬᠠᠷ᠎ᠠ ᠴᠠᠢ ᠪᠠᠶᠢᠬᠤ ᠦᠬᠡᠢ ᠪᠤᠯ ᠡᠩ ᠤᠨ ᠬᠠᠷ᠎ᠠ ᠡᠰᠡᠪᠡᠯ ᠨᠤᠭᠤᠭᠠᠨ ᠴᠠᠢ ᠶᠢ ᠪᠤᠴᠠᠯᠭᠠᠭᠠᠳ ᠬᠦᠪᠡᠬᠡᠨ ᠳᠤ ᠤᠷᠢᠶᠠᠨ ᠲᠠᠯᠪᠢᠵᠤ ᠪᠤᠯᠤᠨ᠎ᠠ᠃ ᠮᠠᠰᠺ ᠲᠠᠯᠪᠢᠬᠤ ᠬᠤᠭᠤᠴᠠᠭ᠎ᠠ ᠄ 15 - 20 ᠮᠢᠨᠦ᠋ᠲ      2. ᠨᠤᠭᠤᠭᠠᠨ ᠤᠷᠭᠤᠮᠠᠯ ᠲᠠᠢ ᠮᠦᠰᠤ ᠡᠨᠡᠬᠦ ᠮᠠᠰᠺ ᠨᠢ ᠬᠠᠪᠤᠲᠤᠭᠰᠠᠨ ᠨᠢᠲᠤ ᠪᠤᠭᠤᠨ ᠨᠢᠲᠤᠨ ᠤ ᠲᠤᠭᠤᠤᠷᠬᠢ ᠬᠠᠷ᠎ᠠ ᠵᠢᠷᠤᠭᠠᠰᠤ ᠶᠢ ᠠᠷᠢᠯᠭᠠᠬᠤ ᠳᠤ ᠲᠤᠰᠠᠯᠠᠬᠤ ᠪᠤᠯᠤᠨ᠎ᠠ᠃ ᠤᠷᠭᠤᠮᠠᠯ ᠳᠤ᠄ ᠪᠠᠭᠪᠠᠭ᠋ᠠᠢ ᠴᠡᠴᠡᠭ᠂ ᠰᠢᠷ᠎ᠠ ᠴᠡᠴᠡᠭ᠂ ᠮᠤᠲᠤᠨ ᠤ ᠬᠤᠯᠲᠤᠰᠤ᠂ ᠲᠠᠪᠤᠨ ᠰᠠᠯᠠᠭ᠎ᠠ ᠵᠡᠷᠬᠡ ᠪᠤᠯᠤᠨ᠎ᠠ᠃ ᠤᠷᠭᠤᠮᠠᠯ ᠤᠳ ᠢ ᠤᠰᠤᠨ ᠳᠤ ᠴᠢᠨᠠᠨ᠎ᠠ᠂ ᠭᠠᠷᠤᠭᠰᠠᠨ ᠬᠠᠨᠲᠠ ᠶᠢ ᠮᠦᠰᠤᠨ ᠤ ᠬᠡᠪ ᠲᠤ ᠬᠢᠵᠤ ᠬᠦᠯᠲᠡᠬᠡᠨ᠎ᠠ᠃ ᠵᠦᠪᠬᠡᠨ ᠨᠢᠲᠤᠨ ᠳᠤ ᠪᠤᠰᠤ ᠨᠢᠭᠤᠷ ᠤᠨ ᠠᠷᠢᠰᠤ ᠶᠢ ᠠᠷᠴᠢᠵᠤ ᠪᠤᠯᠤᠨ᠎ᠠ᠃ ᠤᠷᠭᠤᠮᠠᠯ ᠤᠨ ᠬᠠᠷᠰᠢᠯᠲᠠᠢ ᠬᠦᠮᠦᠰ ᠪᠤᠯᠬᠤ ᠦᠬᠡᠢ ᠲᠤᠯᠠ ᠠᠩᠬᠠᠷᠤᠨ᠎ᠠ ᠤᠤ᠃ ᠬᠦᠯᠲᠡᠬᠡᠭᠰᠡᠨ ᠮᠦᠰᠤ ᠶᠢ 3 ᠠᠴᠠ ᠲᠡᠬᠡᠭᠰᠢ ᠡᠲᠦᠷ ᠬᠠᠲᠠᠭᠠᠯᠠᠵᠤ ᠪᠤᠯᠬᠤ ᠦᠬᠡᠢ᠃      3 . ᠶᠠᠨᠱᠦᠢ ᠶᠢᠨ ᠮᠠᠰᠺ ᠶᠠᠨᠱᠦᠢ ᠪᠠᠰᠠ ᠲᠤᠰᠠ ᠪᠤᠯᠤᠨ᠎ᠠ ᠬᠡᠵᠤ᠃ ᠲᠡᠬᠦᠨ ᠢ ᠵᠢᠵᠢᠭ ᠬᠡᠰᠡᠭ ᠲᠤ ᠬᠡᠷᠡᠴᠢᠬᠡᠳ ᠰᠡᠶᠢᠮᠬᠡᠢ ᠪᠦᠰᠡᠨ ᠳᠤ ᠤᠷᠢᠶᠠᠨ᠎ᠠ᠃ ᠲᠠᠷᠠᠭ᠎ᠠ ᠨᠢ ᠨᠢᠲᠤᠨ ᠲᠡᠬᠡᠷ᠎ᠠ ᠪᠠᠨ ᠲᠠᠯᠪᠢᠨ᠎ᠠ᠃ 10 - 15 ᠮᠢᠨᠦ᠋ᠲ ᠠᠴᠠ ᠬᠡᠲᠡᠷᠡᠬᠦᠯᠵᠤ ᠪᠤᠯᠬᠤ ᠦᠬᠡᠢ᠃ ᠡᠨᠡᠬᠦ ᠡᠮᠴᠢᠯᠡᠭᠡ ᠨᠢ ᠵᠦᠪᠬᠡᠨ ᠨᠢᠲᠤᠨ ᠤ ᠤᠯᠠᠶᠢᠭᠰᠠᠨ ᠢ ᠪᠠᠷᠢᠯᠭ᠎ᠠ ᠠᠴᠠ ᠭᠠᠲᠠᠨ᠎ᠠ ᠵᠢᠵᠢᠭ ᠦᠷᠴᠢᠯᠡᠭᠡ ᠶᠢᠨ ᠡᠰᠡᠷᠬᠦ ᠦᠢᠯᠡᠴᠢᠯᠡᠲᠡᠭ᠃ ᠮᠠᠰᠺ ᠲᠠᠯᠪᠢᠬᠤ ᠬᠤᠭᠤᠴᠠᠭ᠎ᠠ᠄ 10 - 15 ᠮᠢᠨᠦ᠋ᠲ      4. ᠦᠷᠬᠡᠰᠤᠲᠤ ᠬᠡᠮᠬᠡ ᠶᠢᠨ ᠮᠠᠰᠺ ᠦᠷᠬᠡᠰᠤᠲᠤ ᠬᠡᠮᠬᠡ ᠶᠢ ᠮᠦᠨ ᠠᠳᠠᠯᠢ ᠵᠢᠵᠢᠭ ᠬᠡᠷᠡᠴᠢᠬᠡᠳ ᠰᠡᠶᠢᠮᠬᠡᠢ ᠪᠦᠰᠡᠨ ᠳᠤ ᠤᠷᠢᠶᠠᠵᠤ ᠪᠤᠯᠤᠨ᠎ᠠ᠃ ᠡᠰᠡᠪᠡᠯ ᠲᠠᠩ ᠢᠶᠠᠷ ᠨᠢ ᠨᠢᠲᠤᠨ ᠲᠡᠬᠡᠷ᠎ᠠ ᠪᠠᠨ ᠲᠠᠯᠪᠢᠵᠤ ᠪᠤᠯᠤᠨ᠎ᠠ᠃ 15 - 20 ᠮᠢᠨᠦ᠋ᠲ ᠪᠠᠶᠢᠯᠭᠠᠨ᠎ᠠ᠃ ᠵᠦᠪᠬᠡᠨ ᠨᠢᠲᠤ ᠶᠢ ᠠᠮᠠᠷᠭᠠᠬᠤ ᠠᠴᠠ ᠵᠤᠭᠰᠤᠬᠤ ᠦᠬᠡᠢ ᠠᠷᠢᠰᠤ ᠶᠢ ᠴᠢᠬᠢᠭᠰᠢᠬᠦᠯᠬᠦ ᠦᠢᠯᠡᠴᠢᠯᠡᠭᠡ ᠲᠠᠢ᠃ ᠮᠠᠰᠺ ᠲᠠᠯᠪᠢᠬᠤ ᠬᠤᠭᠤᠴᠠᠭ᠎ᠠ᠄ 15 - 20 ᠮᠢᠨᠦ᠋ᠲ      5. ᠲᠦᠮᠦᠰᠤ ᠶᠢᠨ ᠮᠠᠰᠺ ᠲᠦᠬᠦᠬᠡᠢ ᠲᠦᠮᠡᠰᠤ ᠶᠢᠨ ᠦᠷᠡᠵᠤ ᠵᠢᠵᠢᠭᠯᠡᠬᠡᠳ ᠰᠡᠶᠢᠮᠬᠡᠢ ᠪᠦᠰᠡᠨ ᠳᠤ ᠤᠷᠢᠶᠠᠨ᠎ᠠ᠃ ᠨᠢᠲᠤᠨ ᠲᠡᠬᠡᠷ᠎ᠠ ᠪᠠᠨ 10 ᠮᠢᠨᠦ᠋ᠲ ᠪᠠᠶᠢᠯᠭᠠᠳ ᠠᠪᠤᠨ᠎ᠠ᠃ ᠲᠦᠮᠡᠰᠤ ᠶᠢᠨ ᠰᠢᠬᠦᠰᠤ ᠨᠢ ᠨᠢᠲᠤᠨ ᠤ ᠬᠠᠪᠤᠲᠤᠭᠰᠠᠨ ᠢ ᠪᠠᠭᠠᠰᠬᠠᠵᠤ᠂ ᠵᠤᠪᠬᠢ ᠶᠢ ᠡᠷᠬᠦᠬᠦ ᠦᠢᠯᠡᠴᠢᠯᠡᠭᠡ ᠲᠠᠢ᠃ ᠮᠠᠰᠺ ᠲᠠᠯᠪᠢᠬᠤ ᠬᠤᠭᠤᠴᠠᠭ᠎ᠠ᠄ 10 ᠮᠢᠨᠦ᠋ᠲ
 
ᠢᠷᠡᠯᠲᠡ᠄ ᠠᠯᠠᠱᠨ ᠵᠡᠬᠦᠨ ᠬᠤᠰᠢᠭᠤᠨ ᠤ ᠠᠷᠠᠳ ᠤᠨ ᠵᠠᠰᠠᠭ ᠤᠨ ᠤᠷᠲᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号