ᠰᠦ ᠰᠠᠭᠠᠯᠢ ᠶᠢᠨ ᠦᠨᠦᠷ ᠲᠠᠢ ᠵᠠᠪᠰᠠᠷ ᠤᠰᠤᠨ
ᠨᠡᠶᠢᠲᠡᠯᠡᠭᠰᠡᠨ ᠴᠠᠭ᠄
2021/7/26
     ᠵᠤᠨ ᠤ ᠠᠭᠠᠬᠢᠮ᠎ᠠ ᠬᠠᠯᠠᠭᠤᠨ ᠤᠷᠳᠤ ᠡᠳᠦᠷ ᠤᠳ ᠦᠷᠬᠦᠯᠵᠢᠯᠡᠭᠰᠡᠭᠡᠷ ᠁      ᠠᠯᠠᠱᠠ ᠵᠡᠬᠦᠠ ᠬᠤᠰᠢᠭᠤᠠ ᠤ ᠪᠠᠶᠠᠨᠨᠢᠷᠤᠭᠤᠨ ᠰᠤᠮᠤᠨ ᠤ ᠲᠦᠷᠦᠯᠵᠢ ᠭᠠᠴᠠᠭᠠᠨ ᠤ ᠵᠠᠪᠰᠠᠷ ᠤᠰᠤᠨ ᠳᠤ ᠰᠠᠭᠤᠷᠢᠰᠢᠳᠠᠭ ᠤᠶᠤᠨᠪᠢᠯᠢᠭ᠌ ᠨᠠᠰᠤᠳᠠᠨ ᠭᠠᠳᠠᠭ᠎ᠠ ᠪᠠᠨ ᠬᠠᠳᠠᠭᠠᠭᠰᠠᠨ ᠠᠭᠠᠷᠤᠤᠯ ᠬᠤᠷᠤᠳ ᠢᠶᠠᠨ ᠡᠷᠬᠢᠵᠦ ᠪᠤᠯᠭᠤᠭᠠᠭᠰᠠᠨ ᠢᠶᠠᠨ᠂ ᠡᠳᠦᠷᠵᠢᠨ ᠡᠭᠴᠡ ᠲᠡᠭᠡᠷ᠎ᠡ ᠮᠠᠨᠠᠯᠵᠠᠨ ᠰᠢᠷᠠᠭᠰᠠᠨ ᠭᠠᠯ ᠨᠠᠷᠠᠨ ᠪᠠᠷᠠᠭᠤᠨ᠎ᠠ ᠬᠡᠯᠪᠠᠶᠢᠵᠦ᠂ ᠲᠠᠯ᠎ᠠ ᠶᠢᠨ ᠪᠦᠯᠢᠶᠡᠨ ᠰᠠᠯᠬᠢ ᠬᠠᠴᠠᠷ ᠢᠯᠪᠢᠨ ᠪᠠᠶᠢᠭ᠎ᠠ ᠶᠢ ᠠᠵᠢᠭᠠᠳ ᠲᠡᠰᠬᠡᠯ ᠦᠭᠡᠢ ᠬᠡᠶᠢᠴᠢᠨ ᠵᠤᠴᠢᠨ ᠪᠠᠭᠤᠳᠠᠭ ᠲᠤᠯᠤᠭᠠᠢ ᠶᠢᠨ ᠤᠷᠤᠢ ᠪᠠᠨ ᠰᠠᠷᠠᠪᠴᠢᠯᠠᠨ ᠬᠠᠷᠠᠪᠠ᠃      ᠲᠡᠬᠡᠵᠦ ᠪᠠᠶᠢᠳᠠᠯ᠎ᠠ ᠮᠤᠲ᠋ᠤᠷ ᠮᠠᠰᠢᠨ ᠤ ᠲᠠᠭᠤᠨ ᠲᠤᠭᠤᠯᠳᠠᠵᠦ᠂ ᠰᠠᠭᠠᠯᠢ ᠶᠢᠨ ᠠᠵᠢᠯ ᠢᠶᠠᠷ ᠪᠤᠯᠵᠤᠭ᠎ᠠ ᠲᠤᠭᠳᠠᠭᠰᠠᠨ ᠬᠤᠶᠠᠷ ᠨᠠᠶᠢᠵᠠ ᠨᠢ ᠬᠡᠷ ᠤᠨ ᠭᠠᠳᠠᠭ᠎ᠠ ᠬᠢᠯᠠᠷᠠᠭᠤᠯᠤᠨ ᠪᠠᠭᠤᠬᠤ ᠳᠤ᠂ ᠲᠠᠶᠢᠪᠤᠩ ᠠᠮᠤᠭᠤᠯᠠᠩ ᠪᠠᠶᠢᠭᠰᠠᠨ ᠬᠤᠳᠠ ᠠᠶᠢᠯ ᠨᠤᠬᠠᠳ ᠤᠨ ᠬᠤᠴᠠᠬᠤ ᠲᠠᠭᠤᠨ᠂ ᠪᠦᠰᠡᠬᠦ᠋ᠢᠴᠦᠳ ᠤᠨ ᠲᠠᠰ ᠲᠠᠰ ᠬᠢᠨ ᠬᠦᠬᠡᠷᠦᠯᠳᠦᠬᠦ ᠲᠠᠭᠤᠨ ᠲᠤᠮᠳᠠ ᠬᠦᠷ ᠨᠠᠷᠬᠢᠶᠠᠨ ᠢᠶᠠᠷ ᠪᠢᠯᠬᠠᠵᠦ ᠡᠬᠢᠯᠡᠪᠠ᠃ ᠡᠨᠡ ᠡᠳᠦᠷ ᠢᠰᠢᠭᠡᠨ ᠠᠴᠠ ᠨᠢ ᠰᠠᠯᠭᠠᠭᠰᠠᠨ ᠵᠠᠭᠤ ᠭᠤᠴᠢ ᠭᠠᠷᠤᠢ ᠢᠮᠠᠭ᠎ᠠ ᠪᠠᠨ ᠰᠠᠭᠠᠬᠤ ᠪᠠᠷ ᠪᠤᠯᠵᠤᠭᠰᠠᠨ ᠪᠦᠰᠡᠬᠦ᠋ᠢᠴᠦᠳ ᠤᠳᠠᠵᠦ ᠲᠦᠳᠡᠯ ᠦᠭᠡᠢ ᠰᠠᠭᠤᠯᠭ᠎ᠠ᠂ ᠱᠠᠭᠤ᠂ ᠪᠤᠷᠪᠢ ᠪᠠᠨ ᠠᠪᠤᠭᠠᠳ ᠬᠠᠰᠢᠶᠠᠨ ᠳᠤ ᠬᠦᠷᠴᠦ᠂ ᠦᠶ᠎ᠡ ᠦᠶ᠎ᠡ ᠢᠰᠬᠡᠷᠬᠦ ᠰᠠᠭᠠᠯᠢᠴᠢᠨ ᠪᠦᠰᠡᠬᠦ᠋ᠢᠴᠦᠳ ᠤᠨ ᠲᠠᠭᠤᠨ᠂ ᠰᠠᠭᠤᠯᠭ᠎ᠠ ᠬᠦᠷᠴᠢᠬᠢᠨᠡᠬᠦᠯᠦᠨ ᠱᠠᠬᠢᠬᠤ ᠰᠦ ᠶᠢᠨ ᠲᠠᠭᠤᠨ ᠲᠤᠭᠤᠯᠳᠠᠨ᠂ ᠰᠠᠭᠠᠯᠢ ᠶᠢᠨ ᠠᠵᠢᠯ ᠡᠬᠢᠯᠡᠯ᠎ᠡ᠃ ᠤᠶᠤᠨᠪᠢᠯᠢᠭ᠌ ᠤᠨ ᠬᠢ ᠠᠯᠠᠱᠠ ᠶᠢᠨ ᠴᠠᠭᠠᠨ ᠨᠤᠯᠤᠤᠷᠲᠦ ᠢᠮᠠᠭ᠎ᠠ ᠮᠠᠯᠵᠢᠬᠤ ᠪᠠᠷ ᠭᠤᠤᠯᠳᠠᠵᠦ ᠪᠠᠰᠠ ᠴᠦᠭᠡᠪᠦᠷᠢ ᠬᠡᠳᠦᠨ ᠲᠡᠮᠡᠭᠡ ᠬᠠᠷᠢᠭᠤᠯᠳᠠᠭ᠃ ᠡᠨᠡ ᠵᠢᠯ ᠬᠤᠶᠠᠷ ᠵᠠᠭᠤ ᠭᠠᠷᠤᠢ ᠢᠮᠠᠭ᠎ᠠ ᠠᠴᠠ ᠪᠠᠨ ᠵᠠᠭᠤ ᠨᠠᠶᠠᠭᠠᠳ ᠲᠦᠯ ᠲᠤᠰᠴᠤ᠂ ᠤᠷᠴᠢᠮ ᠤᠨ ᠬᠡᠳᠦᠨ ᠡᠳᠦᠷ 130 ᠭᠠᠷᠤᠢ ᠲᠦᠯ ᠢᠶᠠᠨ 700 ᠭᠠᠷᠤᠢ ᠲᠦᠬᠦᠷᠢᠭ ᠢᠶᠠᠷ ᠲᠡᠭᠰᠢᠳᠭᠡᠨ ᠪᠤᠷᠤᠯᠠᠭᠤᠯᠴᠢᠬᠠᠭᠠᠳ ᠢᠰᠢᠭᠡ ᠪᠠᠨ ᠰᠠᠯᠭᠠᠭᠰᠠᠨ ᠡᠬᠡ  ᠮᠠᠯ ᠤᠨ ᠲᠡᠯᠡᠩ ᠨᠢ ᠴᠢᠨᠤᠵᠦ ᠰᠤᠴᠢᠷᠳᠠᠵᠦ ᠬᠠᠪᠤᠳᠬᠤ ᠠᠴᠠ ᠪᠤᠯᠭᠤᠮᠵᠢᠯᠠᠨ ᠰᠠᠭᠠᠵᠦ  ᠰᠢᠷᠬᠢᠭᠡᠵᠦ  ᠪᠠᠶᠢᠭ᠎ᠠ ᠨᠢ ᠡᠨᠡ ᠠᠵᠢ᠃     ᠬᠠᠰᠢᠶᠠᠨ ᠳᠤ ᠰᠠᠭᠠᠯᠢᠴᠢᠨ ᠪᠦᠰᠡᠬᠦ᠋ᠢᠴᠦᠳ ᠤᠨ ᠬᠦᠭᠯᠡᠭ ᠶᠠᠷᠢᠶ᠎ᠠ᠂ ᠰᠠᠭᠤᠯᠠᠭ᠎ᠠ ᠲᠦᠬᠦᠷᠭᠡᠨ ᠬᠦᠭᠡᠰᠦᠷᠡᠬᠦ ᠰᠠᠭᠠᠯᠢ ᠶᠢᠨ ᠲᠠᠭᠤᠨ᠂ ᠢᠮᠠᠭᠠᠳ ᠤᠨ ᠢᠷᠠᠭᠯᠠᠬᠤ ᠲᠠᠭᠤᠨ ᠨᠠᠶᠢᠷᠠᠯ ᠬᠦᠭᠵᠢᠮ ᠪᠤᠯᠤᠨ ᠤᠶᠠᠩᠭᠠᠷᠠᠵᠦ᠂ ᠵᠤᠨ ᠤ ᠦᠳᠡᠰᠢ ᠶᠢ ᠴᠢᠮᠡᠯ᠎ᠡ᠃ ᠨᠠᠷᠠ ᠰᠢᠩᠭᠡᠬᠦ ᠠᠶᠠᠳᠠᠬᠤ ᠳᠤ ᠵᠠᠭᠤ ᠭᠤᠴᠢ ᠭᠠᠷᠤᠢ ᠢᠮᠠᠭᠠᠨ ᠠᠴᠠ ᠪᠠᠨ ᠲᠠᠪᠢᠨ ᠵᠢᠩ ᠤᠨ ᠬᠤᠶᠠᠷ ᠪᠤᠷᠪᠢ ᠰᠦ ᠰᠠᠭᠠᠵᠦ ᠠᠪᠤᠭᠰᠠᠨ ᠰᠠᠭᠠᠯᠢᠴᠢᠨ ᠪᠦᠰᠡᠬᠦ᠋ᠢᠴᠦᠳ ᠬᠡᠷ ᠵᠦᠭ ᠢᠶᠠᠨ ᠭᠠᠩᠬᠤᠬᠤ ᠳᠤ᠂ ᠬᠤᠶᠠᠷ ᠴᠠᠭ ᠬᠢᠷᠢᠳᠡᠢ ᠬᠤᠷᠢᠭᠳᠠᠭᠠᠳ ᠲᠡᠯᠡᠩ ᠢᠶᠠᠨ ᠰᠤᠯᠠᠯᠠᠭᠰᠠᠨ ᠢᠮᠠᠭᠠᠳ ᠴᠤ ᠪᠡᠶ᠎ᠡ ᠠᠮᠠᠷᠠᠨ ᠬᠤᠳᠠᠨ ᠳᠠᠭᠠᠨ ᠲᠠᠶᠢᠪᠤᠩ ᠨᠠᠯᠠᠶᠢᠨ᠎ᠠ᠃
 
ᠢᠷᠡᠯᠲᠡ᠄ ᠠᠯᠠᠱᠠ ᠶᠢᠨ ᠡᠳᠦᠷ ᠤᠨ ᠰᠦ᠋‌‍ᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号