ᠨᠢᠷᠤᠭᠤ ᠦᠷᠬᠦᠯᠵᠢ ᠡᠪᠡᠳᠬᠦ ᠶᠢ ᠰᠡᠷᠭᠡᠶᠢᠯᠡᠬᠦ ᠠᠷᠭ᠎ᠠ
ᠨᠡᠶᠢᠲᠡᠯᠡᠭᠰᠡᠨ ᠴᠠᠭ᠄
2021/7/22
      ᠵᠷᠤᠭᠤᠨ ᠤ ᠵᠦᠳᠡᠷᠡᠯ ᠤᠨ ᠬᠡᠮᠳᠤᠯ ᠢ ᠪᠠᠰᠠ ︽ᠠᠵᠢᠯᠯᠠᠭ᠎ᠠ ᠶᠢᠨ ᠴᠢᠨᠠᠷᠳᠡᠢ ᠨᠢᠷᠤᠭᠤ ᠡᠪᠡᠳᠬᠦ︾ ᠡᠰᠡᠬᠦᠯ᠎ᠠ ︽ᠨᠢᠷᠤᠭᠤ ᠪᠤᠯᠴᠢᠩ ᠤᠨ ᠰᠢᠷ᠎ᠠ ᠬᠠᠯᠢᠰᠤ ᠶᠢᠨ ᠦᠷᠪᠢᠰᠤᠯ︾ ᠭᠡᠳᠡᠭ᠃ ᠭᠤᠤᠯᠳᠠᠭᠤ ᠨᠢᠷᠤᠭᠤ ᠵᠤ ᠶᠢᠨ ᠭᠡᠰᠡᠭ ᠪᠤᠯᠴᠢᠩ᠂ ᠰᠢᠷ᠎ᠠ ᠬᠠᠯᠢᠰᠤ ᠵᠡᠷᠭᠡ ᠵᠦᠬᠡᠯᠡᠨ ᠨᠡᠬᠡᠳᠡᠰᠤ ᠶᠢᠨ ᠤᠳᠠᠭᠠᠨ ᠴᠢᠨᠠᠷᠳᠡᠢ ᠬᠡᠮᠳᠤᠯ ᠢ ᠵᠢᠭᠠᠵᠤ ᠪᠤᠢ᠃ ᠤᠯᠠᠩᠭᠢ ᠨᠢ ᠨᠢᠷᠤᠭᠤ ᠪᠠᠨ ᠬᠡᠨᠡᠳᠳᠡ ᠴᠤᠴᠢᠭᠠᠬᠰᠠᠨ ᠤ ᠰᠡᠬᠦᠯᠡᠷ ᠡᠮᠨᠡᠭᠰᠡᠨ ᠦᠬᠡᠢ᠂ ᠪᠤᠷᠤᠭᠤ ᠡᠮᠨᠡᠭᠰᠡᠨ᠂ ᠳᠠᠬᠢᠨ ᠳᠠᠪᠳᠠᠨ ᠤᠯᠠᠨ ᠤᠳᠠᠭ᠎ᠠ ᠬᠦᠨᠳᠡᠭᠡᠭᠰᠡᠨ ᠡᠰᠡᠬᠦᠯ᠎ᠠ ᠠᠵᠢᠯ ᠬᠢᠬᠦ ᠳᠤᠮᠳᠠ ᠶᠠᠮᠠᠷ ᠨᠢᠭᠡᠨ ᠬᠡᠪ ᠤᠨ ᠪᠠᠶᠢᠳᠠᠯ ᠢᠶᠠᠨ ᠤᠷᠳᠤ ᠬᠤᠭᠤᠴᠠᠭ᠎ᠠ ᠪᠠᠷ ᠪᠠᠷᠢᠮᠳᠠᠯᠠᠬᠰᠠᠨ︔ ᠵᠢᠱᠢᠶᠡᠯᠡᠪᠡᠯ ᠤᠷᠳᠤ ᠬᠤᠭᠤᠴᠠᠭ᠎ᠠ ᠪᠠᠷ ᠪᠦᠬᠦ᠋ᠢᠬᠦ ᠠᠵᠢᠯ ᠬᠢᠬᠦ ᠡᠰᠡᠬᠦᠯ᠎ᠠ ᠳᠠᠳᠬᠠᠯ ᠤᠨ ᠴᠢᠨᠠᠷᠳᠡᠢ ᠡᠷᠡᠬᠦᠯ ᠪᠤᠰᠤ ᠬᠦᠳᠡᠯᠦᠯ ᠵᠡᠷᠭᠡ ᠠᠴᠠ ᠤᠯᠳᠠᠬ᠃       ᠨᠢᠷᠤᠭᠤᠨ ᠤ ᠵᠦᠳᠡᠷᠡᠯ ᠤᠨ ᠬᠡᠮᠳᠤᠯ ᠤᠨ ᠡᠪᠡᠳᠴᠢᠨ ᠤ ᠢᠯᠡᠷᠡᠯ ᠨᠢ ᠭᠤᠤᠯᠳᠠᠭᠤ᠄ ᠨᠢᠷᠤᠭᠤ ᠵᠤ ᠶᠢᠨ ᠬᠡᠰᠡᠭ ᠱᠠᠷᠬᠢᠷᠠᠵᠤ ᠡᠪᠡᠳᠬᠦ᠂ ᠳᠠᠷᠤᠵᠤ ᠡᠪᠡᠳᠬᠦ᠂ ᠬᠡᠰᠡᠭ ᠵᠢᠮᠵᠢᠬᠢᠨᠡᠬᠦ ᠡᠰᠡᠬᠦᠯ᠎ᠠ ᠬᠠᠯᠠᠵᠤ ᠡᠪᠡᠳᠬᠦ ᠵᠡᠷᠬᠡ᠃ ᠡᠨᠡ ᠨᠢ ᠠᠮᠠᠷᠠᠬᠤ ᠦᠶ᠎ᠠ ᠳᠤ ᠬᠦᠡᠭᠭᠡᠨ᠂ ᠠᠵᠢᠯᠯᠠᠬᠰᠠᠨ ᠤ ᠳᠠᠷᠠᠭ᠎ᠠ ᠬᠦᠨᠳᠤ ᠪᠤᠶᠤ ᠪᠠᠶᠢᠷᠢᠰᠢᠯ ᠢᠶᠠᠨ ᠦᠷᠬᠦᠯᠵᠢ ᠬᠤᠪᠢᠷᠠᠭᠠᠵᠤ ᠪᠠᠶᠢᠪᠠᠯ ᠡᠪᠡᠳᠬᠦ ᠶᠢ ᠪᠠᠭᠠᠰᠬᠠᠵᠤ ᠪᠠᠶᠢᠳᠠᠬ᠃ ᠬᠠᠯᠠᠪᠠᠯ ᠡᠪᠡᠳᠬᠦ ᠨᠢ ᠪᠠᠭᠠᠰᠴᠤ᠂ ᠳᠠᠭᠠᠷᠠᠪᠠᠯ ᠡᠪᠡᠳᠬᠦ ᠨᠢ ᠨᠡᠮᠡᠭᠳᠡᠬᠦ ᠤᠨᠴᠠᠯᠢᠬ ᠲᠠᠢ᠃ ᠨᠢᠷᠤᠭᠤᠨ ᠤ ᠵᠦᠳᠡᠷᠡᠯ ᠤᠨ ᠬᠡᠮᠳᠤᠯ ᠢ ᠰᠡᠷᠭᠡᠶᠢᠯᠡᠬᠦ ᠳᠤ ᠳᠤᠤᠷᠠᠬᠢ ᠬᠡᠳᠤᠨ ᠳᠠᠯ᠎ᠠ ᠶᠢ ᠠᠩᠬᠠᠷᠤᠨ᠎ᠠ᠃      ᠡᠩ ᠳᠡᠷᠢᠬᠦᠨ ᠳᠤ ᠪᠡᠶ᠎ᠠ ᠮᠠᠬᠠᠪᠤᠳ ᠢᠶᠠᠨ ᠪᠤᠯᠪᠠᠰᠤᠷᠠᠭᠤᠯᠤᠨ᠂ ᠪᠡᠶ᠎ᠠ ᠮᠠᠬᠠᠪᠤᠳ ᠤᠨ ᠬᠡᠪ ᠴᠢᠨᠠᠷ ᠢᠶᠠᠨ ᠳᠡᠭᠡᠭᠰᠢᠯᠡᠬᠦᠯᠦᠨ᠎ᠠ᠃ ᠦᠷᠬᠦᠯᠵᠢ ᠰᠠᠭᠤᠵᠤ ᠠᠵᠢᠯᠯᠠᠳᠠᠬ ᠬᠦᠮᠦᠨ᠂ ᠵᠤᠷᠢᠯᠭ᠎ᠠ ᠲᠠᠢ ᠪᠠᠷ ᠨᠢᠷᠤᠭᠤᠨ ᠤ ᠪᠤᠯᠴᠢᠩ ᠢᠶᠠᠨ ᠪᠤᠯᠪᠠᠰᠤᠷᠠᠭᠤᠯᠤᠨ᠎ᠠ᠃ ᠵᠢᠱᠢᠶᠡᠯᠡᠪᠡᠯ ᠪᠦᠬᠦ᠋ᠢᠬᠦ᠂ ᠬᠡᠳᠡᠶᠢᠬᠦ᠂ ᠵᠡᠬᠦᠨᠰᠢ ᠪᠠᠷᠠᠭᠤᠨᠰᠢ ᠪᠠᠨ ᠨᠢᠷᠤᠭᠤ ᠪᠠᠨ ᠬᠦᠳᠡᠯᠬᠡᠬᠦ᠂ ᠪᠡᠶ᠎ᠠ ᠪᠠᠨ ᠡᠷᠬᠢᠯᠳᠤᠬᠦᠯᠬᠦ ᠵᠢᠴᠢ ᠳᠠᠩᠭᠠᠢᠢᠵᠤ ᠬᠡᠪᠳᠡᠬᠦ᠂ ᠪᠤᠰᠬᠤ ᠬᠦᠳᠡᠯᠬᠡᠬᠡᠨ ᠬᠢᠵᠤ᠂ ᠨᠢᠷᠤᠭᠤᠨ ᠤ ᠪᠤᠯᠴᠢᠩ ᠪᠠ ᠰᠢᠨᠳᠠᠰᠤ ᠶᠢ ᠬᠦᠴᠤᠨ ᠲᠠᠢ ᠪᠤᠯᠭᠠᠵᠤ᠂ ᠦᠶ᠎ᠠ ᠬᠡᠰᠢᠬᠦᠤ ᠪᠠᠨ ᠨᠠᠮᠵᠢᠭᠠᠵᠤ᠂ ᠡᠪᠡᠳᠬᠦ ᠶᠢ ᠪᠠᠭᠠᠰᠬᠠᠨ᠎ᠠ᠃ ᠮᠠᠷᠢᠶ᠎ᠠ ᠲᠠᠢ ᠬᠦᠮᠦᠨ ᠮᠠᠷᠢᠶ᠎ᠠ ᠪᠠᠨ ᠰᠢᠭᠤᠷᠠᠭᠤᠯᠪᠠᠯ ᠨᠢᠷᠤᠭᠤᠨ ᠤ ᠳᠠᠷᠤᠭᠠᠰᠤ ᠶᠢ ᠬᠦᠡᠭᠭᠡᠷᠡᠭᠦᠯᠦᠨ᠎ᠠ᠃ ᠦᠪᠡᠷ ᠤᠨ ᠪᠡᠶ᠎ᠠ ᠪᠠᠨ ᠳᠤᠬᠢᠷᠠᠭᠤᠯᠵᠤ᠂ ᠠᠵᠢᠯᠯᠠᠵᠤ ᠠᠮᠠᠷᠠᠬᠤ ᠶᠢ ᠤᠶᠠᠯᠳᠤᠭᠤᠯᠵᠤ᠂ ᠤᠷᠳᠤ ᠬᠤᠭᠤᠴᠠᠭ᠎ᠠ ᠪᠠᠷ ᠨᠢᠭᠡ ᠯᠡ ᠬᠡᠪ ᠤᠨ ᠪᠠᠶᠢᠳᠠᠯ ᠲᠠᠢ ᠪᠠᠶᠢᠬᠤ ᠠᠴᠠ ᠵᠠᠶᠢᠯᠠᠰᠬᠢᠨ᠎ᠠ᠃ ᠵᠢᠱᠢᠶᠡᠯᠡᠪᠡᠯ ᠤᠷᠳᠤ ᠬᠤᠭᠤᠴᠠᠭ᠎ᠠ ᠵᠤᠬᠰᠤᠬᠰᠠᠨ ᠤ ᠳᠠᠷᠠᠭ᠎ᠠ ᠤᠴᠦ᠋ᠢᠨ ᠰᠠᠭᠤᠵᠤ ᠪᠤᠯᠤᠨ᠎ᠠ᠃ ᠤᠴᠦ᠋ᠢᠨ ᠰᠠᠭᠤᠪᠠᠯ ᠨᠢᠷᠤᠭᠤ ᠬᠦᠯ ᠤᠨ ᠪᠤᠯᠴᠢᠩ ᠰᠤᠯᠠᠳᠴᠤ ᠪᠡᠶ᠎ᠠ ᠶᠢᠨ ᠬᠤᠷᠤᠬᠳᠠᠯ ᠢ ᠪᠠᠭᠠᠰᠬᠠᠳᠠᠬ᠃  
 
ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号