20 ᠨᠠᠰᠤᠨ ᠠᠴᠠ ᠪᠠᠨ ᠠᠮᠵᠢᠯᠳᠠ ᠪᠠᠨ ᠡᠬᠢᠯᠡᠭᠦᠯᠭᠦ 7 ᠠᠷᠭ᠎ᠠ
ᠨᠡᠶᠢᠲᠡᠯᠡᠭᠰᠡᠨ ᠴᠠᠭ᠄
2021/7/22
20 ᠨᠠᠰᠤᠨ ᠠᠴᠠ ᠪᠠᠨ ᠠᠮᠵᠢᠯᠳᠠ ᠪᠠᠨ ᠡᠬᠢᠯᠡᠭᠦᠯᠭᠦ 7 ᠠᠷᠭ᠎ᠠ      ᠲᠠ 20 ᠨᠠᠰᠤ ᠲᠠᠢ᠂ ᠠᠮᠢᠳᠤᠷᠠᠯ ᠲᠠᠨᠢ ᠭᠡᠨᠡᠳᠳᠡ ᠶᠢᠨ ᠥᠭᠡᠷᠡᠴᠢᠯᠡᠯᠳᠡ᠂ ᠬᠥᠭᠵᠢᠯᠳᠡᠢ ᠦᠢᠯᠡ ᠶᠠᠪᠤᠳᠠᠯ  ᠢᠶᠠᠷ ᠲᠦᠭᠦᠷᠡᠩ ᠪᠠᠶᠢᠨ᠎ᠠ ᠤᠤ︖ ᠭᠡᠭᠦ ᠳᠡᠭᠡᠨ ᠡᠨᠡ ᠨᠠᠰᠤ ᠪᠤᠯ ᠵᠦᠭᠡᠷ ᠨᠢᠭᠡ ᠬᠥᠭᠵᠢᠯᠳᠦᠭᠡᠳ ᠥᠩᠭᠡᠷᠡᠭᠦ ᠪᠢᠰᠢ᠂ ᠦᠯᠡᠳᠡᠭᠰᠡᠨ ᠠᠮᠢᠳᠤᠷᠠᠯ ᠳᠠᠭᠠᠨ ᠬᠠᠮᠢᠭᠠᠰᠢ ᠨᠢ ᠵᠠᠯᠠᠭᠤᠷᠳᠠᠬᠤ ᠪᠤᠢ ᠭᠡᠳᠡᠭ ᠢ ᠰᠢᠢᠳᠭᠦ ᠴᠢᠬᠤᠯᠠ ᠦᠶ᠎ᠡ ᠭᠡᠳᠡᠭ ᠢ ᠰᠠᠨᠠᠭᠠᠷᠠᠢ᠃ ︽20 ᠨᠠᠰᠤᠨ ᠳᠠᠭᠠᠨ ᠶᠠᠭᠤ ᠬᠢᠵᠦ ᠪᠦᠲᠦᠭᠡᠭᠰᠡᠨ ᠪᠠᠶᠢᠬᠤ ᠶᠤᠰᠤᠳᠠᠢ ᠪᠤᠢ︖︾ ᠭᠡᠰᠡᠨ ᠠᠰᠠᠭᠤᠯᠳᠠ ᠶᠢ ᠬᠥᠮᠥᠰ ᠲᠤ ᠳᠠᠯᠪᠢᠵᠤ ᠰᠢᠯᠢᠳᠡᠭ ᠭᠡᠰᠡᠨ ᠬᠠᠷᠢᠭᠤᠯᠳᠠ ᠨᠤᠭᠤᠳ ᠢ ᠪᠠᠭᠴᠠᠯᠠᠨ ᠲᠠᠨ ᠳᠤ ᠬᠦᠷᠭᠡᠵᠦ ᠪᠠᠶᠢᠨ᠎ᠠ  ᠃     ⒈ ᠨᠢᠭᠡ ᠢᠵᠢᠯ ᠲᠥᠷᠥᠯ ᠤᠨ ᠬᠥᠮᠥᠰ ᠲᠠᠢ ᠴᠠᠭ ᠢᠶᠠᠨ ᠪᠢᠳᠡᠭᠡᠢ ᠦᠷᠡᠭᠡ      ᠥᠭᠡᠷ᠎ᠡ ᠥᠭᠡᠷ᠎ᠡ ᠰᠤᠶᠤᠯ ᠶᠤᠰᠤ ᠵᠠᠩᠰᠢᠯ ᠲᠠᠢ᠂ ᠥᠭᠡᠷ᠎ᠡ ᠬᠡᠯᠡ ᠪᠠᠷ ᠶᠠᠷᠢᠳᠠᠭ᠂ ᠥᠭᠡᠷ᠎ᠡ ᠨᠠᠰᠤᠨ ᠤ ᠪᠦᠯᠦᠭ ᠲᠤ ᠬᠠᠮᠤᠷᠠᠭᠳᠠᠬᠤ ᠲᠡᠶᠢᠮᠦ ᠯᠡ ᠬᠥᠮᠥᠰ ᠲᠠᠢ ᠨᠠᠶᠢᠵᠠᠯᠠᠵᠤ ᠨᠥᠭᠦᠷᠯᠡᠭᠡᠳ ᠦᠵᠡ᠃ ᠬᠠᠭᠤᠴᠢᠨ ᠨᠥᠭᠦᠷᠯᠠᠯ ᠢᠶᠠᠨ ᠬᠠᠳᠠᠭᠠᠯᠬᠤ ᠨᠢ ᠴᠢᠬᠤᠯᠠ ᠪᠤᠯᠪᠠᠴᠤ ᠥᠪᠡᠷ ᠤᠨ ᠬᠦᠷᠢᠶᠡᠯᠡᠯ ᠠᠴᠠ ᠬᠠᠯᠢᠵᠤ ᠰᠢᠨ᠎ᠡ ᠬᠥᠮᠥᠰ ᠲᠠᠢ ᠬᠠᠷᠢᠯᠴᠠᠭ᠎ᠠ ᠬᠤᠯᠪᠤᠭ᠎ᠠ ᠡᠭᠦᠰᠭᠡᠭᠦ ᠨᠢ ᠴᠦ ᠮᠥᠨ ᠠᠳᠠᠯᠢ ᠴᠢᠬᠤᠯᠠ ᠶᠤᠮ ᠰᠢᠦ  ᠃     ⒉ ᠭᠡᠷ ᠪᠦᠯᠢ ᠶᠢᠨ ᠢᠶᠠᠨ ᠬᠠᠯᠠᠮᠵᠢᠯᠠᠬᠤ ᠪᠠᠨ ᠪᠤᠤ ᠮᠠᠷᠳᠠ      ᠡᠷᠬᠡ ᠴᠢᠯᠦᠭᠡ ᠶᠢ ᠮᠡᠲᠡᠷᠡ᠂ ᠭᠡᠭᠦ ᠳᠡᠭᠡᠨ ᠪᠢᠳᠡᠭᠡᠢ ᠬᠡᠲᠦᠷᠡᠭᠦᠯ᠃ ᠡᠴᠢᠭᠡ ᠡᠬᠡ ᠶᠢ ᠪᠠᠨ ᠬᠠᠶᠢᠷᠠᠯᠠᠵᠤ᠂ ᠭᠡᠷ ᠪᠦᠯᠢ ᠶᠢᠨ ᠬᠢ ᠲᠠᠢ ᠪᠠᠨ ᠬᠠᠮᠳᠤ ᠪᠠᠶᠢᠬᠤ ᠴᠠᠭ ᠢ ᠬᠥᠭᠵᠢᠯᠳᠠᠢ ᠥᠩᠭᠡᠷᠡᠭᠦᠯᠦᠭᠡᠷᠡᠢ  ᠃     ⒊ ᠬᠤᠪᠴᠠᠰᠤ ᠬᠤᠳᠠᠯᠳᠤᠵᠤ ᠠᠪᠬᠤ ᠳᠤ ᠪᠢᠰᠢ ᠠᠶᠠᠯᠠᠬᠤ ᠳᠤ ᠮᠥᠩᠭᠦ ᠵᠠᠷᠤᠴᠠᠭᠤᠯ      ᠬᠡᠳᠦ ᠦᠨᠡᠳᠡᠢ ᠲᠠᠩᠰᠤᠭ ᠬᠡᠷᠡᠭᠯᠡᠭᠡᠨ ᠤ ᠵᠦᠢᠯ ᠬᠤᠳᠠᠯᠳᠤᠵᠤ ᠠᠪᠬᠤ ᠶᠢᠨ ᠤᠷᠤᠨ ᠳᠤ ᠳᠤᠷᠠᠰᠤᠮᠵᠢ ᠪᠤᠯᠵᠤ ᠦᠯᠡᠳᠡᠭᠦ ᠠᠶᠠᠯᠠᠯ ᠬᠢᠭᠡᠷᠡᠢ᠃ ᠮᠠᠷᠭᠦ ᠫᠤᠯᠤ ᠶᠢᠨ ᠬᠡᠯᠡᠭᠰᠡᠨᠴᠢᠯᠡᠨ᠂ ᠠᠶᠠᠯᠠᠨ᠎ᠡ ᠭᠡᠳᠡᠭ ᠨᠢ ᠶᠡᠭᠡ ᠮᠥᠩᠭᠦ ᠦᠷᠡᠭᠡᠭᠦ ᠶᠢᠨ ᠨᠡᠷ᠎ᠡ ᠪᠢᠰᠢ ᠶᠤᠮ᠃ ︽ᠬᠦᠷᠴᠦ ᠤᠴᠢᠬᠤ ᠳᠤ ᠠᠮᠠᠷᠬᠠᠨ ᠭᠠᠵᠠᠷ ᠠᠴᠠ ᠠᠶᠠᠯᠠᠯ ᠢᠶᠠᠨ ᠡᠬᠢᠯᠡᠭᠡᠷᠡᠢ᠂ ᠦᠭᠡᠢ ᠪᠤᠯ ᠲᠠ ᠲᠤᠮᠤ ᠠᠶᠠᠯᠠᠯ ᠬᠢᠭᠦ ᠮᠥᠩᠭᠦ ᠪᠠᠨ ᠬᠠᠳᠠᠭᠠᠯᠠᠬᠤ ᠳᠤ ᠶᠡᠬᠡᠭᠡᠨ ᠬᠤᠭᠤᠴᠠᠭ᠎ᠠ ᠵᠠᠷᠤᠴᠠᠭᠤᠯᠵᠤ ᠪᠤᠯᠬᠤ ᠶᠤᠮ︾ ᠬᠡᠮᠡᠨ ᠲᠡᠷᠡᠪᠡᠷ ᠬᠡᠯᠡᠭᠰᠡᠨ ᠪᠠᠶᠢᠳᠠᠭ᠃ ᠲᠡᠶᠢᠮᠦ ᠠᠴᠠ ᠬᠡᠷᠬᠢᠨ ᠪᠠᠭ᠎ᠠ ᠵᠠᠷᠤᠳᠠᠯ ᠢᠶᠠᠷ ᠠᠶᠠᠯᠠᠵᠤ ᠪᠤᠯᠬᠤ ᠶᠢ ᠪᠤᠳᠤᠵᠤ ᠤᠯᠤᠭᠠᠷᠠᠢ᠃     ⒋ ᠪᠤᠰᠤᠳ ᠲᠠᠢ ᠨᠠᠶᠢᠷᠰᠠᠭ ᠪᠠᠶᠢᠭᠠᠷᠠᠢ      20 ᠨᠠᠰᠤ ᠭᠡᠳᠡᠭ ᠪᠤᠯ ᠥᠪᠡᠷ ᠤᠨ ᠬᠤᠪᠢ ᠶᠢᠨ ᠵᠤᠷᠢᠯᠳᠠ ᠤᠳ ᠢᠶᠠᠨ ᠪᠡᠶᠡᠯᠡᠭᠦᠯᠵᠦ᠂ ᠥᠪᠡᠷ ᠤᠨ ᠢᠶᠠᠨ ᠬᠢᠭᠦ ᠶᠢ ᠬᠦᠰᠡᠵᠦ ᠪᠤᠢ ᠵᠦᠢᠯᠡᠰ ᠢ ᠤᠯᠬᠤ ᠨᠠᠰᠤ ᠮᠥᠨ ᠪᠤᠯᠪᠠᠴᠤ ᠪᠤᠰᠤᠳ ᠢ ᠪᠢᠳᠡᠭᠡᠢ ᠤᠷᠬᠢᠭᠳᠠᠭᠤᠯᠤᠭᠠᠷᠠᠢ᠃ ᠵᠢᠵᠢᠭ ᠲᠤᠮᠤ ᠨᠢ ᠬᠠᠮᠢᠶ᠎ᠠ ᠦᠭᠡᠢ ᠬᠥᠮᠥᠰ ᠲᠤ ᠴᠢᠳᠠᠯ ᠤᠨ ᠢᠶᠠᠨ ᠬᠢᠷᠢ ᠪᠠᠷ ᠲᠤᠰᠠ ᠪᠤᠯᠬᠤ ᠶᠢ ᠬᠢᠴᠢᠶᠡᠭᠡᠷᠡᠢ᠃ ᠭᠡᠷ ᠤᠷᠤᠨ ᠦᠭᠡᠢ ᠨᠢᠭᠡᠨ ᠳᠤᠨᠢ ᠠᠮᠢᠳᠤᠷᠠᠯ ᠢᠶᠠᠨ ᠤᠯᠵᠤ ᠠᠪᠬᠤ ᠳᠤᠨᠢ ᠲᠤᠰᠠᠯᠠ᠃ ᠰᠠᠶᠢᠨ ᠳᠤᠷ᠎ᠠ ᠶᠢᠨ ᠪᠠᠶᠢᠭᠤᠯᠤᠯᠭ᠎ᠠ ᠳᠤ ᠪᠤᠯᠤᠮᠵᠢ ᠶᠢᠨ ᠢᠶᠠᠨ ᠬᠢᠷᠢ ᠪᠠᠷ ᠬᠠᠨᠳᠢᠪ ᠢᠶᠠᠨ ᠡᠷᠭᠦ᠃ ᠬᠡᠨ ᠨᠢᠭᠡᠨ ᠤ ᠠᠮᠢᠳᠤᠷᠠᠯ ᠢ ᠰᠠᠶᠢᠨ ᠲᠠᠯ᠎ᠠ ᠤᠷᠤᠭᠤ ᠨᠢ ᠴᠢᠭᠯᠡᠭᠦᠯᠵᠦ ᠥᠭᠡᠷᠡᠴᠢᠯᠡᠵᠦ ᠥᠭᠭᠦᠭᠡᠷᠡᠢ᠃     ⒌ ᠬᠢᠭᠦ ᠶᠤᠰᠤᠳᠠᠢ ᠬᠡᠰᠡᠨ ᠪᠦᠭᠦᠨ ᠢ ᠬᠢᠭᠦ ᠬᠡᠷᠡᠭᠲᠡᠢ      ᠲᠡᠭᠦᠨ ᠤ ᠤᠷᠤᠨ ᠳᠤ ᠥᠪᠡᠷ ᠲᠡᠭᠡᠨ ᠳᠠᠭᠠᠯᠠᠭᠳᠠᠵᠤ ᠪᠤᠢ ᠵᠦᠢᠯ ᠢᠶᠠᠨ ᠬᠢᠭᠡᠷᠡᠢ᠃ ᠥᠪᠡᠷ ᠲᠡᠭᠡᠨ ᠪᠤᠯᠤᠨ ᠥᠪᠡᠷ ᠤᠨ ᠢᠶᠠᠨ ᠭᠠᠷᠭᠠᠭᠰᠠᠨ ᠰᠢᠢᠳᠪᠤᠷᠢ ᠳᠤ ᠦᠨᠡᠨᠴᠢ ᠪᠠᠶᠢᠬᠤ ᠬᠡᠷᠡᠭᠲᠡᠢ᠃ ᠲᠠ ᠥᠪᠡᠷ ᠤᠨ ᠢᠶᠠᠨ ᠠᠮᠢᠳᠤᠷᠠᠯ  ᠳᠤ ᠡᠵᠡᠨ ᠨᠢ ᠪᠤᠯᠵᠤ ᠠᠮᠢᠳᠤᠷᠠᠬᠤ ᠶᠤᠰᠤᠳᠠᠢ ᠪᠤᠯᠬᠤ ᠠᠴᠠ ᠬᠡᠨ ᠨᠢᠭᠡᠨ ᠤ ᠠᠮᠢᠳᠤᠷᠠᠯ ᠢᠶᠠᠨ ᠠᠮᠢᠳᠤᠷᠠᠨ᠎ᠠ ᠭᠡᠳᠡᠭ ᠤᠳᠬ᠎ᠠ ᠦᠭᠡᠢ ᠬᠡᠷᠡᠭ᠃     ⒍ 30 ᠪᠤᠯᠤᠨ 40 ᠨᠠᠰᠤᠨ ᠳᠠᠭᠠᠨ ᠶᠠᠭᠠᠬᠢᠬᠤ ᠪᠤᠯ ᠭᠡᠵᠦ ᠰᠠᠨᠠᠭ᠎ᠠ ᠵᠤᠪᠠᠭ᠋ᠤ ᠬᠡᠷᠡᠭ ᠦᠭᠡᠢ      ᠢᠷᠡᠭᠡᠳᠦᠢ ᠪᠠᠨ ᠲᠥᠯᠥᠪᠯᠡᠭᠦ ᠨᠢ ᠰᠠᠶᠢᠨ ᠭᠡᠷᠡᠭ ᠪᠤᠯᠪᠠᠴᠤ ᠥᠨᠥᠳᠥᠷ ᠤᠨ ᠬᠢᠭᠦ ᠠᠵᠢᠯ ᠳᠠᠭᠠᠨ ᠪᠦᠷᠢᠨ ᠲᠥᠪᠯᠡᠷᠡᠭᠦ ᠦᠭᠡᠢ ᠪᠠᠷ ᠢᠷᠡᠭᠡᠳᠦᠢ ᠳᠡᠭᠡᠨ ᠰᠠᠨᠠᠭ᠎ᠠ ᠵᠤᠪᠠᠭ᠋ᠤ ᠨᠢ ᠬᠡᠢ ᠲᠡᠮᠡᠢ ᠰᠠᠨᠠᠭ᠎ᠠ ᠵᠤᠪᠠᠭᠠᠭᠰᠠᠨ ᠠᠰᠠᠭᠤᠳᠠᠯ ᠲᠡᠳᠦᠢ ᠵᠦᠢᠯ᠃     ⒎ ᠲᠠ ᠰᠤᠷᠭᠠᠭᠤᠯᠢ ᠪᠠᠨ ᠲᠡᠭᠦᠰᠦᠭᠰᠡᠨ ᠪᠠᠶᠢᠵᠤ ᠪᠤᠯᠬᠤ ᠴᠤ ᠰᠤᠷᠤᠯᠴᠠᠬᠤ ᠵᠦᠢᠯ ᠬᠡᠵᠢᠶ᠎ᠡ ᠴᠦ ᠳᠠᠭᠤᠰᠳᠠᠭ ᠦᠭᠡᠢ      ᠤᠩᠰᠢᠵᠤ᠂ ᠪᠢᠴᠢᠵᠤ᠂ ᠬᠠᠷᠢᠯᠴᠠᠭ᠎ᠠ ᠬᠤᠯᠪᠤᠭ᠎ᠠ ᠪᠠᠨ ᠡᠭᠦᠰᠭᠡᠵᠦ ᠥᠪᠡᠷ ᠢ ᠪᠠᠨ ᠪᠠᠶᠢᠩᠭᠤ ᠬᠥᠭᠵᠢᠭᠦᠯᠦᠭᠰᠡᠭᠡᠷ ᠪᠠᠶᠢᠭᠠᠷᠠᠢ᠃
 
ᠢᠷᠡᠯᠲᠡ᠄ ᠠᠯᠠᠱᠠ ᠶᠢᠨ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号