ᠠᠨᠠᠷ᠄ ᠰᠢᠯᠦᠰᠦ ᠬᠤᠷᠠᠭᠤᠯᠵᠤ᠂ ᠴᠠᠩᠭᠠᠵᠤ ᠤᠮᠳᠠᠭᠠᠰᠬᠤ ᠶᠢ ᠬᠤᠷᠢᠬᠯᠠᠬᠤ ᠦᠢᠯᠡᠳᠦᠯ ᠲᠠᠢ᠃ ᠰᠢᠯᠦᠰᠦ | ᠬᠦᠷᠦᠯᠴᠠᠬᠦ ᠦᠬᠡᠢ᠂ ᠠᠮᠠ ᠬᠠᠳᠠᠨ᠂ ᠬᠤᠭᠤᠯᠠᠢ ᠬᠠᠳᠠᠳᠠᠭ ᠬᠦᠮᠦᠰ ᠠᠨᠠᠷ ᠢ ᠰᠢᠬᠦᠰᠦᠵᠢᠬᠦᠯᠬᠦ ᠪᠤᠶᠤ ᠠᠨᠠᠷ ᠢ | ᠴᠢᠨᠠᠭᠠᠳ ᠤᠤᠭᠤᠪᠠᠯ ᠬᠠᠯᠠᠭᠤᠨ ᠢ ᠲᠠᠭᠤᠵᠤ ᠬᠤᠤᠷ ᠢ ᠲᠠᠶᠢᠯᠤᠨ᠂ ᠠᠭᠤᠰᠬᠢ ᠶᠢ ᠵᠦᠬᠡᠯᠡᠷᠡᠬᠦᠯᠦᠨ ᠬᠠᠨᠢᠶᠠᠳᠤ ᠶᠢ | ᠵᠤᠬᠰᠤᠭᠠᠨ᠎ᠠ᠃ | ᠬᠡᠯᠡᠬᠡᠢ ᠰᠠᠷᠠᠨ᠎ᠠ᠄ ᠠᠭᠤᠰᠬᠢ ᠶᠢ ᠵᠦᠬᠡᠯᠡᠷᠡᠬᠦᠯᠦᠨ᠂ ᠬᠠᠨᠢᠶᠠᠳᠤ ᠶᠢ ᠵᠤᠬᠰᠤᠭᠠᠵᠤ᠂ ᠰᠡᠳᠬᠢᠯ ᠰᠠᠨᠠᠭ᠎ᠠ ᠶᠢ | ᠲᠠᠶᠢᠪᠤᠰᠢᠷᠠᠭᠤᠯᠤᠨ᠎ᠠ᠃ ᠠᠭᠤᠰᠬᠢᠨ ᠰᠦᠷᠢᠶ᠎ᠠ᠂ ᠰᠠᠯᠪᠤᠷᠢ ᠮᠦᠬᠡᠷᠰᠦᠨ ᠬᠤᠭᠤᠯᠠᠢ ᠶᠢᠨ ᠦᠷᠪᠢᠰᠦᠯ᠂ ᠰᠠᠯᠪᠤᠷᠢ | ᠮᠦᠬᠡᠷᠰᠦᠨ ᠬᠤᠭᠤᠯᠠᠢ ᠶᠢᠨ ᠲᠡᠯᠡᠭᠳᠡᠯ ᠪᠤᠯᠤᠨ ᠡᠯ᠎ᠠ ᠵᠦᠢᠯ ᠤᠨ ᠬᠠᠭᠤᠷᠠᠢ ᠠᠴᠠ ᠪᠤᠯᠤᠬᠰᠠᠨ ᠡᠪᠡᠳᠴᠢᠨ ᠡᠮᠬᠡᠭ ᠢ | ᠨᠠᠯᠢᠶᠠᠳ ᠪᠦᠳᠦᠮᠵᠢᠳᠡᠢ ᠡᠮᠨᠡᠨ ᠵᠠᠰᠠᠨ᠎ᠠ᠃ ᠬᠡᠯᠡᠬᠡᠢ ᠰᠠᠷᠠᠨ᠎ᠠ ᠶᠢ ᠪᠤᠯᠭᠤᠭᠠᠳ ᠢᠳᠡᠪᠡᠯ ᠤᠳᠠᠭᠠᠨ ᠡᠳᠦᠷ ᠤᠨ | ᠬᠠᠨᠢᠶᠠᠳᠤ᠂ ᠬᠠᠭᠤᠷᠠᠢ ᠬᠠᠨᠢᠶᠠᠳᠤ᠂ ᠬᠤᠭᠤᠯᠠᠢ ᠡᠪᠡᠳᠬᠦ ᠵᠡᠷᠭᠡ ᠡᠪᠡᠳᠴᠢᠨ ᠡᠮᠬᠡᠭ ᠡᠳᠡᠭᠡᠷᠡᠨᠠ᠃ | ᠠᠯᠢᠮ᠎ᠠ᠄ ᠬᠠᠯᠠᠭᠤᠨ ᠢ ᠲᠠᠭᠤᠨ᠂ ᠬᠤᠤᠷ ᠢ ᠲᠠᠶᠢᠯᠵᠤ ᠠᠭᠤᠰᠬᠢ ᠶᠢ ᠵᠦᠬᠡᠯᠡᠷᠡᠬᠦᠯᠦᠨ᠂ ᠬᠠᠨᠢᠶᠠᠳᠤ ᠶᠢ | ᠵᠤᠬᠰᠤᠭᠠᠨ᠂ ᠴᠠᠷ ᠢ ᠬᠤᠪᠬᠤᠷᠠᠭᠤᠯᠤᠨᠠ᠃ ᠲᠦᠬᠦᠬᠡᠢ ᠪᠠᠷ ᠢᠳᠡᠬᠦ᠂ ᠤᠮᠳᠠᠭᠠᠨ ᠪᠤᠯᠭᠠᠨ ᠤᠤᠭᠤᠬᠤ᠂ ᠴᠢᠨᠠᠵᠤ | ᠢᠳᠡᠬᠦ᠂ ᠪᠤᠴᠠᠯᠭᠠᠵᠤ ᠬᠠᠨᠳᠠᠯᠠᠬᠤ ᠵᠡᠷᠭᠡ ᠨᠢ ᠠᠭᠤᠰᠬᠢᠨ ᠬᠠᠯᠠᠭᠤᠨ ᠢᠶᠠᠷ ᠬᠠᠨᠢᠶᠠᠯᠭᠠᠬᠤ᠂ ᠤᠯᠠᠭᠠᠨ ᠨᠤᠳ ᠪᠤᠯᠤᠨ | ᠨᠠᠰᠤᠳᠠᠶᠢᠴᠤᠳ ᠤᠨ ᠪᠦᠭᠰᠢᠨ ᠬᠠᠨᠢᠶᠠᠯᠭᠠᠬᠤ᠂ ᠰᠠᠯᠪᠤᠷᠢ ᠮᠦᠬᠡᠷᠰᠦᠨ ᠬᠤᠭᠤᠯᠠᠢ ᠶᠢᠨ ᠦᠷᠪᠢᠰᠦᠯ ᠵᠡᠷᠭᠡ | ᠡᠪᠡᠳᠴᠢᠨ ᠡᠮᠬᠡᠭ ᠢ ᠨᠠᠯᠢᠶᠠᠳ ᠪᠦᠳᠦᠮᠵᠢᠳᠡᠢ ᠡᠮᠨᠡᠬᠦ ᠦᠢᠯᠡᠳᠦᠯ ᠲᠠᠢ᠃ ᠬᠡᠷᠪᠡ ᠰᠦᠨ ᠦᠨᠳᠦᠰᠦ᠂ ᠪᠠᠯ᠂ | ᠨᠢᠰᠢᠩᠬᠦ ᠵᠡᠷᠭᠡ ᠲᠠᠢ ᠬᠤᠯᠢᠵᠤ ᠰᠢᠬᠦᠰᠦᠵᠢᠬᠦᠯᠦᠬᠡᠳ ᠤᠤᠭᠤᠪᠠᠯ ᠨᠡᠩ ᠰᠠᠶᠢᠨ ᠦᠷ᠎ᠠ ᠳ᠋ᠦᠡᠭ ᠲᠠᠢ᠃ | ᠴᠠᠭᠠᠨ ᠲᠠᠯᠳᠠᠤ᠄ ᠠᠭᠤᠰᠬᠢ ᠶᠢ ᠵᠦᠬᠡᠯᠡᠷᠡᠬᠦᠯᠵᠤ ᠴᠡᠷ ᠢ ᠬᠤᠪᠬᠤᠷᠠᠭᠤᠯᠤᠨ᠂ ᠪᠢᠯᠢᠭ ᠢ ᠲᠡᠵᠢᠬᠡᠨ ᠰᠢᠯᠦᠰᠦ | ᠬᠤᠷᠠᠭᠤᠯᠤᠨ᠎ᠠ᠃ ᠨᠤᠭᠤᠭ᠎ᠠ ᠵᠠᠭᠤᠰᠢ ᠬᠢᠬᠦ ᠪᠤᠶᠤ ᠴᠢᠨᠠᠵᠤ ᠰᠢᠯᠵᠠᠯᠤᠭᠠᠳ ᠢᠳᠡᠪᠡᠯ ᠪᠢᠯᠢᠭ ᠤᠨ ᠲᠠᠮᠢᠷ ᠲᠤᠷᠤᠢ᠂ | ᠴᠠᠷ ᠦᠬᠡᠢ ᠬᠠᠭᠤᠷᠠᠢ ᠪᠠᠷ ᠬᠠᠨᠢᠶᠠᠬᠤ ᠪᠤᠶᠤ ᠴᠠᠷ ᠠᠷᠪᠢᠳᠬᠤ᠂ ᠬᠤᠭᠤᠯᠠᠢ ᠠᠮᠠ ᠬᠠᠳᠠᠵᠤ ᠴᠠᠩᠭᠠᠬᠤ ᠵᠡᠷᠭᠡ | ᠬᠡᠮ ᠢ ᠵᠠᠰᠠᠨ᠎ᠠ᠃ ᠬᠡᠯᠡᠬᠡᠢ ᠰᠠᠷᠠᠨ᠎ᠠ ᠲᠠᠢ ᠴᠤᠭ ᠪᠤᠯᠭᠤᠭᠠᠳ ᠢᠳᠡᠪᠡᠯ ᠨᠡᠩ ᠰᠠᠶᠢᠨ ᠡᠮᠴᠢᠯᠡᠬᠡᠨ ᠤ ᠦᠷ᠎ᠠ | ᠳ᠋ᠦᠡᠭ ᠳᠤ ᠬᠦᠷᠦᠨ᠎ᠠ᠃ | ᠨᠢᠰᠢᠩᠬᠦ᠄ ᠨᠢᠰᠢᠩᠬᠦ ᠶᠢᠨ ᠰᠢᠬᠦᠰᠦ ᠨᠢ ᠰᠢᠬᠢᠷᠯᠢᠭ ᠠᠮᠳᠠ ᠲᠠᠢ᠃ ᠬᠠᠯᠠᠭᠤᠨ ᠢ ᠲᠠᠭᠤᠵᠤ᠂ ᠬᠠᠭᠤᠷᠠᠢ ᠶᠢ | ᠵᠦᠬᠡᠯᠡᠷᠡᠬᠦᠯᠵᠤ᠂ ᠲᠡᠵᠢᠬᠡᠯ ᠨᠦᠬᠦᠪᠦᠷᠢᠯᠡᠬᠦ ᠤᠬᠢ ᠢᠳᠡᠬᠡᠨ ᠶᠤᠮ᠃ ᠴᠠᠷ ᠢ ᠬᠤᠪᠬᠤᠷᠠᠭᠤᠯᠤᠨ ᠬᠠᠨᠢᠶᠠᠳᠤ ᠶᠢ | ᠨᠠᠮᠳᠠᠭᠤᠯᠬᠤ ᠦᠢᠯᠠᠳᠦᠯ ᠲᠠᠢ᠃ ᠬᠡᠯᠡ ᠠᠮᠠ ᠬᠠᠳᠠᠵᠤ ᠬᠠᠭᠤᠷᠠᠶᠢᠰᠢᠬᠤ᠂ ᠬᠤᠷᠭᠤᠰᠤᠯᠠᠬᠤ᠂ ᠬᠠᠯᠠᠭᠤᠷᠠᠵᠤ | ᠪᠤᠬᠢᠨᠢᠳᠤᠬᠤ᠂ ᠴᠠᠩᠭᠠᠬᠤ ᠵᠡᠷᠭᠡ ᠡᠪᠡᠳᠴᠢᠨ ᠡᠮᠬᠡᠭ ᠢ ᠡᠮᠴᠢᠯᠠᠨᠠ᠃ | ᠱᠠᠪᠳᠠᠯ᠎ᠠ᠄ ᠠᠭᠤᠰᠬᠢ ᠶᠢ ᠵᠦᠬᠡᠯᠡᠷᠡᠬᠦᠯᠵᠤ ᠬᠠᠨᠢᠶᠠᠳᠤ ᠶᠢ ᠵᠤᠬᠰᠤᠭᠠᠨ᠂ ᠬᠠᠯᠠᠭᠤᠨ ᠢ ᠲᠠᠭᠤᠵᠤ᠂ ᠴᠠᠷ ᠢ | ᠬᠤᠪᠬᠤᠷᠠᠭᠤᠯᠬᠤ ᠦᠢᠯᠠᠳᠦᠯ ᠲᠠᠢ᠃ ᠰᠢᠨ᠎ᠠ ᠰᠤᠷᠭᠤᠭ ᠱᠠᠪᠳᠠᠯ᠎ᠠ ᠶᠢ ᠲᠦᠬᠦᠬᠡᠢ ᠪᠠᠷ ᠢᠳᠡᠪᠡᠯ ᠠᠭᠤᠰᠬᠢᠨ | ᠰᠦᠷᠢᠶ᠎ᠠ ᠪᠠᠷ ᠬᠠᠨᠢᠶᠠᠯᠭᠠᠬᠤ᠂ ᠬᠠᠨᠢᠶᠠᠯᠭᠠᠵᠤ ᠴᠠᠷ ᠠᠷᠪᠢᠳᠬᠤ ᠵᠡᠷᠭᠡ ᠶᠢ ᠵᠠᠰᠠᠨ᠎ᠠ᠃ ᠪᠤᠯᠪᠠᠰᠤᠷᠠᠭᠰᠠᠨ ᠵᠦᠬᠡᠯᠡᠨ | ᠤᠯᠠᠭᠠᠨ ᠱᠠᠪᠳᠠᠯ᠎ᠠ ᠬᠠᠯᠠᠭᠤᠨ ᠡᠪᠡᠳᠴᠢᠨ ᠠᠴᠠ ᠪᠤᠯᠵᠤ ᠤᠮᠳᠠᠭᠠᠰᠬᠤ᠂ ᠠᠮᠠ ᠬᠠᠳᠠᠵᠤ᠂ ᠤᠷᠤᠭᠤᠯ ᠢᠯᠪᠤᠷᠠᠬᠤ᠂ | ᠲᠤᠳᠤᠷ᠎ᠠ ᠪᠤᠬᠢᠨᠢᠳᠤᠨ ᠬᠠᠯᠠᠭᠤᠷᠠᠬᠤ ᠵᠡᠷᠭᠡ ᠡᠪᠡᠳᠴᠢᠨ ᠡᠮᠬᠡᠭ ᠢ ᠡᠮᠴᠢᠯᠡᠬᠦ ᠦᠢᠯᠡᠳᠦᠯ ᠲᠠᠢ᠃ | ᠦᠵᠦᠮ᠄ ᠡᠯᠢᠬᠡ ᠪᠦᠬᠡᠷᠡᠨ ᠳᠤ ᠲᠠᠮᠢᠷ ᠨᠦᠬᠦᠵᠤ᠂ ᠬᠡᠢ ᠴᠢᠰᠦᠨ ᠤ ᠡᠷᠬᠢᠯᠳᠡ ᠶᠢ ᠰᠠᠶᠢᠵᠢᠷᠠᠭᠤᠯᠤᠨ᠂ | ᠰᠢᠬᠡᠯᠬᠡᠬᠦ ᠵᠡᠷᠭᠡ ᠦᠢᠯᠳᠦᠯ ᠲᠠᠢ᠃ ᠲᠦᠬᠦᠬᠡᠢ ᠪᠠᠷ ᠢᠳᠡᠪᠡᠯ ᠪᠢᠯᠢᠭ ᠢ ᠲᠡᠵᠢᠬᠡᠨ᠂ ᠪᠤᠬᠢᠨᠢᠳᠦᠯ ᠢ ᠲᠠᠶᠢᠯᠵᠤ᠂ | ᠰᠢᠬᠦᠰᠦᠵᠢᠬᠦᠯᠦᠬᠡᠳ ᠪᠠᠯ ᠲᠠᠢ ᠴᠢᠨᠠᠵᠤ ᠬᠠᠨᠳᠠᠯᠠᠭᠠᠳ ᠬᠠᠯᠠᠭᠤᠨ ᠤᠰᠤ ᠪᠠᠷ ᠤᠤᠭᠤᠪᠠᠯ ᠪᠤᠬᠢᠨᠢᠳᠦᠨ ᠬᠠᠯᠠᠭᠤᠷᠠᠵᠤ | ᠂ ᠠᠮᠠ ᠬᠠᠳᠠᠵᠤ ᠴᠠᠩᠭᠠᠬᠤ ᠵᠡᠷᠭᠡ ᠳᠤ ᠤᠨᠴᠠ ᠲᠤᠰᠠᠳᠠᠢ᠃ | ᠯᠤᠤᠪᠠᠨᠭ᠌᠄ ᠬᠠᠯᠠᠭᠤᠨ ᠢ ᠲᠠᠭᠤᠵᠤ᠂ ᠴᠠᠷ ᠢ ᠬᠤᠪᠬᠤᠷᠠᠭᠤᠯᠤᠨ᠂ ᠬᠠᠨᠢᠶᠠᠳᠤ ᠶᠢ ᠵᠤᠬᠰᠤᠭᠠᠨ᠂ | ᠬᠤᠳᠤᠭᠤᠳᠤ ᠶᠢ ᠰᠠᠶᠢᠵᠢᠷᠠᠭᠤᠯᠵᠤ᠂ ᠰᠢᠩᠬᠡᠬᠡᠯᠳᠡ ᠳᠤ ᠲᠤᠰᠠᠯᠠᠨ᠎ᠠ᠃ ᠲᠦᠬᠦᠬᠡᠢ ᠪᠠᠷ ᠢᠳᠡᠪᠡᠯ ᠬᠠᠯᠠᠭᠤᠨ | ᠡᠪᠡᠳᠴᠢᠨ ᠠᠴᠠ ᠪᠤᠯᠵᠤ ᠴᠠᠩᠭᠠᠬᠤ᠂ ᠠᠭᠤᠰᠬᠢᠨ ᠬᠠᠯᠠᠭᠤᠨ ᠢᠶᠠᠷ ᠬᠠᠨᠢᠶᠠᠯᠭᠠᠬᠤ᠂ ᠴᠡᠷ ᠦᠳᠬᠡᠷᠡᠬᠦ ᠵᠡᠷᠭᠡ | ᠡᠪᠡᠳᠴᠢᠨ ᠡᠮᠬᠡᠭ ᠢ ᠡᠮᠴᠢᠯᠠᠨᠠ᠃ ᠬᠡᠷᠪᠡ ᠨᠢᠰᠢᠩᠬᠦ᠂ ᠠᠯᠢᠮ᠎ᠠ᠂ ᠯᠢᠩᠬᠸ᠎ᠠ ᠶᠢᠨ ᠦᠨᠳᠦᠰᠦ ᠵᠡᠷᠭᠡ ᠲᠠᠢ ᠴᠤᠭ | ᠤᠮᠳᠠᠭᠠᠨ ᠪᠤᠯᠭᠠᠵᠤ ᠤᠤᠭᠤᠪᠠᠯ ᠨᠠᠩ ᠰᠠᠶᠢᠨ ᠦᠷ᠎ᠠ ᠳ᠋ᠦᠡᠭ ᠭᠠᠷᠤᠨ᠎ᠠ᠃ | ᠰᠦᠨ ᠦᠨᠳᠦᠰᠦ᠄ ᠬᠠᠯᠠᠭᠤᠨ ᠢ ᠲᠠᠭᠤᠵᠤ᠂ ᠴᠠᠷ ᠢ ᠬᠤᠪᠬᠤᠷᠠᠭᠤᠯᠤᠨ᠂ ᠴᠢᠰᠦᠨ ᠬᠠᠯᠠᠭᠤᠨ ᠢ ᠠᠷᠢᠯᠭᠠᠵᠤ | ᠂ ᠬᠤᠤᠷ ᠢ ᠲᠠᠶᠢᠯᠬᠤ ᠦᠢᠯᠡᠳᠦᠯ ᠲᠠᠢ᠃ ᠬᠠᠯᠠᠭᠤᠨ ᠤ ᠡᠪᠡᠳᠴᠢᠨ ᠢᠶᠠᠷ ᠠᠮᠠ ᠬᠠᠭᠤᠷᠠᠶᠢᠰᠢᠨ ᠬᠤᠭᠤᠯᠠᠢ ᠬᠠᠳᠠᠬᠤ᠂ | ᠠᠭᠤᠰᠬᠢᠨ ᠬᠠᠯᠠᠭᠤᠨ ᠢᠶᠠᠷ ᠬᠠᠨᠢᠶᠠᠯᠭᠠᠬᠤ᠂ ᠴᠠᠷ ᠦᠳᠬᠡᠷᠡᠵᠤ ᠰᠢᠷᠠᠯᠠᠬᠤ ᠵᠡᠷᠭᠡ ᠡᠪᠡᠳᠴᠢᠨ ᠡᠮᠬᠡᠭ ᠢ ᠡᠮᠴᠢᠯᠠᠵᠤ | ᠪᠤᠯᠤᠨ᠎ᠠ᠃ ᠯᠢᠩᠬᠸ᠎ᠠ ᠶᠢᠨ ᠦᠨᠳᠦᠰᠦ ᠲᠠᠢ ᠤᠮᠳᠠᠭᠠᠨ ᠪᠤᠯᠭᠠᠵᠤ ᠤᠤᠭᠤᠪᠠᠯ ᠨᠡᠩ ᠢᠯᠡᠬᠦᠦ ᠲᠤᠰᠠ ᠭᠠᠷᠤᠨ᠎ᠠ᠃ |