ᠡᠪᠦᠳᠦᠭ ᠨᠢ ᠪᠢᠳᠡᠨ ᠤ ᠠᠷᠤᠭ ᠶᠠᠰᠤᠨ ᠤ ᠬᠠᠮᠤᠭ ᠤᠨ ᠴᠢᠬᠤᠯᠠ ᠦᠶ᠎ᠡ ᠨᠦᠭᠦᠳ ᠤᠨ ᠨᠢᠭᠡ ᠪᠢᠯᠡ᠃ | ᠡᠭᠦᠨ ᠤ ᠠᠴᠢ ᠪᠠᠷ ᠯᠠ ᠪᠢᠳᠡ ᠠᠵᠢᠯᠯᠠᠵᠤ᠂ ᠭᠦᠶᠦᠵᠦ᠂ ᠰᠠᠭᠤᠵᠤ ᠡᠳᠦᠷ ᠲᠤᠲᠤᠮ ᠤᠨ ᠬᠥᠳᠡᠯᠭᠡᠭᠡᠨ ᠢ ᠬᠢᠳᠡᠭ | ᠰᠢᠦ ᠳ᠋ᠡ᠃ ᠡᠪᠤᠳᠦᠭ ᠤᠨ ᠦᠶ᠎ᠡ ᠨᠢ ᠬᠦᠮᠦᠨ ᠤ ᠪᠡᠶ᠎ᠡ ᠳᠠᠬᠢ 187 ᠬᠡᠰᠡᠭ ᠭᠥᠯᠢᠭᠡᠷ ᠵᠥᠭᠡᠯᠡᠨ ᠪᠦᠷᠬᠦᠭᠦᠯ ᠲᠠᠢ | ᠦᠶ᠎ᠡ ᠶᠢᠨ ᠳᠣᠲᠣᠷᠠᠬᠢ ᠲᠠᠯᠠᠪᠠᠢ ᠪᠠᠷ ᠬᠠᠮᠤᠭ ᠤᠨ ᠲᠣᠮᠣ ᠦᠶ᠎ᠡ ᠪᠣᠯᠤᠨ᠎ᠠ᠃ | ᠶᠡᠷᠦ ᠶᠢᠨ ᠪᠠᠶᠢᠳᠠᠯ ᠳᠤ ᠦᠶ᠎ᠡ ᠶᠢᠨ ᠬᠥᠨᠳᠡᠢ ᠳᠤ 0. 13 — 3.5 ᠮᠢᠯᠢᠯᠢᠲ᠋ᠧᠷ ᠥᠩᠭᠡ ᠦᠭᠡᠢ᠂ | ᠲᠤᠩᠭᠠᠯᠠᠭ ᠰᠢᠩᠭᠡᠨ ᠠᠭᠤᠯᠤᠭᠳᠠᠵᠤ ᠪᠠᠶᠢᠳᠠᠭ ᠢ ᠦᠶ᠎ᠡ ᠶᠢᠨ ᠰᠢᠩᠭᠡᠨ ᠭᠡᠵᠦ ᠨᠡᠷᠡᠯᠡᠨ᠎ᠡ᠃ ᠲᠡᠷᠡ ᠨᠢ ᠦᠶ᠎ᠡ ᠶᠢᠨ | ᠭᠠᠳᠠᠷᠭᠤ ᠶᠢᠨ ᠭᠥᠯᠢᠭᠡᠷ ᠮᠥᠭᠡᠷᠰᠦᠯᠢᠭ ᠡᠳ᠋ ᠲᠤ ᠲᠡᠵᠢᠭᠡᠯ ᠥᠭᠬᠦ ᠤᠶᠠᠨ ᠵᠥᠭᠡᠯᠡᠨ ᠬᠠᠷᠢᠮᠠᠬᠠᠢ ᠴᠢᠨᠠᠷ ᠢ ᠨᠢ | ᠬᠠᠮᠠᠭᠠᠯᠠᠬᠤ ᠡᠭᠦᠷᠭᠡ ᠲᠠᠢ ᠪᠠᠶᠢᠵᠤ ᠦᠶ᠎ᠡ ᠶᠢᠨ ᠬᠥᠳᠡᠯᠭᠡᠭᠡᠨ ᠬᠢᠬᠦ᠂ ᠰᠤᠩᠭᠠᠬᠤ ᠲᠠᠬᠢᠢᠯᠭᠠᠬᠤ ᠪᠣᠯᠭᠠᠨ ᠳᠤ | ᠵᠥᠭᠡᠯᠡᠨ ᠮᠥᠭᠡᠷᠰᠦᠯᠢᠭ ᠪᠦᠲᠦᠴᠡ ᠠᠴᠠ ᠲᠣᠳᠣᠷᠬᠠᠢ ᠬᠡᠮᠵᠢᠶᠡᠨ ᠤ ᠦᠶ᠎ᠡ ᠶᠢᠨ ᠰᠢᠩᠭᠡᠨ ᠨᠡᠪᠴᠢᠨ ᠭᠠᠷᠴᠤ ᠮᠥᠨ | ᠰᠢᠩᠭᠡᠨ ᠣᠷᠣᠵᠤ ᠪᠠᠶᠢᠳᠠᠭ᠂ ᠪᠠᠰᠠ ᠵᠠᠷᠢᠮ ᠣᠨᠴᠠᠭᠠᠢ ᠪᠠᠶᠢᠳᠠᠯ ᠳᠤ ᠲᠡᠷᠡ ᠨᠢ ᠨᠡᠮᠡᠭᠳᠡᠬᠦ ᠪᠤᠶᠤ ᠬᠠᠰᠤᠭᠳᠠᠬᠤ | ᠵᠡᠷᠭᠡ ᠥᠭᠡᠷᠡᠴᠢᠯᠡᠯᠲᠡ ᠭᠠᠷᠬᠤ ᠲᠠᠯ᠎ᠠ ᠪᠤᠢ᠃ ᠡᠪᠤᠳᠦᠭ ᠤᠨ ᠦᠶ᠎ᠡ ᠨᠢ ᠬᠦᠮᠦᠨ ᠤ ᠪᠡᠶ᠎ᠡ ᠶᠢᠨ ᠬᠦᠨᠳᠦ | ᠳᠠᠭᠠᠭᠠᠴᠠ ᠶᠢᠨ ᠴᠣᠷ ᠤᠨ ᠭᠠᠭᠴᠠ ᠦᠶ᠎ᠡ ᠪᠥᠭᠡᠳ ᠳᠤᠮᠳᠠ ᠴᠢᠮᠦᠭᠡ ︵ᠲᠠᠬᠢᠯᠵᠠᠭᠤᠷ︶ ᠬᠢᠭᠡᠳ ᠰᠢᠯᠪᠢ | ᠶᠠᠰᠤᠨ ᠤ ᠬᠤᠯᠪᠤᠬᠤ ᠬᠡᠰᠡᠭ ᠲᠤᠶᠢᠭ᠂ ᠥᠭᠡᠬᠦᠨ ᠡᠳ᠋᠂ ᠰᠢᠷᠪᠦᠰᠦ᠂ ᠲᠠᠯ᠎ᠠ ᠰᠠᠷᠠᠨ ᠡᠳ᠋ ︵ᠬᠥᠳᠡᠯᠭᠡᠭᠡᠨ ᠪᠣᠯᠤᠨ | ᠠᠴᠢᠶᠠᠯᠠᠯ ᠢ ᠵᠦᠭᠡᠯᠡᠷᠡᠭᠦᠯᠬᠦ ᠡᠭᠦᠷᠭᠡ ᠲᠠᠢ ᠪᠦᠲᠦᠴᠡ︶ ᠦᠶ᠎ᠡ ᠶᠢᠨ ᠰᠢᠩᠭᠡᠨ ᠪᠣᠯᠤᠨ ᠪᠤᠰᠤᠳ ᠬᠤᠯᠪᠤᠬᠤ | ᠨᠢᠭᠢᠳᠡᠰᠦ ᠠᠴᠠ ᠪᠦᠲᠦᠭᠰᠡᠨ ᠪᠠᠶᠢᠳᠠᠭ᠃ | ᠡᠪᠤᠳᠦᠭ ᠤᠨ ᠦᠶ᠎ᠡ ᠨᠢ ᠬᠦᠮᠦᠨ ᠤ ᠨᠠᠰᠤᠨ ᠲᠤᠷᠰᠢ ᠶᠢᠨ ᠠᠵᠤ ᠠᠮᠢᠳᠤᠷᠠᠯ ᠳᠠᠬᠢ ᠪᠦᠬᠦᠶᠢᠯᠨ | ᠬᠥᠳᠡᠯᠭᠡᠭᠡᠨ ᠤ ᠦᠶ᠎ᠡ ᠳᠤ ᠭᠤᠣᠯ ᠲᠤᠯᠬᠤ ᠡᠭᠦᠷᠭᠡ ᠭᠦᠢᠴᠡᠳᠭᠡᠵᠦ ᠠᠯᠬᠤᠬᠤ᠂ ᠭᠢᠰᠭᠢᠬᠦ᠂ ᠭᠦᠶᠦᠬᠦ᠂ ᠪᠣᠰᠬᠤ᠂ | ᠰᠠᠭᠤᠬᠤ ᠪᠦᠬᠦᠶᠢᠯᠨ ᠦᠢᠯᠡ ᠶᠢ ᠭᠤᠣᠯᠴᠢᠯᠠᠨ ᠭᠦᠢᠴᠡᠳᠭᠡᠳᠡᠭ ᠪᠥᠭᠡᠳ ᠵᠥᠪᠬᠡᠨ ᠠᠷᠤᠨᠰᠢ ᠪᠠᠨ ᠬᠥᠳᠡᠯᠳᠡᠭ | ᠴᠣᠷ ᠤᠨ ᠭᠠᠭᠴᠠ ᠬᠦᠨᠳᠦ ᠳᠠᠭᠠᠭᠠᠴᠠ ᠶᠢᠨ ᠦᠶ᠎ᠡ ᠪᠣᠯᠤᠨ᠎ᠠ᠃ | ᠬᠡᠷᠡᠭᠯᠡᠭᠳᠡᠬᠦ ᠵᠦᠢᠯᠡᠰ᠄ ᠥᠨᠳᠡᠭᠡᠨ ᠤ ᠰᠢᠷ᠎ᠠ 2 ᠴᠠᠢ ᠶᠢᠨ ᠬᠠᠯᠪᠠᠭ᠎ᠠ ᠳᠠᠪᠤᠰᠤ | ᠤᠶᠠᠨ ᠪᠣᠭᠤᠯᠲᠠ ᠪᠡᠯᠡᠳᠬᠡᠬᠦ ᠠᠷᠭ᠎ᠠ᠄ ᠥᠨᠳᠡᠭᠡᠨ ᠤ ᠰᠢᠷ᠎ᠠ ᠳᠡᠭᠡᠷ᠎ᠡ ᠪᠠᠨ ᠳᠠᠪᠤᠰᠤ ᠪᠠᠨ ᠨᠡᠮᠡᠭᠡᠳ ᠰᠠᠶᠢᠲᠤᠷ | ᠬᠤᠳᠬᠤᠵᠤ ᠬᠤᠯᠢᠨ᠎ᠠ᠃ ᠬᠡᠷᠬᠢᠨ ᠠᠰᠢᠭᠯᠠᠬᠤ ᠪᠤᠢ︖ ᠪᠡᠯᠡᠳᠬᠡᠭᠰᠡᠨ ᠵᠠᠭᠤᠮᠠᠭ ᠢᠶᠠᠨ ᠡᠪᠤᠳᠦᠭ ᠤᠨ ᠢᠶᠠᠨ ᠶᠠᠭ | ᠡᠪᠡᠳᠴᠦ ᠪᠤᠢ ᠬᠡᠰᠡᠭ ᠳᠡᠭᠡᠷ᠎ᠡ ᠪᠠᠨ ᠲᠠᠯᠪᠢᠭᠠᠳ ᠤᠶᠠᠨ ᠪᠣᠭᠤᠯᠲᠠ ᠪᠠᠷ ᠳᠠᠪᠬᠤᠷᠯᠠᠵᠤ ᠪᠣᠭᠤᠨ᠎ᠠ᠃ 2 ᠴᠠᠭ ᠤᠨ | ᠲᠤᠷᠰᠢ ᠪᠠᠶᠢᠯᠭᠠᠭᠠᠳ ᠠᠷᠴᠢᠵᠤ ᠠᠪᠤᠭᠠᠷᠠᠢ᠃ ᠡᠳᠦᠷ ᠲᠤ 4 ᠠᠴᠠ ᠳᠣᠭᠤᠭᠰᠢ ᠦᠭᠡᠢ ᠲᠤᠰ ᠠᠷᠭ᠎ᠠ ᠪᠠᠨ | ᠬᠡᠷᠡᠭᠯᠡᠨ᠎ᠡ᠃ | ᠦᠵᠡᠭᠦᠯᠬᠦ ᠨᠥᠯᠥᠭᠡ᠄ ᠳᠠᠪᠤᠰᠤ ᠨᠢ ᠮᠠᠭᠨᠢ ᠶᠢᠨ ᠥᠨᠳᠥᠷ ᠠᠭᠤᠯᠤᠮᠵᠢ ᠲᠠᠢ ᠪᠠᠶᠢᠳᠠᠭ᠃ ᠡᠨᠡ ᠨᠢ | ᠠᠷᠠᠰᠤᠨ ᠳᠤ ᠨᠥᠯᠦᠭᠡᠯᠡᠵᠦ ᠦᠷᠪᠢᠰᠦᠯ ᠢ ᠪᠠᠭᠤᠷᠠᠭᠤᠯᠬᠤ ᠳᠤ ᠲᠤᠰᠠᠯᠠᠳᠠᠭ ᠪᠥᠭᠡᠳ ᠡᠪᠡᠳᠦᠯᠲᠡ ᠶᠢ ᠨᠠᠮᠳᠠᠭᠠᠳᠠᠭ | ᠠᠵᠡᠢ᠃ ᠨᠥᠭᠦᠭᠡ ᠲᠠᠯ᠎ᠠ ᠠᠴᠠ ᠥᠨᠳᠡᠭᠡᠨ ᠤ ᠰᠢᠷ᠎ᠠ ᠨᠢ ᠪᠢᠳᠡᠨ ᠤ ᠠᠷᠠᠰᠤ ᠶᠢ ᠡᠷᠦᠳᠡᠰᠦ ᠪᠣᠳᠠᠰ ᠤᠨ | ᠠᠭᠤᠯᠤᠮᠵᠢ ᠪᠠᠷ ᠲᠡᠳᠬᠦᠵᠦ ᠡᠳ᠋ ᠡᠰ᠂ ᠰᠢᠷᠪᠦᠰᠦ᠂ ᠶᠠᠰᠤ ᠶᠢ ᠪᠠᠬᠢᠵᠢᠭᠦᠯᠳᠡᠭ ᠪᠠᠶᠢᠨ᠎ᠠ᠃ |