ᠬᠦᠭᠵᠢᠯ ᠬᠤᠷᠦ᠋ᠢᠯᠠᠭᠰᠠᠨ ᠬᠦᠮᠡᠯᠢ ᠶᠢᠨ ᠳᠤᠬᠤᠢ
ᠨᠡᠶᠢᠲᠡᠯᠡᠭᠰᠡᠨ ᠴᠠᠭ᠄
2021/7/20
    ᠬᠦᠮᠡᠯᠢ ᠶᠢᠨ ᠳᠤᠬᠤᠢ ᠬᠡᠳᠡᠭ ᠭᠠᠵᠠᠷ ᠳᠡᠭᠷᠢ ᠡᠯᠡᠰᠦᠨ ᠤ ᠬᠦᠪᠡᠭᠡ ᠳᠠᠭᠠᠭᠰᠠᠨ ᠨᠦᠮᠦᠷᠢ ᠬᠤᠷᠤᠭ᠎ᠠ ᠶᠡᠭᠡ ᠲᠠᠢ᠂ ᠭᠤᠤᠯ ᠴᠠᠶᠢᠳᠠᠮ ᠢᠶᠠᠷ ᠢᠶᠠᠨ ᠰᠢᠮᠡᠳᠦ ᠬᠤᠵᠢᠷᠯᠢᠭ ᠡᠪᠡᠰᠦ ᠪᠤᠳᠠ ᠲᠠᠢ᠂ ᠦᠬᠡᠷ ᠳᠡᠮᠡᠭᠡ ᠬᠦᠷᠡᠩᠳᠦᠨ ᠪᠡᠯᠴᠢᠭᠰᠡᠨ ᠬᠡᠰᠢᠭ ᠵᠤᠵᠠᠭᠠᠨ ᠨᠤᠳᠤᠭ ᠪᠠᠶᠢᠯ᠎ᠠ᠃ ᠠᠳᠠ ᠬᠦᠮᠡᠯᠢ ᠡᠯᠪᠡᠭ ᠤᠷᠭᠤᠳᠠᠭ ᠢᠶᠠᠷ ᠢᠩᠬᠢᠵᠦ ᠨᠡᠷᠡᠶᠢᠳᠦᠭᠳᠡᠵᠡᠢ᠃ ᠨᠠᠮᠤᠷ ᠲᠤ ᠬᠤᠯᠠ ᠤᠶᠢᠷ᠎ᠠ ᠶᠢᠨ ᠬᠦᠮᠦᠰ ᠠᠳᠡ ᠢᠷᠡᠵᠡᠬᠡᠵᠦ ᠬᠦᠮᠡᠯᠢ ᠳᠡᠬᠦᠵᠦ ᠠᠪᠠᠴᠢᠵᠦ ᠳᠠᠪᠤᠰᠤᠯᠠᠳᠠᠭ ᠠᠵᠢ᠃
           ᠡᠨᠡ ᠰᠠᠶᠢᠬᠠᠨ ᠨᠤᠳᠤᠭ ᠲᠤ ᠠᠯᠠᠱᠠ ᠵᠡᠬᠦᠨ ᠬᠤᠰᠢᠭᠤᠨ ᠤ ᠤᠨᠳᠤᠷᠤᠯᠳᠤ ᠪᠠᠯᠭᠠᠰᠤᠨ ᠤ ᠵᠠᠬ᠎ᠠ ᠳᠤᠯᠤᠭᠠᠨ ᠭᠠᠴᠠᠭᠠᠨ ᠤ ᠮᠠᠯᠴᠢᠨ ᠴᠧᠨ ᠬᠤᠸᠠ ᠱᠠᠨ ᠤ ᠬᠢ ᠨᠤᠳᠤᠭᠯᠠᠵᠦ ᠪᠠᠶᠢᠳᠠᠭ᠃ ᠴᠧᠨ ᠬᠤᠸᠠ ᠱᠠᠨ ᠤ ᠠᠪᠤ ᠶᠢᠨ ᠦᠶ᠎ᠠ ᠠᠴᠠ ᠠᠳᠡ ᠨᠤᠳᠤᠭᠯᠠᠵᠦ᠂ ᠶᠡᠭᠡ ᠳᠠᠭᠠᠭᠠᠴᠢᠯᠠᠯᠳᠠ ᠶᠢᠨ ᠦᠶ᠎ᠠ ᠳᠤ ᠳᠡᠳᠡᠨ ᠤ ᠬᠢᠨ ᠡᠨᠡᠬᠦ ᠪᠡᠯᠴᠢᠬᠡᠷ ᠢ ᠳᠠᠭᠠᠭᠠᠴᠢᠯᠠᠨ ᠠᠪᠴᠦ ᠮᠠᠯᠵᠢᠵᠡᠢ᠃ ᠳᠡᠭᠡᠷ᠎ᠠ ᠵᠠᠭᠤᠨ ᠤ ᠵᠢᠷᠠᠭᠠᠳ ᠤᠨ ᠤ ᠰᠡᠬᠦᠯᠴᠢ ᠪᠠᠷ ᠠᠳᠡ ᠮᠠᠰᠢᠨ ᠬᠤᠳᠳᠤᠭ ᠴᠤᠬᠢᠵᠦ ᠭᠠᠷᠭᠠᠭᠰᠠᠨ ᠪᠦᠭᠡᠳ ᠳᠠᠯᠠᠭᠠᠳ ᠤᠨ ᠤ ᠡᠬᠢ ᠪᠤᠯᠬᠤ ᠳᠤ ᠦᠶᠡᠷ ᠤᠨ ᠰᠢᠪᠠᠷ ᠲᠠᠢ ᠬᠦᠷᠦᠰᠦ ᠵᠤᠵᠠᠭᠠᠨ ᠪᠠᠶᠢᠳᠠᠭ ᠡᠨᠡᠬᠦ ᠪᠡᠯᠴᠢᠬᠡᠷ ᠲᠤ ᠪᠤᠷᠳᠤᠭᠠᠨ ᠰᠠᠭᠤᠷᠢᠨ ᠭᠠᠵᠠᠷ ᠪᠠᠶᠢᠭᠤᠯᠵᠡᠢ᠃ ᠳᠠᠭᠠᠭᠠᠴᠢᠯᠠᠯᠳᠠ ᠶᠢᠨ ᠡᠬᠢᠨ ᠳᠤ ᠳᠠᠷᠢᠶᠠᠯᠠᠬᠤ ᠬᠦᠮᠦᠰ ᠢ ᠰᠢᠯᠵᠢᠬᠦᠯᠦᠭᠰᠡᠨ ᠢᠶᠠᠷ ᠠᠳᠡᠬᠢ ᠭᠠᠵᠠᠷ ᠠᠷᠪᠠᠭᠠᠳ ᠵᠢᠯ ᠠᠳᠠᠷᠰᠢᠭᠰᠠᠨ ᠪᠠᠶᠢᠪᠠ᠃ ᠡᠨᠡ ᠵᠠᠭᠤᠨ ᠤ ᠡᠬᠢᠨ ᠳᠤ ᠴᠧᠨ ᠬᠤᠸᠠ ᠱᠠᠨ ᠤ ᠠᠪᠤ ᠨᠢ ᠮᠠᠯᠵᠢᠬᠤ ᠶᠢ ᠵᠤᠭᠰᠤᠭᠠᠨ ᠪᠠᠶᠢᠷᠢ ᠪᠡᠯᠴᠢᠬᠡᠷ ᠢ ᠰᠡᠷᠬᠦᠬᠡᠬᠦ ᠳᠦᠷᠦ ᠶᠢᠨ ᠪᠤᠳᠤᠯᠭ᠎ᠠ ᠶᠢ ᠳᠠᠭᠠᠵᠦ ᠮᠠᠯ ᠢᠶᠠᠨ ᠴᠦᠬᠡᠴᠢᠯᠡᠵᠦ᠂ ᠡᠨᠡᠬᠦ ᠭᠠᠵᠠᠷ ᠢ ᠳᠠᠬᠢᠨ ᠠᠰᠢᠭᠯᠠᠵᠦ ᠡᠪᠡᠰᠦ ᠪᠤᠷᠳᠤᠭ᠎ᠠ ᠳᠠᠷᠢᠨ ᠬᠠᠰᠢᠶᠠᠯᠠᠵᠦ ᠳᠡᠵᠢᠬᠡᠬᠦ ᠵᠠᠮ ᠢ ᠡᠷᠢᠯᠬᠢᠯᠡᠵᠡᠢ᠃
     ᠤᠶᠢᠷ᠎ᠠ ᠶᠢᠨ ᠵᠢᠯ ᠳᠤ ᠠᠯᠠᠱᠠ ᠶᠢᠨ ᠬᠡᠬᠡᠷ᠎ᠠ ᠶᠢᠨ ᠬᠦᠮᠡᠯᠢ ᠨᠢᠩᠰᠢᠶ᠋ᠨ ᠭᠠᠨᠰᠦ ᠵᠡᠷᠬᠡ ᠭᠠᠳᠠᠨ᠎ᠠ ᠤᠷᠤᠨ ᠤ ᠬᠦᠮᠦᠰ ᠲᠤ ᠳᠠᠨᠢᠭᠳᠠᠵᠦ᠂ ᠬᠦᠮᠡᠯᠢ ᠶᠢᠨ ᠳᠤᠬᠤᠢ ᠳᠤ ᠬᠦᠮᠡᠯᠢ ᠳᠡᠬᠦᠬᠦ ᠪᠠᠷ ᠢᠷᠡᠭᠰᠡᠳ ᠤᠯᠠᠰᠢᠷᠠᠪᠠ᠃ ᠴᠧᠨ ᠬᠤᠸᠠ ᠱᠠᠨ ᠨᠤᠳᠤᠭ ᠤᠰᠤ ᠪᠠᠨ ᠬᠠᠮᠠᠭᠠᠯᠠᠨ ᠬᠦᠮᠡᠯᠢ ᠳᠡᠬᠦᠭᠰᠡᠳ ᠢ ᠬᠤᠷᠢᠭᠯᠠᠬᠤ ᠳᠤᠮᠳᠠ ᠬᠦᠮᠡᠯᠢ ᠶᠢᠨ ᠵᠠᠬ᠎ᠠ ᠳᠡᠯᠬᠡᠬᠦᠷ ᠶᠡᠭᠡ ᠪᠠᠶᠢᠬᠤ ᠶᠢ ᠰᠡᠷᠡᠵᠦ ᠮᠡᠳᠡᠪᠡ᠃ ᠢᠩᠬᠢᠬᠡᠳ ᠳᠡᠷᠡ ᠬᠡᠬᠡᠷ᠎ᠠ ᠶᠢᠨ ᠬᠦᠮᠡᠯᠢ ᠳᠡᠬᠦᠵᠦ ᠬᠤᠳᠠᠯᠳᠤᠬᠤ ᠪᠤᠯᠵᠤ ᠠᠭᠠᠵᠢᠮ ᠳᠠᠭᠠᠨ ᠳᠠᠷᠢᠵᠦ ᠬᠤᠳᠠᠯᠳᠤᠬᠤ ᠪᠤᠳᠤᠯ ᠬᠦᠪᠦᠷᠡᠵᠡᠢ᠃
       
         ᠵᠤᠷᠢᠭ ᠪᠠᠶᠢᠪᠠᠯ ᠵᠢᠷᠭᠠᠯ ᠤᠶᠢᠷ᠎ᠠ᠃ 2016 ᠤᠨ 2 ᠰᠠᠷ᠎ᠠ ᠠᠴᠠ 20 ᠳᠦᠮᠠ ᠬᠦᠷᠬᠦ ᠳᠦᠬᠦᠷᠢᠭ ᠤᠨ ᠪᠡᠯᠡ ᠤᠷᠤᠭᠤᠯᠤᠯᠳᠠ ᠬᠢᠵᠦ ᠤᠤᠯ ᠤᠨ ᠡᠪᠡᠰᠦ ᠪᠤᠷᠳᠤᠭ᠎ᠠ ᠳᠠᠷᠢᠵᠦ ᠪᠠᠶᠢᠭᠰᠠᠨ 65 ᠮᠤ᠋ ᠭᠠᠵᠠᠷ ᠲᠠᠭᠠᠨ ᠬᠡᠬᠡᠷ᠎ᠠ ᠶᠢᠨ ᠬᠦᠮᠡᠯᠢ ᠶᠢ ᠰᠢᠯᠵᠢᠬᠦᠯᠦᠨ ᠠᠪᠴᠢᠷᠠᠵᠦ ᠰᠠᠭᠤᠯᠭᠠᠬᠤ᠂ ᠦᠷ᠎ᠠ ᠪᠠᠷ ᠬᠦᠮᠡᠯᠢ ᠳᠠᠷᠢᠵᠦ ᠪᠤᠶᠢᠵᠢᠭᠤᠯᠬᠤ ᠠᠵᠢᠯ ᠬᠢᠭᠰᠡᠨ ᠪᠠᠶᠢᠨ᠎ᠠ᠃ ᠪᠠᠰᠠ 40 ᠳᠦᠮᠡᠨ ᠳᠦᠬᠦᠷᠢᠭ ᠤᠨ ᠪᠡᠯᠡ ᠤᠷᠤᠭᠤᠯᠤᠯᠳᠠ ᠬᠢᠵᠦ 11 ᠰᠠᠭᠤᠷᠢ ᠳᠤᠯᠠᠭᠠᠨ ᠬᠦᠯᠡᠮᠵᠢ ᠪᠠᠶᠢᠭᠤᠯᠵᠤ ᠬᠦᠮᠡᠯᠢ ᠳᠠᠷᠢᠭᠰᠠᠨ ᠮᠦᠷᠳᠡᠬᠡᠨ ᠪᠠᠰᠠ ᠰᠦᠷᠴᠢᠨ ᠤᠰᠤᠯᠠᠬᠤ ᠳᠦᠬᠦᠬᠡᠷᠦᠮᠵᠢ ᠤᠷᠤᠭᠤᠯᠵᠦ 300 ᠭᠠᠷᠤᠢ ᠮᠤ᠋ ᠬᠡᠬᠡᠷ᠎ᠠ ᠶᠢᠨ ᠬᠦᠮᠡᠯᠢ ᠶᠢ ᠤᠰᠤᠯᠠᠵᠡᠢ᠃ ᠳᠡᠳᠡᠨ ᠤ ᠳᠠᠷᠢᠭᠰᠠᠨ ᠤᠰᠤᠯᠠᠭᠰᠠᠨ ᠬᠦᠮᠡᠯᠢ ᠨᠢ ᠡᠯᠪᠡᠭ ᠬᠤᠷᠢᠶᠠᠯᠳᠠ ᠤᠯᠵᠤ ᠳᠤᠰ ᠵᠢᠯ ᠳᠡᠭᠡᠨ ᠵᠠᠬ᠎ᠠ ᠳᠡᠯᠬᠡᠬᠦᠷ ᠳᠤ ᠭᠠᠷᠭᠠᠵᠡᠢ᠃ ᠳᠠᠷᠢᠭᠰᠠᠨ ᠤᠰᠤᠯᠠᠭᠰᠠᠨ ᠬᠦᠮᠡᠯᠢ ᠶᠢᠨ ᠤᠷᠭᠤᠴᠠ ᠨᠢ ᠰᠠᠶᠢᠨ᠂ ᠬᠡᠬᠡᠷ᠎ᠠ ᠶᠢᠨ ᠭᠠᠩᠳᠠᠮᠠᠯ ᠬᠦᠮᠡᠯᠢ ᠲᠠᠢ ᠠᠳᠠᠯᠢᠳᠬᠠᠪᠠᠯ ᠦᠵᠦᠬᠦᠷ ᠨᠢ ᠰᠢᠷᠠᠯᠠᠵᠦ ᠬᠠᠳᠠᠬᠤ ᠦᠬᠡᠢ ᠪᠠᠶᠢᠳᠠᠭ ᠠᠴᠠ ᠬᠡᠷᠡᠭᠯᠡᠭᠴᠢᠳ ᠤᠨ ᠳᠠᠭᠠᠰᠢᠶᠠᠯ ᠢ ᠤᠯᠵᠤ᠂ ᠬᠠᠩᠭᠠᠯᠭ᠎ᠠ ᠨᠢ ᠬᠡᠷᠡᠭᠯᠡᠭᠡ ᠳᠤ ᠬᠦᠷᠬᠦ ᠦᠬᠡᠢ ᠪᠤᠯᠤᠭᠰᠠᠨ ᠪᠠᠶᠢᠪᠠ᠃ ᠬᠦᠮᠡᠯᠢ ᠬᠡᠳᠡᠭ ᠤᠰᠤᠯᠠᠯᠳᠠ ᠨᠢ ᠳᠠᠭᠠᠷᠠᠪᠠᠯ ᠤᠷᠭᠤᠬᠤ ᠨᠢ ᠬᠤᠷᠳᠤᠨ᠃ 8 — 10 ᠡᠳᠦᠷ ᠤᠷᠭᠤᠵᠤ ᠬᠦᠢᠴᠡᠨ᠎ᠠ᠃ ᠳᠤᠯᠠᠭᠠᠨ ᠬᠦᠯᠡᠮᠵᠢ ᠳᠤ ᠳᠠᠷᠢᠭᠰᠠᠨ ᠬᠦᠮᠡᠯᠢ ᠶᠢ ᠵᠢᠯ ᠳᠡᠭᠡᠨ 13 ᠤᠳᠠᠭ᠎ᠠ ᠬᠠᠳᠤᠵᠤ ᠳᠡᠶᠢᠯᠳᠡᠭ᠂ ᠳᠠᠷᠢᠶᠠᠨ ᠳᠠᠭ ᠲᠤ ᠳᠠᠷᠢᠭᠰᠠᠨ ᠬᠦᠮᠡᠯᠢ ᠶᠢ ᠵᠢᠯ ᠳᠡᠭᠡᠨ 11 ᠤᠳᠠᠭ᠎ᠠ ᠬᠠᠳᠤᠵᠤ ᠬᠤᠷᠢᠶᠠᠳᠠᠭ᠂ ᠬᠡᠬᠡᠷ᠎ᠠ ᠶᠢᠨ ᠤᠰᠤᠯᠠᠯᠳᠠ ᠬᠢᠭᠰᠡᠨ ᠬᠦᠮᠡᠯᠢ ᠶᠢ ᠵᠢᠯ ᠳᠡᠭᠡᠨ 6 ᠤᠳᠠᠭ᠎ᠠ ᠬᠠᠳᠤᠵᠤ ᠬᠤᠷᠢᠶᠠᠵᠦ ᠳᠡᠶᠢᠯᠳᠡᠭ᠃ ᠳᠠᠷᠢᠮᠠᠯ ᠬᠦᠮᠡᠯᠢ ᠨᠢ ᠨᠢᠬᠡ ᠤᠳᠠᠭ᠎ᠠ ᠳᠤ ᠮᠤ᠋ ᠪᠦᠷᠢ ᠳᠡᠭᠡᠨ 800 ᠵᠢᠩ ᠠᠴᠠ ᠳᠡᠭᠡᠭᠰᠢ ᠬᠤᠷᠢᠶᠠᠯᠳᠠ ᠤᠯᠵᠤ᠂ ᠬᠡᠬᠡᠷ᠎ᠠ ᠶᠢᠨ ᠤᠰᠤᠯᠠᠭᠰᠠᠨ ᠬᠦᠮᠡᠯᠢ ᠨᠢ ᠨᠢᠬᠡ ᠤᠳᠠᠭ᠎ᠠ ᠳᠤ ᠮᠤ᠋ ᠪᠦᠷᠢ ᠶᠢᠨ 300 ᠵᠢᠩ ᠠᠴᠠ ᠳᠡᠭᠡᠭᠰᠢ ᠬᠤᠷᠢᠶᠠᠯᠳᠠ ᠤᠯᠳᠠᠭ ᠬᠡᠨ᠎ᠠ᠃ ᠵᠤᠨ ᠨᠠᠮᠤᠷ ᠲᠤ ᠬᠦᠮᠡᠯᠢ ᠶᠢᠨ ᠦᠨ᠎ᠠ ᠨᠢ 2 — 3 ᠳᠦᠬᠦᠷᠢᠭ ᠲᠤ ᠬᠦᠷᠴᠦ᠂ ᠡᠪᠦᠯ ᠬᠠᠪᠤᠷ ᠤᠨ ᠤᠯᠠᠷᠢᠯ ᠳᠤ ᠬᠠᠮᠤᠭ ᠰᠠᠶᠢᠨ ᠳᠠᠭᠠᠨ 15 ᠳᠦᠬᠦᠷᠢᠭ ᠲᠤ ᠬᠦᠷᠦᠭᠰᠡᠨ ᠪᠠᠶᠢᠵᠡᠢ᠃ ᠬᠤᠷᠢᠶᠠᠯᠳᠠ ᠰᠠᠶᠢᠳᠠᠢ ᠤᠯᠠᠷᠢᠯ ᠳᠤ ᠴᠧᠨ ᠬᠤᠸᠠ ᠱᠠᠨ ᠤ ᠡᠳᠦᠷ ᠤᠨ ᠤᠷᠤᠯᠭ᠎ᠠ ᠳᠦᠮᠡᠨ ᠳᠦᠬᠦᠷᠢᠭ ᠢ ᠳᠠᠪᠠᠵᠦ᠂ ᠡᠬᠢᠨ ᠤ ᠵᠢᠯ ᠳᠡᠭᠡᠨ ᠪᠡᠯᠡ ᠤᠷᠤᠭᠤᠯᠤᠯᠳᠠ ᠪᠠᠨ ᠪᠤᠴᠠᠭᠠᠵᠦ ᠠᠪᠴᠢᠷᠠᠭᠰᠠᠨ ᠪᠠᠶᠢᠨ᠎ᠠ᠃ ᠴᠧᠨ ᠬᠤᠸᠠ ᠱᠠᠨ᠄ ︽2016 ᠤᠨ᠂ 2017 ᠤᠨ ᠳᠤ ᠵᠢᠯ ᠳᠡᠭᠡᠨ ᠪᠠᠷᠤᠭ 50 — 80 ᠳᠦᠮᠡᠨ ᠵᠢᠩ ᠬᠦᠮᠡᠯᠢ ᠬᠤᠳᠠᠯᠳᠤᠵᠤ᠂ ᠵᠢᠯ ᠤᠨ ᠴᠡᠪᠡᠷ ᠤᠷᠤᠯᠭ᠎ᠠ 70 — 80 ᠳᠦᠮᠡᠨ ᠳᠦᠬᠦᠷᠢᠭ ᠬᠦᠷᠴᠦ ᠪᠠᠶᠢᠭᠰᠠᠨ︾ ᠬᠡᠵᠦ ᠳᠠᠨᠢᠯᠴᠠᠭᠤᠯᠵᠤ ᠪᠢᠯᠡ᠃
     ᠳᠡᠳᠡᠨ ᠤ ᠬᠢ ᠡᠯᠪᠡᠭ ᠬᠤᠷᠢᠶᠠᠯᠳᠠ ᠪᠠᠨ ᠤᠯᠵᠤ᠂ ᠳᠠᠬᠢᠨ ᠪᠡᠯᠡ ᠤᠷᠤᠭᠤᠯᠤᠯᠳᠠ ᠬᠢᠵᠦ ᠮᠡᠷᠬᠡᠵᠢᠯ ᠤᠨ ᠰᠢᠨᠡᠴᠢᠯᠡᠯᠳᠡ ᠬᠢᠬᠦ ᠪᠠᠷ ᠪᠠᠶᠢᠬᠤ ᠳᠤ ᠭᠠᠢ ᠭᠠᠵᠠᠷ ᠳᠤᠤᠷ᠎ᠠ ᠠᠴᠠ ᠬᠡᠳᠡᠭᠴᠢᠯᠡᠨ ᠪᠤᠯᠵᠤ᠂ ᠦᠶᠡᠷ ᠤᠨ ᠭᠠᠮᠰᠢᠭ ᠲᠤ ᠠᠪᠳᠠᠵᠡᠢ᠃ ᠴᠧᠨ ᠬᠤᠸᠠ ᠱᠠᠨ ᠤ ᠳᠠᠨᠢᠯᠴᠠᠭᠤᠯᠬᠤ ᠪᠠᠷ 2018 ᠤᠨ ᠤ 7 ᠰᠠᠷ᠎ᠠ ᠶᠢᠨ 18 ᠠᠴᠠ ᠠᠷᠪᠠᠨ ᠡᠳᠦᠷ ᠤᠨ ᠦᠷᠬᠦᠯᠵᠢᠯᠡᠭᠰᠡᠨ ᠪᠤᠷᠤᠭᠠᠨ ᠤᠷᠤᠵᠤ ᠦᠶᠠᠷ ᠢᠷᠡᠵᠦ ᠰᠠᠷ᠎ᠠ ᠭᠠᠷᠤᠢ ᠤᠰᠤᠳᠠᠯ ᠪᠤᠯᠪᠠ᠃ ᠳᠠᠷᠢᠶᠠᠨ ᠭᠠᠵᠠᠷ ᠤᠨ ᠦᠨᠳᠦᠰᠦᠨ ᠪᠦᠳᠦᠬᠡᠨ ᠪᠠᠶᠢᠭᠤᠯᠤᠯᠳᠠ᠂ ᠦᠨᠳᠦᠰᠦᠯᠡᠵᠦ ᠤᠷᠭᠤᠭᠰᠠᠨ ᠬᠦᠮᠡᠯᠢ᠂ ᠳᠤᠯᠠᠭᠠᠨ ᠬᠦᠯᠡᠮᠵᠢ ᠂ ᠤᠰᠤᠯᠠᠯᠳᠠ ᠶᠢᠨ ᠳᠦᠬᠦᠬᠡᠷᠦᠮᠵᠢ ᠦᠶᠠᠷ ᠲᠤ ᠳᠠᠭᠤᠭᠳᠠᠵᠦ᠂ 110 ᠳᠦᠮᠡᠨ ᠳᠦᠬᠦᠷᠢᠭ ᠤᠨ ᠬᠤᠬᠢᠷᠠᠯ ᠤᠴᠠᠷᠠᠭᠤᠯᠤᠭᠰᠠᠨ ᠬᠡᠵᠦ ᠪᠠᠶᠢᠪᠠ᠃     ᠰᠠᠶᠢᠨ ᠶᠠᠭᠤᠮᠠᠨ ᠳᠤ ᠰᠠᠭᠠᠳ ᠤᠯᠠᠨ ᠬᠡᠳᠡᠭ ᠦᠨᠡᠨ ᠴᠦ ᠪᠤᠯᠪᠠ ᠤᠤ ᠬᠡᠮᠡᠷ᠃ 2019 ᠤᠨ ᠳᠤ ᠴᠧᠨ ᠬᠤᠸᠠ ᠱᠠᠨ 10 ᠳᠦᠮᠡᠨ ᠳᠦᠬᠦᠷᠢᠭ ᠤᠨ ᠬᠦᠮᠡᠯᠢ ᠶᠢᠨ ᠦᠷ᠎ᠠ ᠠᠪᠴᠢᠷᠠᠵᠦ ᠳᠠᠷᠢᠭᠰᠠᠨ ᠴᠢᠨᠢ ᠮᠡᠬᠡᠯᠡᠭᠳᠡᠵᠦ ᠰᠤᠩᠬᠢᠨ᠎ᠠ ᠤᠷᠭᠤᠵᠤ ᠭᠠᠷᠤᠭᠰᠠᠨ ᠪᠠᠶᠢᠪᠠ᠃ ᠳᠡᠬᠡᠬᠡᠳ ᠨᠢᠳᠦᠨᠤᠨ ᠳᠠᠬᠢᠨᠳᠠ 7 ᠳᠦᠮᠡᠨ ᠳᠦᠬᠦᠷᠢᠭ ᠤᠨ ᠬᠦᠮᠡᠯᠢ ᠶᠢᠨ ᠦᠷ᠎ᠠ ᠠᠪᠴᠢᠷᠠᠵᠦ ᠳᠠᠷᠢᠵᠡᠢ᠃ ᠡᠨᠡ ᠤᠳᠠᠭ᠎ᠠ ᠬᠡᠳᠦ᠋ᠢᠪᠡᠷ ᠮᠡᠬᠡᠯᠡᠭᠳᠡᠭᠰᠡᠨ ᠦᠬᠡᠢ ᠪᠤᠯᠪᠠᠴᠦ ᠦᠷ᠎ᠠ ᠶᠢᠨ ᠴᠢᠨᠠᠷ ᠨᠢ ᠳᠡᠮᠡᠢ ᠰᠠᠶᠢᠨ ᠪᠢᠰᠢ ᠳᠤᠯᠠ ᠬᠤᠷᠢᠶᠠᠯᠳᠠ ᠶᠢ ᠨᠦᠯᠦᠬᠡᠯᠡᠵᠦ ᠪᠦᠬᠦ ᠵᠢᠯ ᠳᠡᠭᠡᠨ ᠬᠤᠷᠢᠭᠠᠳ ᠳᠦᠮᠡᠨ ᠳᠦᠬᠦᠷᠢᠭ ᠤᠨ ᠤᠷᠤᠯᠭ᠎ᠠ ᠤᠯᠵᠡᠢ᠃     ᠨᠢᠬᠡ ᠬᠡᠨᠡᠳᠡᠪᠠᠯ ᠨᠢᠬᠡ ᠤᠬᠠᠭᠠᠷᠠᠬᠤ ᠬᠡᠳᠡᠭ ᠤᠬᠠᠭᠠᠪᠦᠷᠢ ᠵᠤᠷᠢᠭᠳᠠᠢ ᠬᠦᠮᠦᠨ ᠳᠤ ᠵᠤᠬᠢᠬᠤ ᠦᠬᠡ ᠪᠤᠶᠤ᠃ ᠨᠢᠳᠤᠨᠤᠨ ᠠᠴᠠ ᠴᠧᠨ ᠬᠤᠸᠠ ᠱᠠᠨ ᠦᠪᠡᠷ ᠤᠨ ᠨᠤᠳᠤᠭ ᠤᠨ ᠬᠦᠮᠡᠯᠢ ᠶᠢᠨ ᠦᠷ᠎ᠠ ᠶᠢ ᠰᠤᠩᠭᠤᠵᠦ ᠬᠤᠷᠢᠶᠠᠬᠤ ᠪᠠ ᠳᠠᠷᠢᠬᠤ ᠠᠵᠢᠯ ᠢᠶᠠᠨ ᠡᠬᠢᠯᠡᠬᠦᠯᠵᠡᠢ᠃ ᠳᠡᠷᠡ ᠬᠡᠯᠡᠬᠦ ᠳᠡᠭᠡᠨ᠂ ᠨᠠᠮᠤᠷ ᠬᠦᠮᠡᠯᠢ ᠳᠠᠷᠢᠬᠤ ᠳᠤ ᠬᠠᠮᠤᠭ ᠳᠤᠬᠢᠷᠠᠮᠵᠢᠳᠠᠢ ᠪᠠᠶᠢᠳᠠᠭ᠂ ᠤᠳᠤ ᠬᠦᠮᠡᠯᠢ ᠶᠢᠨ ᠦᠷ᠎ᠠ ᠪᠠᠨ ᠪᠦᠬᠦᠳᠡ ᠶᠢ ᠬᠤᠷᠢᠶᠠᠵᠦ ᠪᠡᠯᠡᠳᠭᠡᠭᠡᠳ ᠪᠠᠶᠢᠨ᠎ᠠ᠃ ᠡᠨᠡ ᠨᠠᠮᠤᠷ ᠳᠠᠬᠢᠨᠳᠠ 65 ᠮᠤ᠋ ᠭᠠᠵᠠᠷ ᠲᠤ ᠬᠦᠮᠡᠯᠢ ᠪᠠᠨ ᠨᠦᠬᠦᠵᠦ ᠳᠠᠷᠢᠵᠦ ᠪᠠᠷᠠᠭᠠᠨ᠎ᠠ᠃ ᠬᠡᠬᠡᠷ᠎ᠠ ᠶᠢᠨ ᠬᠦᠮᠡᠯᠢ ᠶᠢᠨ ᠤᠰᠤᠯᠠᠯᠳᠠ ᠪᠠᠨ ᠳᠠᠬᠢᠨ ᠰᠢᠨᠡᠳᠬᠡᠵᠦ ᠵᠠᠰᠠᠵᠦ ᠠᠮᠵᠢᠭᠰᠠᠨ᠃ ᠤᠳᠤ ᠭᠠᠨᠰᠦ ᠨᠢᠩᠰᠢᠶᠠ ᠳᠡᠷᠡᠴᠢᠯᠡᠨ ᠪᠡᠬᠡᠵᠢᠩ᠂ ᠳᠡᠶᠡᠨᠵᠢᠨ ᠬᠡᠳ ᠤᠯᠠᠨ ᠭᠠᠵᠠᠷ ᠤᠨ ᠵᠠᠬᠢᠶᠠᠯᠠᠭ᠎ᠠ ᠢᠷᠡᠵᠦ ᠪᠠᠶᠢᠨ᠎ᠠ᠂ ᠬᠦᠮᠡᠯᠢ ᠶᠢᠨ ᠤᠷᠤᠯᠭ᠎ᠠ ᠶᠢᠨ ᠰᠠᠶᠢᠨ ᠪᠠᠶᠢᠳᠠᠯ ᠳᠠᠬᠢᠨᠳᠠ ᠪᠤᠢ ᠪᠤᠯᠬᠤ ᠳᠤ ᠪᠠᠳᠦ ᠢᠳᠡᠬᠡᠯ ᠲᠠᠢ ᠪᠠᠶᠢᠨ᠎ᠠ ᠬᠡᠵᠦ ᠪᠠᠶᠢᠯ᠎ᠠ᠃     ᠴᠧᠨ ᠬᠤᠸᠠ ᠱᠠᠨ 2016 ᠤᠨ ᠠᠴᠠ ᠬᠦᠮᠡᠯᠢ ᠳᠠᠷᠢᠬᠤ ᠪᠠ ᠳᠡᠵᠢᠬᠡᠨ ᠦᠷᠡᠵᠢᠬᠦᠯᠬᠦ ᠠᠵᠢᠯ ᠢᠶᠠᠷ ᠭᠤᠤᠯᠳᠠᠭᠤᠯᠤᠭᠰᠠᠨ ︽ᠤᠨᠳᠤᠷᠤᠯᠳᠤ ᠪᠠᠯᠭᠠᠰᠤᠨ ᠤ ᠡᠯᠡᠰᠦ ᠮᠠᠯᠴᠢᠳ ᠤᠨ ᠳᠤᠰᠬᠠᠢ ᠬᠤᠷᠰᠢᠶᠠᠵᠢᠯ︾ ᠢ ᠪᠠᠶᠢᠭᠤᠯᠵᠤ᠂ ᠪᠠᠶᠢᠩᠭᠤ 7 ᠬᠦᠮᠦᠨ ᠳᠤ ᠠᠵᠢᠯ ᠤᠨ ᠪᠠᠶᠢᠷᠢ ᠬᠠᠩᠭᠠᠵᠦ᠂ ᠶᠠᠭᠠᠷᠠᠤ ᠤᠯᠠᠷᠢᠯ ᠳᠤ ᠬᠠᠮᠤᠭ ᠠᠷᠪᠢᠨ ᠳᠠᠭᠠᠨ 25 ᠬᠦᠮᠦᠨ ᠬᠡᠷᠡᠭᠯᠡᠵᠦ ᠮᠠᠯᠴᠢᠳ ᠤᠨ ᠤᠷᠤᠯᠭ᠎ᠠ ᠶᠢᠨ ᠨᠡᠮᠡᠭᠳᠡᠯ ᠢ ᠠᠬᠢᠭᠤᠯᠵᠤ ᠪᠠᠶᠢᠨ᠎ᠠ᠃ ᠠᠯᠠᠱᠠ ᠠᠶᠢᠮᠠᠭ ᠤᠨ ᠠᠵᠢᠯ ᠤᠯᠭᠤᠬᠤ ᠦᠢᠯᠡᠴᠢᠯᠡᠬᠡᠨ ᠤ ᠳᠤᠪᠴᠢᠶ᠎ᠠ ᠠᠴᠠ ︽ᠦᠢᠯᠡᠰ ᠪᠤᠰᠬᠠᠭᠰᠠᠨ ᠵᠢᠱᠢᠶ᠎ᠡ ᠦᠵᠡᠬᠦᠯᠬᠦ ᠳᠡᠯᠬᠡᠬᠦᠷ︾ ᠢᠶᠠᠷ ᠨᠡᠷᠡᠶᠢᠳᠴᠦ᠂ ᠠᠯᠠᠱᠠ ᠵᠡᠬᠦᠨ ᠬᠤᠰᠢᠭᠤᠨ ᠠᠴᠠ ︽ᠵᠡᠮᠳᠡᠭᠴᠤᠳ ᠢ ᠳᠤᠰᠠᠯᠠᠵᠦ ᠠᠵᠢᠯ ᠤᠯᠭᠤᠵᠤ ᠦᠢᠯᠡᠰ ᠪᠤᠰᠬᠠᠬᠤ ᠰᠠᠭᠤᠷᠢᠨ ᠭᠠᠵᠠᠷ︾ ᠢᠶᠠᠷ ᠦᠨᠡᠯᠡᠭᠰᠡᠨ ᠪᠠᠶᠢᠨ᠎ᠠ᠃
     ᠬᠦᠭᠵᠢᠯ ᠬᠤᠷᠦ᠋ᠢᠯᠠᠭᠰᠠᠨ ᠬᠦᠮᠡᠯᠢ ᠶᠢᠨ ᠳᠤᠬᠤᠢ ᠬᠦᠬᠡᠷᠡᠵᠦ ᠨᠤᠭᠤᠭᠠᠷᠠᠵᠦ ᠬᠠᠷᠠᠭᠳᠠᠨ᠎ᠠ᠃ ᠬᠦᠳᠡᠯᠮᠦᠷᠢ ᠤᠬᠠᠭᠠᠨ ᠢᠶᠠᠨ ᠳᠦᠰᠢᠨ ᠦᠢᠯᠡᠰ ᠪᠤᠰᠬᠠᠭᠰᠠᠨ ᠴᠧᠨ ᠬᠤᠸᠠ ᠱᠠᠨ ᠬᠦᠮᠦᠨ ᠤᠯᠠᠨ ᠳᠠᠭᠠᠨ ᠪᠢᠰᠢᠷᠡᠭᠳᠡᠨ᠎ᠠ᠃
 
ᠢᠷᠡᠯᠲᠡ᠄ ᠠᠯᠠᠱᠠ ᠶᠢᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号