ᠢᠨᠢᠶᠡᠬᠦ ᠶᠢᠨ ᠠᠴᠢ ᠲᠤᠰᠠ
ᠨᠡᠶᠢᠲᠡᠯᠡᠭᠰᠡᠨ ᠴᠠᠭ᠄
2021/7/20
     ᠢᠨᠢᠶᠡᠬᠦ ᠪᠣᠯ ᠬᠦᠮᠦᠨ ᠤ ᠰᠡᠳᠬᠢᠯ ᠤᠨ ᠳᠤᠲᠤᠭᠠᠲᠤ ᠳᠠᠬᠢ ᠪᠠᠶᠠᠰᠤᠩᠭᠤᠢ ᠦᠢᠯᠡ ᠬᠦᠳᠡᠯᠦᠯ ᠢ ᠨᠢᠭᠤᠷ ᠤᠨ ᠬᠡᠰᠡᠭ ᠢᠶᠠᠷ ᠢᠶᠠᠨ ᠢᠯᠡᠷᠬᠡᠶᠢᠯᠡᠵᠦ ᠪᠠᠶᠢᠭ᠎ᠠ ᠭᠠᠳᠠᠭᠠᠳᠤ ᠢᠯᠡᠷᠡᠯ ᠮᠦᠨ᠃ ᠮᠦᠨ ᠴᠤ ᠬᠦᠮᠦᠨ ᠤ ᠳᠤᠲᠤᠭᠠᠳᠤ ᠰᠡᠳᠬᠢᠯ ᠢᠶᠠᠨ ᠢᠯᠡᠳᠭᠡᠬᠦ᠂ ᠪᠡᠶ᠎ᠡ ᠰᠡᠳᠬᠢᠯ ᠢᠶᠠᠨ ᠡᠷᠡᠭᠦᠯᠵᠢᠭᠦᠯᠬᠦ ᠲᠦᠷᠦᠯᠬᠢ ᠴᠢᠳᠠᠪᠤᠷᠢ ᠪᠦᠭᠡᠳ ᠪᠡᠶ᠎ᠡ ᠰᠡᠳᠬᠢᠯ ᠢ ᠡᠷᠡᠭᠦᠯᠵᠢᠭᠦᠯᠬᠦ ᠬᠠᠮᠤᠭ ᠤᠨ ᠰᠠᠶᠢᠨ ᠠᠷᠭ᠎ᠠ ᠶᠢᠨ ᠨᠢᠭᠡ ᠮᠦᠨ᠃ ᠢᠨᠢᠶᠡᠬᠦ ᠨᠢ ᠪᠠᠶᠠᠷ ᠬᠦᠷ ᠲᠠᠢ᠂ ᠢᠨᠢᠶᠡᠳᠦ ᠨᠠᠷᠭᠢᠶᠠᠨ ᠲᠠᠢ᠂ ᠬᠠᠶᠢᠷ᠎ᠠ ᠰᠡᠳᠬᠢᠯ ᠪᠢᠯᠬᠠᠮ᠎ᠠ᠂ ᠬᠠᠨᠤᠮᠵᠢᠲᠠᠢ ᠪᠠᠶᠢᠬᠤ᠂ ᠰᠤᠭᠲᠤᠭᠤᠷᠠᠬᠤ ᠵᠡᠷᠭᠡ ᠲᠤᠲᠤᠭᠠᠳᠤ ᠰᠡᠳᠬᠢᠯ ᠢ ᠢᠯᠡᠳᠬᠡᠳᠡᠭ᠃ ᠬᠦᠮᠦᠨ ᠢᠨᠢᠶᠡᠪᠡᠯ ᠰᠡᠳᠬᠢᠯ ᠨᠢ ᠪᠠᠶᠠᠰᠴᠤ ᠪᠣᠭᠢᠨᠢᠳᠤᠯ᠂ ᠵᠠᠩᠭᠢᠷᠠᠭ᠎ᠠ ᠨᠢ ᠲᠠᠶᠢᠯᠤᠭᠳᠠᠵᠤ᠂ ᠠᠭᠤᠷ ᠬᠢᠯᠢᠩ ᠨᠢ ᠨᠠᠮᠳᠠᠵᠤ᠂ ᠰᠠᠳᠬᠢᠯ ᠤᠨ ᠳᠠᠷᠤᠭᠠᠰᠤ ᠨᠢ ᠠᠷᠢᠯᠤᠨ᠂ ᠠᠳᠡᠭᠦᠷᠡᠯ ᠵᠦᠷᠢᠴᠡᠯ ᠨᠢ ᠪᠠᠭᠠᠰᠴᠤ᠂ ᠬᠦᠮᠦᠰ ᠤᠨ ᠬᠤᠭᠤᠷᠤᠨᠳᠦᠬᠢ ᠬᠠᠷᠢᠴᠠᠭ᠎ᠠ ᠰᠠᠶᠢᠨ ᠪᠣᠯᠬᠤ ᠵᠡᠷᠭᠡ ᠮᠠᠰᠢ ᠣᠯᠠᠨ ᠰᠠᠶᠢᠨ ᠲᠠᠯ᠎ᠠ ᠲᠠᠢ ᠪᠠᠷ ᠪᠠᠷᠠᠬᠤ ᠦᠭᠡᠢ ᠮᠠᠰᠢ ᠰᠠᠶᠢᠨ ᠪᠡᠶ᠎ᠡ ᠶᠢᠨ ᠲᠠᠮᠢᠷ ᠤᠨ ᠬᠦᠳᠡᠯᠭᠡᠭᠡᠨ ᠶᠤᠮ᠃ ᠢᠨᠢᠶᠡᠬᠦ ᠪᠠᠷ ᠳᠠᠮᠵᠢᠨ ᠨᠢᠳᠦᠨ ᠤ ᠪᠤᠯᠴᠢᠩ᠂ ᠨᠢᠭᠤᠷ ᠤᠨ ᠬᠡᠰᠡᠭ ᠤᠨ ᠪᠤᠯᠴᠢᠩ᠂ ᠠᠮᠠ ᠬᠠᠮᠠᠷ ᠬᠤᠭᠤᠯᠠᠢ ᠳᠠᠭᠤᠨ ᠤ ᠬᠦᠪᠴᠢ ᠵᠡᠷᠭᠡ ᠶᠢᠨ ᠪᠤᠯᠴᠢᠩ ᠰᠢᠷᠪᠤᠰᠤ ᠶᠢ ᠴᠢᠩᠭᠠᠷᠠᠭᠤᠯᠤᠨ᠂ ᠪᠦᠬᠦ ᠪᠡᠶ᠎ᠡ ᠶᠢᠨ ᠠᠷᠠᠭ ᠶᠠᠰᠤ᠂ ᠪᠤᠯᠴᠢᠩ ᠰᠢᠷᠪᠤᠰᠦ᠂ ᠲᠤᠲᠤᠷ ᠴᠤᠯᠤ ᠰᠠᠪᠠ ᠡᠷᠬᠡᠲᠡᠨ ᠨᠢ ᠢᠨᠢᠶᠡᠬᠦ ᠴᠣᠬᠢᠯᠭ᠎ᠠ ᠶᠢ ᠳᠠᠭᠠᠯᠳᠤᠨ ᠳᠣᠷᠭᠢᠯᠲᠠ᠂ ᠴᠡᠴᠡᠷᠡᠯᠲᠠ᠂ ᠬᠦᠳᠡᠯᠭᠡᠭᠡᠨᠲᠦ ᠪᠠᠶᠢᠳᠠᠯ ᠳᠤ ᠣᠷᠤᠵᠤ᠂ ᠪᠦᠬᠦ ᠪᠡᠶ᠎ᠡ ᠶᠢᠨ ᠴᠤᠯᠤ ᠡᠷᠬᠡᠲᠡᠨ ᠳᠤ ᠢᠯᠢᠯᠭᠡ ᠪᠣᠯᠵᠤ ᠦᠢᠯᠡ ᠠᠵᠢᠯᠯᠠᠭ᠎ᠠ ᠶᠢ ᠨᠢ ᠢᠲᠠᠪᠬᠢᠵᠢᠭᠦᠯᠦᠨ ᠡᠷᠡᠭᠦᠯᠵᠢᠭᠦᠯᠦᠨ᠎ᠡ᠃ ᠣᠨᠴᠠᠭᠠᠶᠢᠯᠠᠨ ᠵᠢᠷᠦᠬᠡᠨ ᠤ ᠠᠵᠢᠯᠯᠠᠭ᠎ᠠ ᠶᠢ ᠢᠲᠠᠪᠬᠢᠵᠢᠭᠦᠯᠵᠦ᠂ ᠬᠡᠢ ᠴᠢᠰᠦᠨ ᠤ ᠡᠷᠭᠢᠯᠲᠡ ᠶᠢ ᠰᠠᠶᠢᠵᠢᠷᠠᠭᠤᠯᠤᠨ᠂ ᠪᠣᠳᠠᠰ ᠤᠨ ᠰᠣᠯᠢᠯᠴᠠᠭ᠎ᠠ ᠶᠢ ᠠᠬᠢᠭᠤᠯᠵᠤ᠂ ᠪᠣᠳᠠᠰ ᠤᠨ ᠰᠣᠯᠢᠯᠴᠠᠭᠠᠨ ᠠᠴᠠ ᠡᠭᠦᠰᠦᠭᠰᠡᠨ ᠠᠰᠢᠭ ᠦᠭᠡᠢ ᠪᠣᠳᠠᠰ ᠤᠨ ᠭᠠᠳᠠᠭᠰᠢᠯᠠᠭᠤᠯᠬᠤ ᠶᠢ ᠨᠢ ᠲᠦᠷᠭᠡᠳᠬᠡᠵᠦ᠂ ᠲᠠᠪᠤᠨ ᠴᠤᠯᠤ ᠵᠢᠷᠭᠤᠭᠠᠨ ᠰᠠᠪᠠᠨ ᠤ ᠠᠵᠢᠯᠯᠠᠭ᠎ᠠ ᠶᠢ ᠰᠠᠶᠢᠵᠢᠷᠠᠭᠤᠯᠤᠨ᠎ᠠ᠃ ᠮᠦᠨ ᠴᠤ ᠶᠡᠭᠡ ᠲᠠᠷᠢᠬᠢᠨ ᠳᠤ ᠰᠡᠲᠦᠯᠲᠡ ᠦᠭᠴᠦ ᠰᠠᠶᠢᠨ ᠬᠤᠷᠮᠤᠨ ᠱᠦᠭᠦᠷᠡᠭᠦᠯᠵᠦ᠂ ᠲᠤᠲᠤᠭᠠᠳᠤ ᠱᠦᠭᠦᠷᠡᠯᠡᠯ ᠢ ᠳᠠᠮᠵᠢᠵᠦ ᠪᠡᠶ᠎ᠡ ᠰᠡᠳᠬᠢᠯ ᠢ ᠠᠮᠠᠷᠠᠭᠤᠯᠤᠨ ᠡᠷᠡᠭᠦᠯᠵᠢᠭᠦᠯᠵᠦ᠂ ᠶᠠᠳᠠᠷᠠᠭ᠎ᠠ ᠶᠢ ᠲᠠᠶᠢᠯᠤᠨ᠎ᠠ᠃ ᠭᠡᠪᠡᠴᠦ ᠬᠦᠨᠳᠦ ᠡᠪᠡᠳᠴᠢᠨ ᠲᠠᠢ ᠬᠦᠮᠦᠰ ᠭᠡᠲᠦ ᠢᠨᠢᠶᠡᠵᠦ ᠪᠣᠯᠬᠤ ᠦᠭᠡᠢ᠃ ᠢᠨᠢᠶᠡᠬᠦ ᠶᠢ ᠠᠮᠢᠳᠦᠷᠠᠯ ᠤᠨ ᠢᠶᠠᠨ ᠡᠳᠤᠷ ᠲᠤᠲᠤᠮ ᠤᠨ ᠳᠠᠳᠬᠠᠯ ᠬᠡᠪᠰᠢᠯ ᠪᠣᠯᠭᠠᠬᠤ ᠨᠢ ᠲᠦᠢᠯ ᠤᠨ ᠴᠢᠬᠤᠯᠠ᠃ ᠠᠷᠠᠳ ᠤᠨ ᠦᠭᠡᠨ ᠳᠤ᠂ ᠬᠤᠯᠤ ᠲᠠᠢ ᠠᠶᠢᠷᠠᠭ ᠢ ᠴᠠᠯᠬᠢᠲᠠᠯ᠎ᠠ᠂ ᠭᠠᠩᠭᠠᠷ ᠱᠠᠭᠠᠵᠠᠩ ᠢ ᠳᠣᠷᠭᠢᠲᠠᠯ᠎ᠠ᠂ ᠰᠠᠳᠬᠢᠯ ᠪᠠᠶᠠᠰᠤᠮ᠎ᠠ ᠢᠨᠢᠶᠡᠳᠡᠭ ᠭᠡᠳᠡᠭ ᠨᠢ ᠤᠴᠢᠷ ᠤᠳᠬ᠎ᠠ ᠲᠠᠢ ᠦᠭᠡ ᠪᠠᠶᠢᠵᠡᠢ᠃ ᠢᠨᠢᠶᠡᠵᠦ ᠶᠠᠪᠤᠪᠠᠯ ᠠᠷᠪᠠᠨ ᠵᠢᠯ ᠵᠠᠯᠠᠭᠤᠵᠢᠨ᠎ᠠ᠂ ᠠᠭᠤᠷᠯᠠᠵᠤ ᠶᠠᠪᠤᠪᠠᠯ ᠦᠰᠦ ᠭᠡᠵᠢᠭᠡ ᠴᠠᠶᠢᠨ᠎ᠠ ᠭᠡᠳᠡᠭ ᠨᠢ ᠪᠠᠰᠠ ᠯᠠ ᠤᠴᠢᠷ ᠲᠠᠢ ᠦᠭᠡ᠃ ᠡᠶᠢᠮᠦ ᠠᠴᠠ ᠢᠨᠢᠶᠡᠬᠦ ᠪᠣᠯ ᠪᠡᠶ᠎ᠡ ᠰᠡᠳᠬᠢᠯ ᠢᠶᠠᠨ ᠡᠷᠡᠭᠦᠯᠵᠢᠭᠦᠯᠬᠦ ᠰᠠᠶᠢᠨ ᠡᠮ᠂ ᠠᠮᠢ ᠨᠠᠰᠤ ᠶᠢ ᠤᠷᠲᠤᠳᠬᠠᠬᠤ ᠸᠢᠲ᠋ᠠᠮᠢᠨ ᠮᠦᠨ᠃ ᠠᠩᠬᠠᠷᠠᠭᠤᠯᠬᠤ ᠨᠢ ᠬᠦᠮᠦᠨ ᠢ ᠭᠡᠳᠡᠭᠡᠯᠡᠵᠦ᠂ ᠰᠣᠴᠢᠭᠠᠵᠤ ᠢᠨᠢᠶᠡᠯᠭᠡᠵᠦ ᠪᠣᠯᠬᠤ ᠦᠭᠡᠢ᠂ ᠡᠨᠡ ᠨᠢ ᠨᠡᠩ ᠢᠯᠡᠭᠦᠦ ᠬᠡᠤᠬᠡᠳ ᠪᠠᠭᠠᠴᠤᠳ ᠲᠤ ᠴᠡᠭᠡᠷ ᠲᠠᠢ᠃ ᠤᠴᠢᠷ ᠨᠢ ᠬᠡᠤᠬᠡᠳ ᠤᠨ ᠠᠭᠤᠰᠬᠢ᠂ ᠲᠡᠷᠢᠬᠢ᠂ ᠵᠢᠷᠦᠬᠡᠨ ᠤ ᠠᠵᠢᠯᠯᠠᠭ᠎ᠠ ᠪᠦᠷᠢᠨ ᠬᠦᠢᠴᠡᠳ ᠪᠤᠶᠢᠵᠢᠭ᠎ᠠ ᠦᠭᠡᠢ ᠪᠠᠶᠢᠳᠠᠭ᠃      ᠠᠨᠠᠭᠠᠬᠤ ᠤᠬᠠᠭᠠᠨ ᠳᠡᠭᠡᠷ᠎ᠡ ᠡᠪᠡᠳᠴᠢᠨ ᠢ ᠡᠮᠴᠢᠯᠡᠬᠦ ᠣᠯᠠᠨ ᠠᠷᠭ᠎ᠠ ᠪᠠᠶᠢᠳᠠᠭ᠃ ᠡᠭᠦᠨ ᠳᠤ ᠢᠨᠢᠶᠡᠬᠦ ᠡᠮᠴᠢᠯᠡᠭᠡ ᠪᠠᠰᠠ ᠪᠠᠭᠲᠠᠨ᠎ᠠ᠂ ᠭᠡᠪᠡᠴᠦ ᠦᠷᠭᠡᠨ ᠢᠶᠠᠷ ᠬᠡᠷᠡᠭᠯᠡᠭᠳᠡᠬᠦ ᠦᠭᠡᠢ ᠪᠠᠶᠢᠨ᠎ᠠ᠃ ᠣᠶᠢᠷ᠎ᠠ ᠶᠢᠨ ᠵᠢᠯ ᠠᠴᠠ ᠵᠠᠷᠢᠮ ᠤᠯᠤᠰ ᠣᠷᠤᠨ ᠳᠤ ᠢᠨᠢᠶᠡᠬᠦ ᠨᠡᠶᠢᠬᠡᠮᠯᠢᠭ ᠪᠠᠶᠢᠭᠤᠯᠤᠭᠳᠠᠵᠤ᠂ ᠨᠡᠶᠢᠬᠡᠮ ᠤᠨ ᠳᠤᠮᠳᠠ ᠶᠡᠭᠡ ᠪᠠᠷ ᠪᠣᠢ ᠪᠣᠯᠤᠭᠰᠠᠨ ᠭᠠᠭᠴᠠᠭᠠᠷᠳᠠᠮᠠᠯ ᠰᠡᠳᠬᠢᠯ ᠤᠨ ᠳᠠᠷᠤᠭᠠᠰᠤ᠂ ᠪᠣᠭᠢᠨᠢᠳᠤᠯ᠂ ᠡᠭᠡᠳᠡᠷᠡᠭᠡ ᠶᠢ ᠲᠠᠶᠢᠯᠵᠤ᠂ ᠡᠪᠡᠳᠴᠢᠨ ᠡᠮᠬᠡᠭ ᠢ ᠡᠮᠴᠢᠯᠡᠬᠦ᠂ ᠴᠢᠨᠠᠭᠰᠢᠳᠠ ᠬᠤᠣᠷᠲᠤ ᠬᠠᠪᠤᠳᠠᠷ ᠢ ᠡᠮᠴᠢᠯᠡᠬᠦ ᠳᠤ ᠬᠦᠷᠲᠡᠯ᠎ᠡ ᠡᠨᠡ ᠠᠷᠭ᠎ᠠ ᠶᠢ ᠬᠡᠷᠡᠭᠯᠡᠭᠡᠳ ᠮᠠᠰᠢ ᠶᠡᠭᠡ ᠦᠷ᠎ᠡ ᠳ᠋ᠦᠩ ᠣᠯᠤᠭᠰᠠᠨ ᠪᠠᠷᠢᠮᠲᠠ ᠵᠢᠱᠢᠶ᠎ᠡ ᠣᠯᠠᠨ ᠪᠠᠶᠢᠳᠠᠭ᠃ ᠢᠨᠢᠶᠡᠬᠦ ᠪᠠᠷ ᠡᠪᠡᠳᠴᠢᠨ ᠵᠠᠰᠠᠬᠤ ᠳᠠᠭᠠᠨ ᠳᠠᠷᠠᠭᠠᠬᠢ 8 ᠵᠦᠢᠯ ᠢ ᠠᠩᠬᠠᠷ᠃      1. ᠪᠣᠲᠠᠲᠤ ᠨᠠᠰᠤ ᠪᠠᠨ ᠮᠠᠷᠲᠠᠨ ᠵᠠᠯᠠᠭᠤᠵᠢ᠃      2. ᠦᠰᠢᠶ᠎ᠡ ᠬᠤᠷᠤᠰᠤᠯ ᠢᠶᠠᠨ ᠮᠡᠷᠲᠠᠵᠦ᠂ ᠪᠤᠰᠤᠳ ᠢ ᠠᠭᠤᠴᠢᠯᠠᠵᠤ ᠦᠷᠦᠰᠢᠶᠡᠵᠦ ᠲᠤᠰᠠᠯᠠ᠃      3. ᠭᠠᠰᠢᠭᠤᠨ ᠡᠮᠬᠡᠨᠢᠯ ᠢᠶᠠᠨ ᠮᠠᠷᠲᠠᠵᠤ᠂ ᠠᠮᠢ ᠨᠠᠰᠤᠨ ᠤ ᠵᠢᠮ᠎ᠡ ᠶᠣᠰᠤ ᠶᠢ ᠵᠦᠪ ᠢᠶᠠᠷ ᠤᠶᠢᠯᠠᠭ᠎ᠠ᠃      4. ᠠᠭᠤᠷ ᠤᠴᠠᠭᠠᠷ ᠢ ᠮᠠᠷᠲᠠᠵᠤ᠂ ᠰᠠᠳᠬᠢᠯ ᠰᠠᠨᠠᠭ᠎ᠠ ᠪᠠᠨ ᠠᠭᠤᠵᠢᠭᠤ ᠪᠠᠶᠢᠯᠭ᠎ᠠ᠃      5. ᠵᠣᠪᠠᠯ ᠵᠦᠳᠡᠭᠦᠷᠢ ᠶᠢ ᠮᠠᠷᠲᠠᠵᠤ᠂ ᠰᠠᠶᠢᠨ ᠰᠠᠶᠢᠬᠠᠨ ᠢ ᠬᠦᠰᠡ᠃      6. ᠵᠠᠨᠤᠯ ᠭᠡᠮᠰᠢᠯ ᠢ ᠮᠠᠷᠲᠠᠵᠤ᠂ ᠦᠩᠭᠡᠷᠡᠭᠰᠡᠨ ᠢ ᠡᠭᠦᠷᠢᠳᠡ ᠣᠷᠬᠢᠨ ᠬᠠᠶᠠ᠃      7. ᠡᠪᠡᠳᠴᠢᠨ ᠡᠮᠬᠡᠭ ᠢᠶᠠᠨ ᠮᠠᠷᠲᠠᠵᠤ᠂ ᠬᠡᠶᠢᠮᠦᠷᠢ ᠰᠦᠯᠳᠡ ᠲᠠᠢ ᠪᠠᠢ᠃      8. ᠨᠡᠷ᠎ᠡ ᠠᠰᠢᠭ ᠢ ᠮᠠᠷᠲᠠᠵᠤ᠂ ᠨᠡᠶᠢᠲᠡ ᠣᠯᠠᠨ ᠲᠠᠢ ᠪᠠᠨ ᠬᠠᠮᠲᠤ ᠪᠠᠢ᠃      ᠳᠡᠭᠡᠷᠡᠬᠢ ᠵᠦᠢᠯ ᠢ ᠠᠩᠬᠠᠷᠤᠨ ᠬᠡᠷᠡᠭᠵᠢᠭᠦᠯᠵᠦ᠂ ᠢᠨᠢᠶᠡᠵᠦ ᠵᠠᠩᠰᠢᠬᠤ ᠨᠢ ᠪᠡᠶ᠎ᠡ ᠰᠡᠳᠬᠢᠯ ᠢ ᠡᠷᠡᠭᠦᠯᠵᠢᠬᠦᠯᠬᠦ ᠶᠢᠨ ᠡᠭᠦᠳᠡ ᠬᠠᠭᠠᠯᠭ᠎ᠠ ᠶᠢᠨ ᠨᠢᠭᠡ ᠶᠤᠮ᠃      ᠢᠨᠢᠶᠡᠬᠦ ᠳᠤ ᠣᠯᠠᠨ ᠠᠷᠭ᠎ᠠ ᠪᠠᠶᠢᠳᠠᠭ᠃ ᠵᠢᠱᠢᠶᠡᠯᠡᠪᠡᠯ᠂ ᠲᠣᠯᠢᠨ ᠳᠤ ᠦᠪᠡᠷ ᠢ ᠪᠠᠨ ᠬᠠᠷᠠᠵᠤ ᠢᠨᠢᠶᠡᠬᠦ᠂ ᠢᠨᠢᠶᠡᠳᠦ ᠨᠠᠷᠭᠢᠶᠠᠨ ᠲᠠᠢ ᠦᠭᠡ ᠬᠡᠯᠡᠬᠦ᠂ ᠠᠷᠠᠳ ᠤᠨ ᠤᠯᠠᠮᠵᠢᠯᠠᠯᠲᠤ ᠬᠤᠱᠤᠩ ᠦᠭᠡ᠂ ᠦᠯᠢᠭᠡᠷ ᠣᠨᠢᠰᠤᠭ᠎ᠠ ᠶᠢ ᠰᠤᠷᠴᠤ ᠬᠡᠷᠡᠭᠯᠡᠬᠦ᠂ ᠬᠤᠱᠤᠩ ᠱᠤᠭ᠂ ᠢᠨᠢᠶᠡᠳᠦᠮ ᠲᠠᠢ ᠺᠢᠨᠤ᠋ ᠦᠵᠡᠬᠦ᠂ ᠢᠨᠢᠶᠡᠳᠦ ᠨᠠᠷᠭᠢᠶᠠᠨ ᠢ ᠡᠭᠦᠰᠭᠡᠳᠡᠭ ᠬᠦᠮᠦᠨ ᠲᠠᠢ ᠬᠠᠮᠲᠤ ᠪᠠᠶᠢᠵᠤ᠂ ᠲᠡᠭᠦᠨ ᠠᠴᠠ ᠰᠤᠷᠤᠯᠴᠠᠬᠤ᠂ ᠢᠨᠢᠶᠡᠬᠦ ᠨᠡᠶᠢᠬᠡᠮᠯᠢᠭ ᠲᠤ ᠣᠷᠤᠯᠴᠠᠬᠤ ᠪᠤᠶᠤ ᠲᠤᠰᠬᠠᠶᠢᠯᠠᠨ ᠬᠡᠳᠦᠭᠦᠯᠡ ᠨᠡᠶᠢᠯᠡᠵᠦ᠂ ᠢᠨᠢᠶᠡᠬᠦ ᠠᠵᠢᠯ ᠢ ᠦᠷᠨᠢᠭᠦᠯᠬᠦ᠂ ᠦᠪᠡᠷᠲᠡᠭᠡᠨ ᠪᠡᠶ᠎ᠡ ᠪᠠᠨ ᠡᠷᠡᠭᠦᠯᠵᠢᠭᠦᠯᠬᠦ ᠬᠢᠴᠢᠶᠡᠯ ᠢ ᠳᠠᠭᠠᠵᠤ ᠢᠨᠢᠶᠡᠬᠦ ᠳᠤ ᠵᠣᠷᠢᠭᠤᠯᠤᠭᠰᠠᠨ CD ᠶᠢ ᠰᠤᠨᠤᠰᠬᠤ ᠵᠡᠷᠭᠡ ᠪᠤᠢ᠃ ᠪᠡᠶ᠎ᠡ ᠰᠡᠳᠬᠢᠯ ᠢᠶᠠᠨ ᠲᠠᠶᠢᠪᠤᠩ ᠲᠤᠭᠲᠠᠭᠤᠨ ᠪᠠᠶᠢᠯᠭᠠᠵᠤ᠂ ᠢᠨᠢᠶᠡᠳᠦ ᠨᠠᠷᠭᠢᠶᠠᠨ ᠲᠠᠢ ᠪᠠᠶᠢᠪᠠᠯ ᠡᠷᠡᠭᠦᠯ ᠡᠩᠬᠡ ᠪᠠᠷ ᠤᠷᠲᠤ ᠨᠠᠰᠤᠯᠠᠵᠤ᠂ ᠤᠳᠠᠭᠠᠨ ᠵᠢᠷᠭᠠᠬᠤ ᠵᠢᠮ᠎ᠡ ᠶᠤᠰᠤ ᠲᠠᠢ᠃ ᠡᠷᠡᠭᠦᠯ ᠮᠡᠨᠳᠦ ᠶᠢᠨ ᠲᠤᠬᠠᠢ ᠰᠤᠷᠭᠠᠯ ᠪᠣᠯ ᠵᠢᠯᠤᠭᠤᠳᠤᠭᠴᠢ᠂ ᠣᠶᠤᠨ ᠤᠬᠠᠭᠠᠨ ᠪᠣᠯ ᠡᠷᠡᠭᠦᠯ ᠮᠡᠨᠳᠦ ᠶᠢᠨ ᠬᠦᠲᠦᠯᠦᠭᠴᠢ᠂ ᠰᠠᠶᠢᠬᠠᠨ ᠰᠡᠳᠬᠢᠯ ᠪᠣᠯ ᠡᠷᠡᠭᠦᠯ ᠮᠡᠨᠳᠦ ᠶᠢᠨ ᠰᠠᠭᠤᠷᠢ᠂ ᠪᠠᠶᠢᠭᠠᠯᠢ ᠡᠬᠡ ᠪᠣᠯ ᠡᠷᠡᠭᠦᠯ ᠮᠡᠨᠳᠦ ᠶᠢᠨ ᠦᠯᠦᠭᠡᠢ᠂ ᠵᠣᠬᠢᠰᠲᠠᠢ ᠬᠤᠭᠤᠯᠠ ᠤᠮᠳᠠᠭᠠᠨ ᠪᠣᠯ ᠡᠷᠡᠭᠦᠯ ᠮᠡᠨᠳᠦ ᠶᠢᠨ ᠪᠠᠲᠤᠯᠠᠭ᠎ᠠ᠂ ᠬᠦᠳᠡᠯᠭᠡᠭᠡᠨ ᠪᠣᠯ ᠡᠷᠡᠭᠦᠯ ᠮᠡᠨᠳᠦ ᠶᠢᠨ ᠬᠦᠷᠦᠩᠭᠡ ᠣᠷᠤᠭᠤᠯᠤᠯᠲᠠ᠂ ᠡᠪᠡᠳᠴᠢᠨ ᠪᠣᠯ ᠠᠮᠢᠳᠤᠷᠠᠯ ᠤᠨ ᠵᠣᠬᠢᠰ ᠦᠭᠡᠢ ᠬᠡᠯᠪᠡᠷᠢ ᠶᠢᠨ ᠦᠷᠢ ᠶᠢᠨ ᠪᠠᠩᠬᠢ᠂ ᠪᠡᠶ᠎ᠡ ᠪᠠᠨ ᠳᠠᠶᠢᠴᠢᠯᠠᠬᠤ ᠨᠢ ᠦᠷᠢ ᠠᠴᠠ ᠭᠠᠷᠬᠤ ᠶᠢᠨ ᠴᠣᠷ ᠤᠨ ᠭᠠᠭᠴᠠ ᠠᠷᠭ᠎ᠠ ᠵᠠᠮ᠃ ᠬᠦᠮᠦᠨ ᠪᠦᠷᠢ ᠡᠷᠡᠭᠦᠯ ᠮᠡᠨᠳᠦ ᠶᠢᠨ ᠲᠦᠯᠬᠢᠭᠦᠷ ᠢᠶᠠᠨ ᠭᠠᠷ ᠲᠠᠭᠠᠨ ᠠᠳᠬᠤᠵᠤ ᠪᠠᠶᠢᠨ᠎ᠠ᠃ ᠦᠪᠡᠷ ᠤᠨ ᠪᠡᠶ᠎ᠡ ᠪᠠᠨ ᠵᠦᠪ ᠠᠪᠴᠤ ᠶᠠᠪᠤᠵᠤ ᠴᠢᠳᠠᠪᠠᠯ ᠨᠢᠭᠡ ᠭᠡᠷ ᠪᠦᠯᠢ ᠶᠢ ᠵᠦᠪ ᠠᠪᠴᠤ ᠶᠠᠪᠤᠵᠤ ᠴᠢᠳᠠᠨ᠎ᠠ᠃      ᠦᠪᠡᠷ ᠤᠨ ᠪᠡᠶ᠎ᠡ ᠪᠠᠨ ᠵᠦᠪ ᠲᠠᠨᠢᠨ᠂ ᠵᠦᠪ ᠬᠤᠭᠤᠯᠠᠯᠠᠬᠤ᠂ ᠵᠦᠪ ᠰᠡᠳᠬᠢᠴᠡ᠂ ᠵᠦᠪ ᠬᠦᠳᠡᠯᠭᠡᠭᠡᠨ᠂ ᠦᠪᠡᠷᠲᠡᠭᠡᠨ ᠪᠡᠶ᠎ᠡ ᠪᠠᠨ ᠡᠷᠡᠭᠦᠯᠵᠢᠭᠦᠯᠬᠦ ᠠᠷᠭ᠎ᠠ᠂ ᠢᠨᠢᠶᠡᠬᠦ ᠶᠢᠨ ᠠᠴᠢ ᠲᠤᠰᠠ ᠵᠡᠷᠭᠡ 6 ᠵᠦᠢᠯ ᠢ ᠵᠦᠪ ᠡᠵᠡᠮᠰᠢᠵᠦ ᠴᠢᠳᠠᠪᠠᠯ ᠡᠷᠡᠭᠦᠯ ᠪᠠᠶᠢᠵᠤ᠂ ᠡᠪᠡᠳᠴᠢᠨ ᠲᠠᠢ ᠪᠠᠶᠢᠭᠰᠠᠨ ᠴᠤ ᠮᠠᠰᠢ ᠬᠤᠷᠳᠤᠨ ᠡᠳᠡᠭᠡᠷᠡᠵᠦ ᠪᠤᠯᠤᠨ᠎ᠠ᠃ ᠭᠤᠶᠤ ᠰᠠᠶᠢᠬᠠᠨ ᠬᠦᠰᠡᠯ ᠡᠷᠡᠮᠡᠯᠵᠡᠯ᠂ ᠰᠡᠷᠭᠡᠭ ᠣᠶᠤᠨ ᠤᠬᠠᠭᠠᠨ᠂ ᠡᠷᠡᠭᠦᠯ ᠤᠬᠠᠭᠠᠯᠢᠭ ᠤᠭᠤᠷᠠᠭ ᠲᠠᠷᠢᠬᠢ᠂ ᠡᠷᠡᠭᠦᠯ ᠴᠢᠭᠢᠷᠠᠭ ᠪᠡᠶ᠎ᠡ ᠰᠡᠳᠬᠢᠯ ᠲᠠᠨ ᠢ ᠬᠦᠯᠢᠶᠡᠵᠦ ᠪᠠᠶᠢᠨ᠎ᠠ᠂ ᠰᠠᠶᠢᠨ ᠰᠠᠶᠢᠬᠠᠨ ᠠᠮᠢᠳᠦᠷᠠᠯ ᠢᠶᠠᠨ ᠣᠳᠤ ᠠᠴᠠ ᠡᠬᠢᠯᠡ︕
 
ᠢᠷᠡᠯᠲᠡ᠄ ᠠᠯᠠᠱᠨ ᠵᠡᠬᠦᠨ ᠬᠤᠰᠢᠭᠤᠨ ᠤ ᠠᠷᠠᠳ ᠤᠨ ᠵᠠᠰᠠᠭ ᠤᠨ ᠤᠷᠲᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号