ᠵᠢᠷᠭᠠᠯᠳᠤ ᠠᠮᠢᠳᠤᠷᠠᠯ ᠢᠶᠠᠨ ᠪᠠᠭ᠋ᠠᠳᠤᠨ ᠲᠠᠭᠤᠯᠠᠨᠠᠮ
ᠨᠡᠶᠢᠲᠡᠯᠡᠭᠰᠡᠨ ᠴᠠᠭ᠄
2021/7/2
ᠤᠳᠬᠤᠨᠪᠠᠭᠠᠳᠤᠷ᠄ ᠴᠢᠷᠮᠠᠶᠢᠳᠠᠭ ᠯᠠ ᠶᠤᠮ ᠪᠤᠯ ᠵᠢᠷᠭᠠᠯᠳᠤ ᠠᠮᠢᠳᠤᠷᠠᠯ ᠢᠶᠠᠨ ᠡᠳ᠋ᠯᠠᠵᠤ ᠴᠢᠳᠠᠨ᠎ᠠ      ᠤᠶᠢᠷ᠎ᠠ ᠶᠢᠨ ᠡᠳᠤᠷ ᠂ ᠠᠯᠠᠱᠠ ᠪᠠᠷᠠᠭᠤᠠ ᠬᠤᠰᠢᠭᠤᠠ ᠤ ᠠᠯᠳ᠋ᠬᠠᠤᠪᠤᠭ᠎ᠠ ᠪᠠᠯᠭᠠᠰᠤᠠ ᠤ ᠭᠤᠷᠪᠠᠨᠳᠤᠯᠭ᠎ᠠ ᠭᠠᠴᠠᠭᠠᠠ ᠤ ᠮᠠᠯᠴᠢᠠ ᠤᠳᠬᠤᠨᠪᠠᠭᠠᠳᠤᠷ ᠤᠨ ᠭᠡᠷ ᠤᠨ ᠦᠢᠯᠠᠳᠪᠤᠷᠢᠯᠠᠯ ᠤᠨ ᠳᠠᠰᠤᠭ ᠲᠤ ᠮᠠᠰᠢᠠ ᠬᠦᠷᠴᠢᠬᠢᠨᠠᠠ᠂ ᠰᠥᠨ ᠤ ᠦᠨᠤᠷ ᠬᠠᠩᠬᠤᠯᠵᠤ ᠬᠦᠷ ᠬᠦᠭᠵᠢᠶᠠᠠ ᠲᠠᠢ ᠪᠠᠶᠢᠯ᠎ᠠ᠃ ᠲᠡᠳᠡ ᠭᠡᠷ ᠢᠶᠠᠷ ᠢᠶᠠᠨ ᠬᠦᠳᠠᠯᠤᠯᠴᠠᠠ᠂ ᠯᠤᠩᠬᠤᠠ ᠳᠤ ᠰᠠᠪᠠᠯᠠᠬᠰᠠᠠ ᠳᠡᠮᠡᠬᠡᠠ ᠰᠦ ᠶᠢ ᠨᠠᠷᠢᠯᠢᠭ ᠭᠤᠶᠤ ᠬᠢᠴᠠ ᠲᠠᠢ ᠰᠠᠪᠠᠠ ᠳᠤ ᠰᠠᠪᠠᠯᠠᠯ᠎ᠠ᠃ ︽ᠡᠨᠠ ᠵᠢᠯ ᠤᠨ ᠡᠬᠢ ᠪᠠᠷ ᠪᠢᠳᠠ ︿ᠶᠡᠭᠡ ᠮᠠᠩᠬᠠᠠ ᠠᠶᠢᠯ﹀ ᠲᠠᠢ ᠬᠤᠷᠰᠢᠠ ᠠᠵᠢᠯᠯᠠᠵᠤ᠂ ᠳᠡᠮᠡᠬᠡᠠ ᠰᠦ ᠶᠢᠨ ᠪᠡᠯᠡᠭ ᠤᠨ ᠪᠤᠭᠤᠯᠳᠠ ᠶᠢ ᠪᠦᠳᠦᠭᠡᠭᠰᠡᠠ᠃ ᠵᠠᠬ᠎ᠠ ᠳᠡᠯᠬᠡᠬᠦᠷ ᠳᠡᠭᠡᠷᠡᠬᠢ ᠳᠤᠰᠬᠠᠯ ᠮᠠᠰᠢ ᠰᠠᠶᠢᠠ ᠪᠠᠶᠢᠨ᠎ᠠ︾ ᠭᠡᠭᠰᠡᠭᠡᠷ ᠤᠳᠬᠤᠨᠪᠠᠭᠠᠳᠤᠷ᠄ ︽ᠴᠢᠷᠮᠠᠶᠢᠳᠠᠭ ᠯᠠ ᠶᠤᠮ ᠪᠤᠯ ᠵᠢᠷᠭᠠᠯᠳᠤ ᠠᠮᠢᠳᠤᠷᠠᠯ ᠢᠶᠠᠨ ᠡᠳ᠋ᠯᠠᠵᠤ ᠴᠢᠳᠠᠨ᠎ᠠ ᠭᠡᠳᠡᠭ ᠲᠤ ᠢᠳᠡᠭᠡᠯ ᠲᠠᠢ ᠪᠠᠶᠢᠨ᠎ᠠ︾ ᠬᠡᠵᠤ ᠨᠢᠭᠤᠷ ᠳᠦᠬᠦᠷᠡᠩ ᠢᠨᠢᠶᠠᠳᠤ ᠪᠢᠯᠬᠠᠭᠤᠯᠵᠤ ᠪᠠᠶᠢᠯ᠎ᠠ᠃      ᠬᠡᠳᠦᠬᠡᠠ ᠵᠢᠯ ᠤᠨ ᠡᠮᠤᠨ᠎ᠠ ᠶᠠᠳᠠᠭᠤ ᠠᠶᠢᠯ ᠪᠠᠶᠢᠬᠰᠠᠠ ᠤᠳᠬᠤᠨᠪᠠᠭᠠᠳᠤᠷ ᠦᠪᠠᠷ ᠤᠨ ᠪᠠᠭ᠎ᠠ ᠠᠴᠠ ᠪᠠᠨ ᠳᠡᠮᠡᠭᠡ ᠮᠠᠯᠵᠢᠵᠤ ᠪᠠᠶᠢᠬᠰᠠᠠ ᠳᠤᠷᠰᠢᠯᠭ᠎ᠠ ᠳᠠᠭᠠᠨ ᠳᠦᠰᠢᠭᠯᠡᠠ᠂ ᠶᠡᠭᠡ ᠰᠤᠷᠭᠠᠭᠤᠯᠢ ᠪᠠᠨ ᠳᠡᠭᠦᠰᠭᠡᠭᠰᠡᠠ ᠤ ᠳᠠᠷᠠᠭ᠎ᠠ ᠨᠤᠳᠤᠭ ᠲᠠᠭᠠᠨ ᠬᠠᠷᠢᠵᠤ ᠳᠡᠮᠡᠭᠡ ᠬᠠᠷᠢᠭᠤᠯᠪᠠ᠃ ᠳᠡᠮᠡᠭᠡᠠ ᠰᠦ ᠶᠢᠨ ᠪᠤᠷᠤᠯᠠᠭᠤᠯᠭ᠎ᠠ ᠶᠢᠨ ᠳᠤᠬᠠᠢ ᠳᠤᠷᠰᠢᠯᠭ᠎ᠠ ᠦᠬᠡᠢ ᠠᠴᠠ ᠪᠤᠯᠵᠤ᠂ ᠠᠵᠢᠯ ᠦᠢᠯᠠᠰ ᠨᠢ ᠳᠤᠩ ᠴᠤ ᠶᠡᠭᠡ ᠭᠠᠴᠢᠭᠳᠠᠯ ᠳᠤ ᠳᠤᠯᠭᠠᠷᠠᠵᠤ ᠪᠠᠶᠢᠵᠠᠢ᠃ ᠳᠠᠳᠠᠠ ᠤ ᠪᠠᠶᠢᠳᠠᠯ ᠢ ᠤᠯᠵᠤ ᠮᠡᠳᠡᠭᠰᠡᠠ ᠭᠠᠴᠠᠭᠠᠠ ᠤ ︽ᠬᠤᠶᠠᠷ ᠵᠦᠪᠯᠠᠯ︾ ᠪᠠ ᠳᠤᠰᠬᠤᠠ ᠳᠤ ᠰᠠᠭᠤᠭ᠎ᠠ ᠠᠵᠢᠯᠯᠠᠬᠤ ᠠᠩᠬᠢ ᠶᠢᠨ ᠬᠢᠨ ᠬᠠᠪᠰᠤᠷᠤᠠ ᠵᠢᠬᠡᠯᠡᠯᠬᠡ ᠤᠯᠭᠤᠵᠤ᠂ ᠬᠠᠷᠠᠭᠠᠯᠵᠠᠯ ᠤᠨ ᠳᠦᠷᠦ ᠶᠢᠨ ᠪᠤᠳᠤᠯᠭ᠎ᠠ ᠬᠦᠷᠳᠡᠭᠡᠠ᠂ ᠳᠤᠯᠭᠠᠷᠠᠵᠤ ᠪᠠᠶᠢᠭ᠎ᠠ ᠬᠦᠴᠢᠷᠳᠠᠯ ᠢ ᠨᠢ ᠰᠢᠢᠳᠪᠤᠷᠢᠯᠠᠠ ᠦᠭᠭᠦᠭᠰᠡᠠ ᠪᠠᠶᠢᠨ᠎ᠠ᠃ ᠬᠠᠪᠰᠤᠷᠤᠯᠭ᠎ᠠ ᠳᠡᠮᠵᠢᠯᠬᠡ ᠳᠤ ᠵᠤᠷᠢᠬᠵᠢᠬᠰᠠᠠ ᠤᠳᠬᠤᠨᠪᠠᠭᠠᠳᠤᠷ ᠦᠤᠷ ᠤᠨ ᠭᠡᠭᠡ ᠤᠷᠤᠭᠠᠳᠤᠢ ᠪᠠᠷ ᠪᠤᠰᠤᠠ ᠦᠳᠠᠰᠢ ᠶᠢᠨ ᠪᠦᠷᠦᠢ ᠳᠠᠰᠤᠷᠠᠳᠠᠯ᠎ᠠ ᠠᠵᠢᠯᠯᠠᠠ ᠳᠠᠮᠠᠢ ᠬᠡᠳᠤᠠ ᠵᠢᠯ ᠪᠤᠯᠤᠯ ᠦᠬᠡᠢ ᠶᠠᠳᠠᠭᠤ ᠶᠢᠨ ᠮᠠᠯᠠᠭᠠᠢ ᠪᠠᠨ ᠳᠠᠶᠠᠭᠳᠠᠬᠰᠠᠠ ᠤ ᠬᠠᠮᠳᠤ ᠭᠠᠴᠠᠭᠠᠠ ᠤ ᠤᠯᠠᠠ ᠢᠶᠠᠨ ᠳᠠᠭᠠᠭᠤᠯᠤᠠ ᠰᠢᠨᠵᠢᠯᠡᠬᠦ ᠤᠬᠠᠭᠠᠨᠴᠢ ᠪᠠᠷ ᠳᠠᠮᠡᠭᠡ ᠮᠠᠯᠵᠢᠬᠤ ᠵᠠᠮ ᠢᠶᠠᠷ ᠵᠠᠮᠨᠠᠬᠰᠠᠠ ᠪᠠᠶᠢᠨ᠎ᠠ᠃ 2020 ᠤᠠ ᠪᠤᠯᠬᠤ ᠳᠤ ᠤᠤᠯ ᠤᠨ ᠶᠠᠳᠠᠭᠤ ᠬᠤᠴᠤᠷᠤᠩᠭᠤᠢ ᠪᠠᠶᠢᠬᠰᠠᠠ ᠭᠤᠷᠪᠠᠨᠳᠤᠯᠭ᠎ᠠ ᠭᠠᠴᠠᠭ᠎ᠠ ᠶᠢᠨ ᠬᠠᠮᠳᠤ ᠶᠢᠨ ᠠᠵᠤ ᠠᠬᠤᠢ ᠶᠢᠨ ᠤᠷᠤᠯᠭ᠎ᠠ 6 ᠳᠦᠮᠠᠠ ᠳᠦᠬᠦᠷᠢᠭ ᠲᠤ ᠬᠦᠷᠴᠤ᠂ ᠯᠠᠪᠳᠠᠭᠤᠠ ᠢᠶᠠᠷ ᠶᠠᠳᠠᠭᠤ ᠠᠴᠠ ᠠᠩᠬᠢᠵᠢᠷᠠᠭᠰᠠᠠ ᠡᠷᠦᠬᠡ ᠶᠢᠨ ᠤᠷᠤᠯᠭ᠎ᠠ 2000 ᠳᠦᠬᠦᠷᠢᠭ ᠠᠴᠠ ᠳᠡᠭᠡᠭᠰᠢ ᠨᠡᠮᠡᠭᠳᠡᠠ᠂ ᠭᠡᠪ ᠤᠨ ᠶᠠᠳᠠᠭᠤ ᠠᠴᠠ ᠠᠩᠬᠢᠵᠢᠷᠠᠭᠰᠠᠠ ᠡᠷᠦᠬᠡ ᠶᠢᠨ ᠤᠷᠤᠯᠭ᠎ᠠ ᠶᠢᠨ ᠨᠡᠮᠡᠭᠳᠡᠯ 10000 ᠳᠦᠬᠦᠷᠢᠭ ᠢ ᠳᠠᠪᠠᠭᠰᠠᠠ ᠪᠠᠶᠢᠨ᠎ᠠ᠃ ᠤᠳᠬᠤᠨᠪᠠᠭᠠᠳᠤᠷ ᠴᠦ ᠤᠯᠠᠠ ᠤ ᠪᠠᠨ ᠢᠳᠡᠭᠡᠯ ᠢ ᠤᠯᠤᠬᠰᠠᠠ ᠢᠶᠠᠷ ᠭᠠᠴᠠᠭᠠᠠ ᠤ ᠳᠠᠳ᠋ ᠱᠦᠵᠢ ᠪᠠᠷ ᠰᠤᠩᠭᠤᠬᠳ᠋ᠬᠠᠰᠠᠠ ᠪᠠᠶᠢᠨ᠎ᠠ᠃      ︽ᠦᠨᠤᠳᠤᠷ ᠤᠨ ᠵᠢᠷᠭᠠᠯᠳᠤ ᠠᠮᠢᠳᠤᠷᠠᠯ ᠮᠢᠨᠢ ᠨᠠᠮ ᠤᠨ ᠬᠤᠷᠢᠶ᠎ᠠ᠂ ᠵᠠᠰᠠᠭ ᠤᠨ ᠤᠷᠳᠤᠠ ᠤ ᠳᠡᠮᠵᠢᠯᠬᠡ ᠠᠴᠠ ᠰᠠᠯᠵᠤ ᠴᠢᠳᠠᠬᠤ ᠦᠬᠡᠢ᠂ ᠳᠤᠰᠬᠤᠠ ᠳᠤ ᠰᠠᠭᠤᠭ᠎ᠠ ᠠᠵᠢᠯᠯᠠᠬᠤ ᠠᠩᠬᠢ ᠶᠢᠨ ᠬᠢᠨ ᠤ ᠬᠠᠪᠰᠤᠷᠤᠯᠭ᠎ᠠ ᠵᠤᠷᠢᠬᠵᠢᠭᠤᠯᠤᠯ ᠠᠴᠠ ᠰᠠᠯᠵᠤ ᠴᠢᠳᠠᠬᠤ ᠦᠬᠡᠢ᠃ ᠤᠯᠤᠰ ᠤᠨ ᠳᠦᠷᠦ ᠶᠢᠨ ᠪᠤᠳᠤᠯᠭ᠎ᠠ ᠶᠢᠨ ᠰᠠᠶᠢᠨ ᠢᠶᠠᠷ ᠪᠢ ᠪᠠᠶᠠᠷ ᠵᠢᠷᠭᠠᠯ ᠲᠠᠢ ᠰᠠᠶᠢᠬᠠᠠ ᠠᠮᠢᠳᠤᠷᠠᠵᠤ ᠪᠠᠶᠢᠨ᠎ᠠ᠃ ᠭᠠᠭᠴᠠᠭᠠᠷ ᠢᠶᠠᠨ ᠪᠠᠶᠠᠵᠢᠬᠤ ᠶᠢ ᠴᠢᠨᠡᠭᠡᠯᠢᠭ ᠠᠮᠢᠳᠤᠷᠠᠯ ᠭᠡᠵᠤ ᠭᠡᠯᠡᠬᠦ ᠦᠬᠡᠢ᠂ ᠭᠠᠴᠠᠭᠠᠠ ᠤ ᠤᠯᠠᠠ ᠲᠠᠢ ᠪᠠᠨ ᠬᠠᠮᠳᠤᠪᠠᠷ ᠪᠠᠶᠠᠵᠢᠠ ᠴᠢᠨᠡᠭᠡᠯᠢᠭᠵᠢᠬᠦ ᠪᠠᠷ ᠴᠢᠷᠮᠠᠶᠢᠨ᠎ᠠ᠃ ᠭᠠᠴᠠᠭᠠᠠ ᠤ ᠪᠠᠨ ᠳᠡᠮᠡᠭᠡᠠ ᠤ ᠠᠵᠤ ᠦᠢᠯᠠᠰ ᠢᠶᠠᠨ ᠰᠠᠶᠢᠳᠤᠷ ᠡᠵᠡᠩᠨᠠᠵᠤ᠂ ᠭᠠᠴᠠᠭᠠᠠ ᠤ ᠪᠠᠨ ᠳᠡᠮᠡᠬᠡᠠ ᠤ ᠪᠦᠳᠦᠭᠡᠭᠳᠡᠬᠦᠠ ᠢᠶᠠᠨ ᠨᠠᠩ ᠠᠷᠪᠢᠠ ᠪᠤᠯᠭᠠᠵᠤ᠂ ᠮᠠᠯᠴᠢᠠ ᠳᠦᠮᠠᠠ ᠤ ᠠᠮᠢᠳᠤᠷᠠᠯ ᠢ ᠨᠠᠩ ᠰᠠᠶᠢᠠ ᠪᠤᠯᠭᠠᠵᠤ ᠴᠢᠳᠠᠨ᠎ᠠ ᠭᠡᠳᠡᠭ ᠲᠤ ᠢᠳᠡᠭᠡᠯ ᠲᠠᠢ ᠪᠠᠶᠢᠨ᠎ᠠ︾ ᠭᠡᠵᠤ ᠤᠳᠬᠤᠨᠪᠠᠭᠠᠳᠤᠷ ᠮᠠᠨᠢ ᠪᠠᠶᠠᠷ ᠪᠠᠶᠠᠰᠤᠯ ᠲᠠᠢ ᠶᠠᠷᠢᠯ᠎ᠠ᠃ᠠᠯᠳᠠᠨᠳᠤᠶᠠᠭ᠎ᠠ᠄ ᠬᠠᠶᠢᠷ᠎ᠠ ᠳᠤ ᠰᠠᠭᠤᠷᠢᠯᠠᠬᠰᠠᠠ ᠠᠮᠢᠳᠤᠷᠠᠯ ᠰᠠᠶᠢᠬᠠᠠ      ᠠᠯᠠᠱᠠ ᠵᠡᠬᠦᠨ ᠬᠤᠰᠢᠭᠤᠨ ᠤ ᠪᠠᠶᠠᠨᠨᠢᠷᠤᠭᠤᠨ ᠰᠣᠮᠣᠨ ᠤ ᠲᠥᠷᠥᠯᠵᠢ ᠭᠠᠴᠠᠭᠠᠨ ᠤ ᠬᠠᠯᠲᠠᠷ ᠨᠣᠬᠠᠶᠢᠲᠤ ᠭᠡᠳᠡᠭ ᠭᠠᠵᠠᠷ ᠨᠤᠲᠤᠭᠰᠢᠨ ᠰᠠᠭᠤᠭ᠎ᠠ ᠪᠣᠯᠣᠳ᠂ ᠠᠯᠲᠠᠨᠲᠤᠶᠠᠭ᠎ᠠ ᠶᠢᠨ ᠬᠢᠨ ᠡ᠊ᠨᠳᠠ ᠭᠡᠳᠤᠠ ᠠᠷᠪᠠᠠ ᠵᠢᠯ ᠤᠨ ᠡᠶ᠎ᠡ ᠨᠠᠶᠢᠷ ᠲᠠᠢ ᠰᠠᠶᠢᠬᠠᠠ ᠠᠮᠢᠳᠤᠷᠠᠯ ᠢ ᠦᠡᠭᠭᠡᠷᠡᠭᠡᠵᠤ ᠪᠠᠶᠢᠭ᠎ᠠ ᠠᠵᠢ᠃      ᠠᠯᠳᠠᠨᠳᠤᠶᠠᠭ᠎ᠠ ᠪᠤᠯ ᠱᠠᠩᠬᠠᠢ ᠠᠴᠠ ᠥᠪᠤᠷ ᠮᠤᠩᠭᠤᠯ ᠤᠨ ᠲᠠᠯ᠎ᠠ ᠨᠤᠳᠤᠭ ᠲᠤ ᠬᠥᠷᠬᠡᠭᠳᠡᠨ ᠢᠷᠡᠭᠰᠡᠨ ᠭᠤᠷᠪᠠᠨ ᠮᠢᠩᠭᠠᠨ ᠥᠨᠤᠴᠢᠨ ᠬᠡᠤᠬᠡᠳ ᠤᠨ ᠨᠢᠬᠡ ᠪᠣᠯᠣᠨ᠎ᠠ᠃ ᠨᠢᠯᠬ᠎ᠠ ᠪᠠᠷ ᠢᠶᠠᠨ ᠠᠪᠤ ᠡᠵᠢ᠂ ᠨᠤᠳᠤᠭ ᠤᠷᠤᠨ ᠠᠴᠠ ᠪᠠᠨ ᠰᠠᠯᠵᠤ᠂ ᠮᠠᠯᠵᠢᠬᠤ ᠤᠷᠤᠨ ᠳᠤ ᠢᠷᠡᠵᠤ ᠠᠮᠢᠳᠤᠷᠠᠭᠠᠳ ᠨᠠᠰᠤᠨ ᠤ ᠨᠠᠮᠤᠷ ᠪᠤᠯᠵᠤ ᠶᠠᠪᠤᠭ᠎ᠠ ᠲᠡᠬᠦᠨ ᠤ ᠬᠤᠪᠢ ᠳᠤ᠂ ᠮᠤᠩᠭᠤᠯ ᠨᠤᠳᠤᠭ᠂ ᠠᠯᠠᠱᠠ ᠭᠡᠭᠴᠢ ᠭᠠᠵᠠᠷ ᠨᠢ ᠳᠦᠷᠦᠭᠰᠡᠠ ᠨᠤᠳᠤᠭ ᠲᠠᠢ ᠨᠢ ᠢᠯᠭᠠᠭ᠎ᠠ ᠦᠬᠡᠢ᠂ ᠡ᠊ᠨᠳᠠ ᠳᠠᠷᠠ ᠮᠤᠩᠭᠤᠯ ᠠᠪᠤ ᠡᠵᠢ ᠳᠤ ᠦᠷᠡᠴᠢᠯᠡᠭᠳᠡᠠ᠂ ᠮᠤᠩᠭᠤᠯ ᠬᠥᠮᠤᠨ ᠲᠠᠢ ᠠᠶᠢᠯ ᠭᠡᠷ ᠪᠤᠯᠤᠠ ᠠᠮᠢᠳᠤᠷᠠᠭᠠᠳ᠂ ᠦᠷ᠎ᠠ ᠭᠡᠦᠬᠡᠳ ᠢᠶᠠᠨ ᠦᠰᠭᠡᠠ ᠭᠠᠷ ᠢ ᠨᠢ ᠭᠠᠨᠵᠤᠭᠠᠠ ᠳᠤ᠂ ᠬᠦᠯ ᠢ ᠨᠢ ᠳᠦᠷᠦᠬᠡᠠ ᠳᠤ ᠬᠦᠷᠭᠡᠵᠠᠢ᠃ ᠤᠳᠤ ᠵᠢᠷᠠ ᠶᠢᠨ ᠳᠠᠪᠠᠭ᠎ᠠ ᠶᠢ ᠳᠠᠪᠠᠠ᠂ ᠦᠪᠠᠷ ᠤᠨ ᠬᠡᠰᠡᠠ ᠨᠤᠳᠤᠭ ᠤᠰᠤᠠ ᠳᠠᠭᠠᠨ ᠦᠳᠡᠯᠦᠬᠡ ᠨᠠᠰᠤ ᠪᠠᠨ ᠰᠠᠶᠢᠬᠠᠠ ᠦᠩᠭᠡᠷᠡᠬᠦᠯᠵᠤ ᠶᠠᠪᠤᠨ᠎ᠠ᠃     ︽ᠨᠠᠮ ᠵᠠᠰᠠᠭ ᠠᠴᠠ ᠰᠠᠶᠢᠬᠠᠠ ᠠᠪᠤ ᠡᠵᠢ ᠤᠯᠭᠤᠵᠤ ᠦᠭᠭᠦᠭᠰᠡᠠ ᠢᠶᠠᠷ ᠳᠠᠳᠠᠠ ᠤ ᠬᠠᠶᠢᠷ᠎ᠠ ᠬᠠᠯᠠᠮᠵᠢ ᠳᠤ ᠰᠠᠶᠢᠬᠠᠠ ᠦᠰᠦᠯ᠎ᠠ᠂ ᠮᠦᠨᠴᠤ ᠡᠷ᠎ᠠ ᠨᠦᠬᠦᠷ᠂ ᠭᠡᠷ ᠪᠦᠯᠢ ᠶᠢᠨ ᠬᠠᠯᠠᠭᠤᠠ ᠬᠠᠶᠢᠷ᠎ᠠ ᠳᠤ ᠪᠦᠪᠠᠶᠢᠯᠡᠭᠳᠡᠠ ᠨᠢᠬᠡ ᠨᠠᠰᠤ ᠪᠠᠨ ᠬᠠᠯᠠᠭᠤᠠ ᠳᠤᠯᠠᠭᠠᠠ᠂ ᠡᠶ᠎ᠡ ᠨᠠᠶᠢᠷ ᠲᠠᠢ᠂ ᠠᠮᠤᠷ ᠳᠠᠶᠢᠪᠤᠡᠭ ᠦᠡᠭᠭᠡᠷᠡᠬᠦᠯᠦᠭᠰᠡᠭᠡᠷ ᠪᠠᠶᠢᠨ᠎ᠠ᠃ ᠨᠠᠮ ᠵᠠᠰᠠᠭ ᠤᠨ ᠬᠠᠶᠢᠷ᠎ᠠ ᠬᠠᠯᠠᠮᠵᠢ ᠭᠡᠭᠴᠢ ᠰᠠᠶᠢᠬᠠᠠ ᠪᠠᠶᠢᠨ᠎ᠠ︾ ᠭᠡᠵᠤ ᠠᠯᠳᠠᠨᠳᠤᠶᠠᠭ᠎ᠠ ᠶᠠᠷᠢᠵᠤ ᠪᠠᠶᠢᠯ᠎ᠠ᠃      ᠪᠣᠯᠣᠳ᠂ ᠠᠯᠲᠠᠨᠲᠤᠶᠠᠭ᠎ᠠ ᠬᠤᠶᠡᠷ 1979 ᠣᠨ ᠳᠤ ᠡᠷᠤᠬᠡ ᠭᠡᠷ ᠢᠶᠠᠨ ᠪᠣᠰᠬᠠᠨ᠂ ᠠᠮᠢᠳᠤᠷᠠᠯ ᠳᠠᠭᠠᠨ ᠲᠦᠰᠢᠭ ᠬᠠᠨᠢ ᠪᠣᠯᠵᠤ᠂ ᠣᠳᠣ 7 ᠣᠮᠪᠣᠯᠣ ᠶᠢᠨ ᠢᠶᠠᠨ ᠪᠠᠷ᠎ᠠ ᠦᠵᠡᠵᠦ ᠥᠲᠡᠯᠦᠭᠡ ᠨᠠᠰᠤ ᠪᠠᠨ ᠵᠢᠷᠭᠠᠯᠲᠠᠢ ᠥᠩᠭᠡᠷᠡᠭᠦᠯᠵᠦ ᠪᠠᠶᠢᠭ᠎ᠠ ᠪᠣᠯᠪᠠᠴᠤ ᠠᠮᠢᠳᠤᠷᠠᠯ ᠳᠠᠭᠠᠨ ᠣᠯᠠᠨ ᠬᠦᠴᠢᠷ ᠵᠣᠪᠠᠯᠡᠩ ᠢ ᠳᠤᠭᠤᠯᠵᠤ᠂ ᠵᠦᠳᠡᠵᠦ ᠵᠣᠪᠠᠭᠰᠠᠨ ᠶᠠᠪᠤᠳᠠᠯ ᠴᠦ ᠵᠥᠩᠳᠡᠭᠡᠨ ᠲᠣᠬᠢᠶᠠᠯᠳᠤᠵᠤ ᠪᠠᠶᠢᠵᠡᠢ᠃ ᠲᠡᠳᠡ ᠠᠷᠪᠠᠨ ᠵᠢᠯ ᠵᠢᠷᠡᠳᠡᠢ ᠪᠠᠯᠭᠠᠰᠤᠨ ᠤ ᠰᠤᠯᠢᠳᠦ ᠭᠠᠴᠠᠭᠠᠨ ᠳᠤ ᠲᠡᠮᠡᠭᠡ ᠬᠠᠷᠢᠭᠤᠯᠵᠤ᠂ 1992 ᠣᠨ ᠳᠤ ᠭᠤᠷᠪᠠᠨ ᠬᠦᠤ᠂ ᠨᠢᠭᠡ ᠬᠡᠤᠬᠡᠨ ᠲᠠᠢ ᠪᠠᠨ ᠵᠢᠷᠭᠤᠭᠤᠯᠠ ᠪᠠᠶᠠᠨᠨᠢᠷᠤᠭᠤᠨ ᠰᠣᠮᠣᠨ ᠳᠤ ᠪᠤᠴᠠᠨ ᠢᠷᠡᠬᠦ ᠳᠤ 70 ᠣᠷᠴᠢᠮᠬᠠᠨ ᠮᠠᠯ ᠲᠠᠢ᠂ 16 ᠲᠡᠮᠡᠭᠡ ᠲᠠᠢ ᠪᠠᠶᠢᠭᠰᠠᠨ ᠴᠤ ᠥᠪᠡᠷ ᠤᠨ ᠴᠢᠷᠮᠠᠶᠢᠯᠭ᠎ᠠ ᠪᠠᠷ ᠲᠠᠮᠵᠢᠨ ᠥᠨᠥᠳᠥᠷ ᠤᠨ ᠴᠢᠨᠡᠭᠡᠯᠢᠭ ᠠᠶᠢᠯ ᠤᠨ ᠡᠩᠨᠡᠭᠡᠨ ᠳᠤ ᠤᠷᠤᠬᠰᠠᠨ ᠪᠠᠶᠢᠨ᠎ᠠ᠃ ᠠᠵᠤ ᠠᠮᠢᠳᠤᠷᠠᠯ ᠤᠨ ᠨᠥᠬᠦᠴᠡᠯ ᠮᠠᠭᠤ᠂ ᠵᠣᠭᠤᠰ ᠮᠥᠩᠬᠦ ᠪᠠᠷ ᠭᠠᠴᠢᠭᠳᠠᠵᠤ ᠪᠠᠶᠢᠭᠰᠠᠨ ᠴᠦ ᠠᠯᠲᠠᠨᠲᠤᠶᠠᠭ᠎ᠠ ᠬᠠᠨᠢ ᠨᠥᠬᠦᠷ ᠲᠠᠢ ᠪᠠᠨ ᠬᠤᠶᠠᠭᠤᠯᠠ ᠠᠷᠭ᠎ᠠ ᠪᠦᠬᠦᠨ ᠢ ᠰᠦᠪᠡᠭᠴᠢᠯᠡᠨ᠂ ᠠᠮᠢᠳᠤᠷᠠᠯ ᠳᠤ ᠨᠢᠷᠤᠭᠤ ᠪᠥᠬᠦ᠋ᠢᠭᠰᠡᠨ ᠦᠬᠡᠢ᠃ ᠲᠡᠳᠡ ᠭᠡᠣᠭᠡᠳ ᠤᠳ ᠢᠶᠠᠨ ᠰᠤᠷᠭᠠᠭᠤᠯᠢ ᠳᠤ ᠣᠷᠣᠭᠤᠯᠵᠤ᠂ ᠪᠢᠴᠢᠭ ᠦᠵᠡᠬᠦᠯᠬᠦ ᠶᠢᠨ ᠲᠥᠯᠥᠭᠡ ᠦᠦᠷ ᠤᠨ ᠭᠡᠭᠡ ᠠᠴᠠ ᠥᠳᠡᠰᠢ ᠶᠢᠨ ᠪᠦᠷᠦᠢ ᠪᠣᠯᠳᠠᠯ᠎ᠠ ᠡᠵᠢ ᠨᠢ ᠲᠥᠷᠪᠡᠨ ᠬᠡᠤᠭᠡᠳ ᠢᠶᠠᠨ ᠳᠠᠭᠠᠭᠤᠯᠤᠨ ᠠᠪᠤ ᠶᠢᠨ ᠬᠢᠨᠢ ᠪᠡᠯᠡᠳᠦᠭᠰᠡᠨ ᠬᠤᠭᠤᠯᠠ ᠤᠮᠳᠠ ᠶᠢ ᠨᠢ ᠠᠪᠴᠤ ᠭᠠᠵᠠᠷ ᠤᠨ ᠦᠰᠦ ᠲᠡᠭᠦᠵᠦ ᠵᠤᠭᠤᠰ ᠬᠤᠪᠢᠯᠭᠠᠠ ᠭᠡᠳᠤᠨ ᠬᠡᠣᠭᠡᠳ ᠢᠶᠠᠨ ︽ᠭᠠᠷ ᠢ ᠨᠢ ᠭᠠᠨᠵᠤᠭᠠᠨ ᠳᠤ᠂ ᠬᠥᠯ ᠢ ᠨᠢ ᠲᠥᠷᠥᠭᠡᠨ ᠳᠤ︾ ᠬᠦᠷᠭᠡᠵᠦ ᠠᠶᠢᠯ ᠭᠡᠷ ᠪᠣᠯᠭᠠᠵᠠᠢ᠃      ︽ᠥᠭᠡᠳᠡᠯᠡᠬᠦ ᠠᠶᠢᠯ ᠤᠨ ᠦᠭᠡ ᠨᠢ ᠨᠢᠭᠡ︾ ᠭᠡᠭᠴᠢ ᠪᠠᠷ ᠪᠣᠯᠣᠳ᠂ ᠠᠯᠲᠠᠨᠲᠤᠶᠠᠭ᠎ᠠ ᠬᠤᠶᠠᠭᠤᠯᠠ ᠡᠷᠤᠬᠡ ᠭᠡᠷ ᠢᠶᠠᠨ ᠪᠣᠰᠬᠠᠭᠰᠠᠨ ᠲᠡᠷᠡ ᠮᠥᠴᠡ ᠠᠴᠠ ᠡᠬᠢᠯᠡᠨ ᠬᠠᠷᠢᠯᠴᠠᠨ ᠨᠢᠭᠡ ᠨᠢᠬᠡ ᠪᠠᠨ ᠬᠥᠨᠳᠦᠳᠭᠡᠵᠦ᠂ ᠬᠠᠷᠢᠯᠴᠠᠨ ᠨᠠᠶᠢᠷ ᠲᠠᠯᠪᠢᠨ᠂ ᠤᠴᠢᠷ ᠶᠠᠪᠤᠳᠠᠯ ᠲᠣᠬᠢᠶᠠᠯᠳᠤᠪᠠᠯ ᠬᠠᠷᠢᠯᠴᠠᠨ ᠵᠥᠪᠳᠡᠯᠴᠡᠵᠦ ᠪᠠᠶᠢᠭᠠᠳ ᠰᠢᠢᠳᠪᠦᠷᠢᠯᠡᠳᠡᠭ ᠰᠠᠶᠢᠬᠠᠨ ᠰᠤᠷᠳᠠᠯ ᠲᠠᠢ᠃ ᠶᠡᠷᠦ ᠶᠢᠨ ᠠᠮᠢᠳᠤᠷᠠᠯ ᠳᠠᠭᠠᠨ ᠬᠦᠨᠡᠰᠦ ᠠᠪᠬᠤ᠂ ᠮᠠᠯ ᠬᠤᠳᠠᠯᠳᠤᠬᠤ᠂ ᠪᠣᠷᠳᠤᠭ᠎ᠠ ᠠᠪᠬᠤ᠂ ᠦᠷ᠎ᠡ ᠬᠡᠣᠭᠡᠳ ᠤᠨ ᠣᠴᠢᠷ ᠶᠠᠪᠤᠳᠠᠯ ᠪᠥᠬᠦᠨ ᠢᠶᠠᠨ ᠪᠦᠷ ᠵᠥᠪᠳᠡᠯᠴᠡᠵᠦ ᠪᠠᠶᠢᠭᠠᠳ ᠲᠣᠭᠲᠠᠳᠠᠭ᠃ ᠨᠡᠩ ᠬᠡᠤᠬᠡᠳ ᠤᠨ ᠢᠶᠠᠨ ᠰᠤᠷᠭᠠᠯ ᠳᠤ ᠰᠡᠳᠬᠢᠯ ᠳᠠᠯᠪᠢᠵᠦ ᠥᠪᠡᠷ ᠤᠨ ᠪᠡᠶ᠎ᠡ ᠪᠠᠷ ᠢᠶᠠᠨ ᠳᠠᠭᠤᠷᠢᠶᠠᠯ ᠪᠣᠯᠬᠤ ᠪᠠᠷ ᠴᠢᠷᠮᠠᠶᠢᠳᠠᠭ᠃ ᠠᠯᠲᠠᠨᠲᠤᠶᠠᠭ᠎ᠠ ᠶᠢᠨ ᠠᠰᠠᠷᠠᠭᠰᠠᠨ ᠠᠪᠤ ᠶᠢᠨ ᠬᠢᠨᠢ ᠥᠳᠡᠯᠦᠬᠡ ᠨᠠᠰᠤᠨ ᠳᠤ ᠨᠢ ᠲᠡᠳᠡ ᠠᠰᠠᠷᠠᠨ ᠬᠠᠷᠠᠭᠠᠯᠵᠠᠵᠤ᠂ ᠨᠠᠶᠠᠨ ᠨᠠᠰᠤᠨ ᠤ ᠦᠨᠳᠦᠷ ᠪᠤᠶᠠᠨ ᠡᠳ᠋ᠯᠡᠭᠦᠯᠦᠭᠰᠡᠨ ᠪᠠᠶᠢᠨ᠎ᠠ᠃      ᠠᠵᠢᠯᠴᠢ ᠬᠦᠮᠦᠨ ᠠᠮᠢᠳᠤᠷᠠᠯ ᠢᠶᠠᠨ ᠤᠬᠠᠭᠠᠯᠢᠭ ᠵᠣᠬᠢᠴᠠᠭᠤᠯᠬᠤ ᠨᠢ ᠠᠷᠭ᠎ᠠ ᠦᠬᠡᠢ ᠣᠯᠠᠨ ᠵᠢᠯ ᠤᠨ ᠠᠮᠢᠳᠤᠷᠠᠯ ᠤᠨ ᠥᠩᠭᠡᠷᠡᠯᠲᠡ᠂ ᠪᠠᠶᠠᠯᠢᠭ ᠲᠤᠷᠰᠢᠯᠭ᠎ᠠ᠂ ᠠᠮᠢᠳᠤᠷᠠᠯ ᠳᠠᠭᠠᠨ ᠬᠠᠨᠳᠤᠬᠤ ᠣᠪᠣᠷ ᠰᠤᠷᠳᠠᠯ ᠠᠴᠠ ᠨᠢ ᠰᠠᠯᠵᠤ ᠪᠣᠯᠣᠰᠢ ᠦᠬᠡᠢ᠃ ᠪᠣᠯᠣᠳ᠂ ᠠᠯᠲᠠᠨᠲᠤᠶᠠᠭ᠎ᠠ ᠬᠤᠶᠠᠭᠤᠯᠠ ᠶᠡᠷᠦ ᠳᠡᠭᠡᠨ ᠥᠷᠢ ᠰᠢᠷᠢ ᠠᠴᠠ ᠮᠠᠰᠢ ᠬᠢᠴᠢᠶᠡᠨ ᠪᠣᠯᠭᠤᠮᠵᠢᠯᠠᠨ᠂ ᠠᠵᠢᠯᠴᠢ ᠬᠤᠶᠠᠷ ᠭᠠᠷ ᠲᠠᠭᠠᠨ ᠳᠦᠰᠢᠭᠯᠡᠠ ᠠᠮᠢᠳᠤᠷᠠᠬᠰᠠᠭᠠᠷ ᠢᠷᠠᠵᠠᠢ᠃ 2016 ᠣᠨ ᠳᠤ ᠪᠡᠯᠴᠢᠭᠡᠷ ᠲᠤ ᠨᠢ ᠪᠣᠷᠵᠢᠨ ᠴᠢᠯᠠᠭᠤᠨ ᠤ ᠠᠭᠤᠷᠬᠠᠢ ᠭᠠᠷᠤᠭᠰᠠᠨ ᠤ ᠨᠥᠯᠥᠭᠡ ᠪᠠᠷ ᠨᠣᠳᠤᠭ ᠤᠨ ᠮᠠᠯᠴᠢᠳ ᠲᠤ ᠦᠨᠳᠦᠷ ᠬᠦᠴᠦᠳᠠᠯᠳᠦ ᠴᠠᠬᠢᠯᠭᠠᠨ ᠨᠡᠪᠲᠡᠷᠡᠭᠦᠯᠵᠦ᠂ ᠲᠡᠳᠡᠨ ᠤ ᠬᠢ ᠣᠳᠣ ᠲᠧᠯᠸᠢᠰ᠂ ᠴᠠᠬᠢᠯᠭᠠᠨ ᠬᠥᠯᠳᠡᠭᠡᠭᠦᠷ᠂ ᠭᠡᠷᠡᠯ ᠭᠡᠷᠡᠯᠲᠦᠬᠦᠯᠭᠡ ᠵᠡᠷᠭᠡ ᠣᠯᠠᠨ ᠵᠦᠢᠯ ᠤᠨ ᠠᠮᠢᠳᠤᠷᠠᠯ ᠤᠨ ᠭᠡᠷᠡᠭᠰᠡᠯ ᠤᠨ ᠨᠥᠬᠦᠴᠡᠯ ᠪᠦᠷᠢᠨ ᠪᠣᠯᠣᠭᠰᠠᠨ ᠪᠥᠭᠡᠳ ᠭᠡᠷ ᠤᠨ ᠡᠭᠦᠳᠡ ᠪᠠᠷ ᠨᠢ ᠳᠠᠷᠳᠠᠩ ᠰᠠᠶᠢᠬᠠᠨ ᠵᠠᠰᠠᠮᠠᠯ ᠵᠠᠮ ᠵᠠᠰᠠᠭᠳᠠᠭᠰᠠᠨ ᠠᠴᠠ ᠵᠠᠮ ᠨᠡᠪᠲᠡᠷᠡᠯᠭᠡ ᠴᠤ ᠲᠥᠭᠦᠮ ᠪᠣᠯᠵᠡᠢ᠃ ᠪᠣᠯᠣᠳ᠂ ᠠᠯᠲᠠᠨᠲᠤᠶᠠᠭ᠎ᠠ ᠬᠤᠶᠠᠷ ᠮᠠᠨᠢ ᠪᠡᠶ᠎ᠡ ᠵᠦᠬᠡᠷ ᠪᠠᠶᠢᠭᠰᠠᠨ ᠴᠠᠭ ᠲᠤ ᠠᠵᠢᠯᠯᠠᠵᠤ ᠯᠡ ᠪᠠᠶᠢᠬᠤ ᠪᠠ ᠦᠷ᠎ᠡ ᠭᠡᠤᠭᠡᠳ ᠲᠡᠭᠡᠨ ᠲᠠᠷᠤᠭᠠᠰᠣ ᠪᠣᠯᠬᠤ ᠦᠬᠡᠢ ᠭᠡᠰᠡᠨ ᠵᠣᠷᠢᠯᠲᠠ ᠪᠠᠷ ᠪᠡᠯᠴᠢᠭᠡᠷ ᠤᠨ ᠢᠶᠠᠨ ᠬᠡᠪᠴᠢᠶ᠎ᠡ ᠪᠠᠷ ᠮᠠᠯ ᠮᠠᠯᠵᠢᠨ᠂ ᠥᠲᠡᠯᠥᠭᠡ ᠨᠠᠰᠤ ᠪᠠᠨ ᠪᠠᠶᠠᠷ ᠵᠢᠷᠭᠠᠯ ᠲᠠᠢ ᠦᠡᠭᠭᠡᠷᠡᠬᠦᠯᠦᠭᠰᠡᠭᠡᠷ ᠬᠤᠤᠰᠪᠠᠶᠠᠷ᠄ ᠬᠦᠳᠡᠭᠡ ᠨᠤᠳᠤᠭ ᠲᠠᠭᠠᠨ ᠦᠢᠯᠠᠰ ᠪᠤᠰᠬᠠᠬᠤ ᠢᠳᠡᠭᠡᠯ ᠵᠤᠷᠢᠭ ᠬᠦᠢᠴᠠᠳ      ᠠᠯᠠᠱᠠ ᠵᠡᠭᠦᠨ ᠬᠤᠰᠢᠭᠤᠨ ᠤ ᠪᠠᠶᠠᠨᠬᠤᠳᠠ ᠪᠠᠯᠭᠠᠰᠤᠠ ᠤ ᠲᠡᠮᠡᠬᠡᠳᠤ ᠭᠠᠴᠠᠭᠠᠨ ᠤ ᠮᠠᠯᠴᠢᠨ ᠬᠤᠤᠰᠪᠠᠶᠠᠷ ᠮᠠᠨᠢ ᠤᠢᠢᠷ᠎ᠠ ᠤᠷᠴᠢᠮ ᠤᠨ ᠮᠠᠯᠴᠢᠳ ᠢᠶᠠᠨ ᠳᠠᠭᠠᠭᠤᠯᠤᠠ ᠰᠢᠨ᠎ᠠ ᠴᠠᠬ ᠦᠶ᠎ᠠ ᠶᠢᠨ ᠬᠦᠭᠵᠢᠯᠳᠠ ᠶᠢᠨ ᠠᠵᠠ ᠳᠤᠬᠢᠶᠠᠯ ᠢ ᠡᠵᠠᠮᠳᠠᠠ᠂ ᠬᠠᠷᠠᠭᠠᠴᠠᠳᠠᠢ ᠶᠢᠨ ᠨᠠᠭᠤᠷ ᠤᠨ ᠢᠶᠠᠨ ᠡᠯᠡᠰᠤ ᠮᠠᠩᠬ᠎ᠠ᠂ ᠤᠰᠤ ᠪᠥᠷᠢᠳᠤ᠂ ᠮᠠᠯ ᠤᠨᠤᠭ᠎ᠠ᠂ ᠡᠪᠡᠰᠤ ᠤᠷᠭᠤᠮᠠᠯ ᠵᠡᠷᠬᠡ ᠭᠤᠶᠢᠳᠠ ᠰᠠᠶᠢᠬᠠᠨ ᠪᠠᠶᠢᠭᠠᠯᠢ ᠶᠢᠨ ᠥᠵᠡᠮᠵᠢ ᠪᠠᠨ ᠠᠰᠢᠬᠯᠠᠠ ᠵᠤᠭᠠᠴᠠᠯ ᠤᠨ ᠦᠢᠯᠠᠰ ᠡᠷᠬᠢᠯᠡᠭᠡᠳ ᠠᠰᠢᠭ ᠤᠷᠤᠯᠭ᠎ᠠ ᠰᠠᠶᠢᠠ ᠪᠠᠶᠢᠭ᠎ᠠ ᠠᠵᠢ᠃      ︽ᠠᠯᠠᠱᠠ ᠵᠡᠭᠦᠨ ᠬᠤᠰᠢᠭᠤᠨ ᠤ ᠪᠠᠶᠠᠨᠬᠤᠳᠠ ᠪᠠᠯᠭᠠᠰᠤᠨ ᠤ ᠬᠤᠤᠰᠪᠠᠶᠠᠷ ᠤᠨ ᠮᠠᠯᠵᠢᠯ ᠤᠨ ᠲᠠᠯᠠᠪᠠᠢ︾ ᠪᠠᠨ ᠪᠠᠶᠢᠭᠤᠯᠤᠭᠠᠳ ᠭᠡᠳᠤᠨ ᠵᠢᠯ ᠪᠤᠯᠤᠬᠰᠠᠠ ᠬᠤᠤᠰᠪᠠᠶᠠᠷ ᠤᠨ ᠮᠠᠯᠵᠢᠯ ᠵᠤᠭᠠᠴᠠᠯ ᠢ ᠤᠶᠠᠯᠳᠤᠭᠤᠯᠤᠨ ᠠᠰᠢᠭ ᠤᠷᠤᠯᠭ᠎ᠠ ᠪᠠᠨ ᠨᠡᠮᠡᠭᠳᠡᠭᠦᠯᠭᠦ ᠠᠷᠭ᠎ᠠ ᠳᠤᠷᠰᠢᠯᠭ᠎ᠠ ᠪᠠ ᠵᠠᠮ ᠮᠦᠷ ᠨᠢ ᠤᠯᠠᠮ ᠦᠷᠭᠡᠳᠴᠤ ᠪᠠᠶᠢᠭ᠎ᠠ ᠨᠢ ᠢᠯᠡᠭᠡᠠ᠃ ᠨᠢᠳᠤᠨᠤᠠ ᠳᠠᠷᠠ ᠤᠯᠤᠰ ᠤᠨ ᠲᠤᠳᠤᠭᠠᠳᠤ ᠭᠠᠳᠠᠭᠠᠳᠤ ᠶᠢᠨ ᠵᠤᠭᠠᠴᠠᠭᠰᠠᠳ ᠤᠨ ᠱᠠᠭᠠᠷᠳᠠᠯᠭ᠎ᠠ ᠶᠢ ᠥᠨᠳᠤᠰᠤᠯᠠᠨ ᠥᠪᠡᠷ ᠤᠨ ᠮᠠᠯᠵᠢᠯ ᠤᠨ ᠲᠠᠯᠠᠪᠠᠢ ᠳᠠᠭᠠᠨ ᠵᠤᠴᠢᠯᠠᠬᠤ᠂ ᠮᠠᠰᠢᠨ ᠲᠡᠷᠬᠡ ᠪᠠᠷ ᠲᠠᠭᠠᠭᠤᠯᠤᠨ ᠵᠤᠭᠠᠯᠠᠬᠤ᠂ ᠮᠠᠩᠬᠠᠨ ᠨᠤᠳᠤᠭ ᠤᠨ ᠥᠵᠡᠮᠵᠢ ᠶᠢᠨ ᠤᠷᠤᠨ ᠢᠶᠠᠷ ᠵᠠᠮᠴᠢᠯᠠᠬᠤ᠂ ᠨᠤᠳᠤᠭ ᠤᠨ ᠢᠳᠡᠬᠡᠨ ᠤᠮᠳᠠᠭᠠᠨ ᠢᠶᠠᠷ ᠵᠤᠴᠢᠯᠠᠬᠤ᠂ ᠮᠤᠷᠢ ᠲᠡᠮᠡᠭᠡ ᠤᠨᠤᠭᠤᠯᠬᠤ ᠪᠤᠶᠤ ᠰᠡᠭᠦᠳᠡᠷ ᠲᠠᠳᠠᠭᠤᠯᠬᠤ᠂ ᠵᠤᠭᠠᠴᠠᠬᠤ ᠪᠥᠯᠭᠦᠮ ᠤᠨ ᠠᠷᠤ ᠥᠢᠯᠡᠴᠢᠯᠡᠭᠡ ᠬᠠᠩᠭᠠᠬᠤ ᠵᠡᠷᠬᠡ ᠵᠢᠭᠤᠯᠴᠢᠯᠠᠯ ᠤᠨ ᠥᠢᠯᠡᠴᠢᠯᠡᠭᠡ ᠪᠠᠷ ᠢᠶᠠᠨ ᠲᠠᠪᠢᠭᠠᠳ ᠲᠥᠮᠡᠨ ᠲᠥᠭᠦᠷᠢᠭ ᠤᠨ ᠤᠷᠤᠯᠭ᠎ᠠ ᠤᠯᠵᠠᠢ᠃      ᠬᠥᠳᠡᠭᠡ ᠨᠤᠳᠤᠭ ᠤᠨ ᠵᠢᠭᠤᠯᠴᠢᠯᠠᠯ ᠤᠨ ᠥᠢᠯᠡᠰ ᠤᠨ ᠬᠥᠭᠵᠢᠯᠳᠡ ᠶᠢ ᠲᠠᠭᠠᠯᠳᠤᠨ ᠥᠢᠷ᠎ᠠ ᠬᠠᠪᠢ ᠶᠢᠨ ᠮᠠᠯᠴᠢᠳ ᠬᠤᠤᠰᠪᠠᠶᠠᠷ ᠤᠨ ᠵᠤᠭᠠᠴᠠᠯ ᠤᠨ ᠭᠠᠵᠠᠷ ᠲᠤ ᠢᠷᠡᠵᠤ ᠰᠤᠯᠠ ᠠᠵᠢᠯ ᠬᠥᠳᠡᠯᠮᠤᠷᠢ ᠳᠤ ᠤᠷᠤᠯᠴᠠᠬᠤ᠂ ᠠᠷᠤ ᠥᠢᠯᠡᠴᠢᠯᠡᠬᠡᠨ ᠳᠤ ᠤᠷᠤᠯᠴᠠᠬᠤ᠂ ᠮᠠᠰᠢᠨ ᠲᠡᠷᠬᠡᠨ ᠤ ᠥᠢᠯᠡᠴᠢᠯᠡᠬᠡᠨ ᠳᠤ ᠤᠷᠤᠯᠴᠠᠬᠤ ᠮᠡᠳᠤ ᠪᠠᠷ ᠠᠰᠢᠭ ᠤᠷᠤᠯᠭ᠎ᠠ ᠪᠠᠨ ᠨᠡᠮᠡᠭᠳᠡᠭᠦᠯᠵᠤ᠂ ᠲᠡᠳᠡᠨᠡᠷ ᠲᠤ ᠬᠥᠳᠡᠭᠡ ᠨᠤᠳᠤᠭ ᠲᠠᠭᠠᠨ᠂ ᠮᠠᠯ ᠤᠨ ᠵᠠᠬ᠎ᠠ ᠳᠤ ᠪᠠᠶᠢᠵᠤ ᠪᠠᠶᠢᠭᠠᠳ ᠵᠤᠭᠠᠴᠠᠯ ᠤᠨ ᠥᠢᠯᠡᠰ ᠢᠶᠠᠷ ᠲᠠᠮᠵᠢᠨ ᠤᠷᠤᠯᠭ᠎ᠠ ᠤᠯᠬᠤ ᠨᠥᠭᠦᠴᠡᠯ ᠢ ᠬᠠᠩᠭᠠᠨ ᠥᠭᠴᠤ ᠪᠠᠶᠢᠨ᠎ᠠ᠃ ᠠᠮᠠᠷᠠᠯᠳᠠ ᠶᠢᠨ ᠬᠤᠭᠤᠴᠠᠭ᠎ᠠ᠂ ᠭᠠᠷᠠᠭ ᠤᠨ ᠰᠡᠭᠦᠯᠴᠢ ᠪᠤᠯᠤᠨ ᠵᠤᠭᠠᠴᠠᠯ ᠤᠨ ᠴᠠᠭ ᠥᠶ᠎ᠡ ᠪᠤᠯᠬᠤ ᠳᠤ ᠬᠤᠤᠰᠪᠠᠶᠠᠷ ᠤᠨ ᠵᠤᠭᠠᠴᠠᠯ ᠤᠨ ᠭᠠᠵᠠᠷ ᠲᠤ ᠪᠡᠬᠡᠵᠢᠩ᠂ ᠲᠢᠶᠠᠨᠵᠢᠨ᠂ ᠱᠠᠩᠬᠠᠢ᠂ ᠴᠥᠩᠴᠢᠩ ᠵᠡᠷᠬᠡ ᠬᠤᠳᠠ ᠤᠷᠤᠨ ᠤ ᠵᠤᠭᠠᠴᠠᠭᠰᠠᠳ ᠤᠨ ᠪᠥᠯᠭᠦᠮ ᠬᠥᠳᠡᠭᠡ ᠨᠤᠳᠤᠭ ᠤᠨ ᠥᠩᠬᠡ ᠥᠵᠡᠮᠵᠢ᠂ ᠠᠮᠢᠳᠤᠷᠠᠯ ᠠᠬᠤᠢ ᠶᠢ ᠥᠢᠯᠠᠭᠠᠬᠤ ᠪᠠᠷ ᠢᠷᠡᠭᠦ ᠥᠶᠡᠰ ᠲᠡᠷᠡ ᠥᠢᠷ᠎ᠠ ᠬᠠᠪᠢ ᠶᠢᠨ 20 ᠭᠠᠷᠤᠢ ᠮᠠᠯᠴᠢᠳ ᠢᠶᠠᠨ ᠲᠠᠭᠤᠳᠠᠨ ᠵᠤᠭᠠᠴᠠᠭᠰᠠᠳ ᠲᠤ ᠥᠢᠯᠡᠴᠢᠯᠡᠵᠤ ᠪᠤᠢ᠃      ︽ᠥᠢᠷ᠎ᠠ ᠶᠢᠨ ᠵᠢᠯ ᠠᠴᠠ ᠶᠡᠭᠡ ᠬᠤᠳᠠ ᠶᠢᠨ ᠥᠢᠮᠡᠬᠡᠨ ᠱᠤᠤᠬᠢᠶᠠᠨ ᠠᠴᠠ ᠵᠠᠶᠢᠳᠠᠵᠤ᠂ ᠡᠬᠡ ᠪᠠᠶᠢᠭᠠᠯᠢ ᠳᠠᠭᠠᠨ ᠥᠢᠷᠠᠳᠤᠵᠤ᠂ ᠪᠠᠶᠢᠭᠠᠯᠢ ᠤᠷᠴᠢᠨ ᠳᠠᠭᠠᠨ ᠪᠤᠴᠠᠬᠤ᠂ ᠡᠯᠡᠰᠤ ᠮᠠᠩᠬ᠎ᠠ ᠰᠤᠨᠢᠷᠬᠠᠬᠤ᠂ ᠤᠰᠤ ᠪᠤᠯᠠᠭ ᠢ ᠥᠵᠡᠭᠦ ᠪᠤᠳᠤᠯ ᠲᠠᠢ ᠵᠤᠭᠠᠴᠠᠭᠰᠠᠳ ᠤᠯᠠᠰᠢᠷᠠᠭᠰᠠᠨ ᠲᠤᠯᠠ ᠮᠠᠯᠴᠢᠨ ᠪᠢᠳᠠᠨ ᠳᠤ ᠰᠤᠯᠠ ᠰᠡᠯᠡᠭᠦᠤ ᠮᠥᠷᠳᠡᠬᠡᠨ ᠪᠠᠶᠢᠭᠠᠯᠢ ᠨᠤᠳᠤᠭ ᠤᠨ ᠢᠶᠠᠨ ᠥᠩᠬᠡ ᠥᠵᠡᠮᠵᠢ ᠶᠢ ᠠᠰᠢᠭᠯᠠᠨ ᠮᠠᠯᠴᠢᠨ ᠠᠶᠢᠯ ᠤᠨ ᠵᠤᠭᠠᠴᠠᠯ ᠢ ᠡᠷᠬᠢᠯᠡᠭᠦ ᠰᠠᠶᠢᠠ ᠠᠵᠠ ᠵᠠᠪᠰᠢᠶᠠᠠ ᠢᠷᠡᠵᠤ ᠪᠠᠶᠢᠨ᠎ᠠ︾ ᠬᠡᠵᠤ ᠬᠤᠤᠰᠪᠠᠶᠠᠷ ᠬᠥᠳᠡᠭᠡ ᠨᠤᠳᠤᠭ ᠤᠨ ᠵᠤᠭᠠᠴᠠᠯ ᠤᠨ ᠥᠢᠯᠡᠰ ᠢᠶᠠᠨ ᠥᠷᠭᠦᠯᠵᠢᠯᠡᠨ ᠬᠥᠭᠵᠢᠭᠦᠯᠭᠦ ᠲᠤᠬᠠᠢ ᠥᠵᠡᠯᠳᠡ ᠪᠠᠨ ᠶᠠᠷᠢᠯ᠎ᠠ᠃ ᠬᠤᠶᠢᠰᠢᠳᠠ ᠭᠤᠤᠯᠳᠠᠭᠤ ᠮᠠᠯ ᠠᠵᠤ ᠠᠬᠤᠢ ᠪᠠᠨ ᠬᠥᠭᠵᠢᠭᠦᠯᠭᠦ ᠶᠢᠨ ᠲᠠᠭᠠᠤ ᠵᠤᠭᠠᠴᠠᠯ ᠤᠨ ᠥᠢᠯᠡᠰ ᠢᠶᠠᠨ ᠰᠠᠶᠢᠳᠤᠷ ᠡᠷᠬᠢᠯᠡᠨ ᠵᠤᠭᠠᠴᠠᠭᠰᠠᠳ ᠲᠤ ᠤᠷᠤᠨ ᠰᠠᠭᠤᠴᠠ᠂ ᠢᠳᠡᠬᠡᠨ ᠤᠮᠳᠠᠭᠠᠨ ᠤ ᠨᠥᠭᠦᠴᠡᠯ ᠢ ᠪᠥᠷᠢᠯᠳᠤᠭᠦᠯᠤᠨ ᠤᠷᠤᠨ ᠨᠤᠳᠤᠭ ᠤᠨ ᠤᠨᠴᠠᠯᠢᠭᠳᠤ ᠵᠥᠢᠯᠡᠰ ᠢ ᠤᠬᠠᠭᠤᠯᠬᠤ ᠲᠠᠯ᠎ᠠ ᠪᠠᠷ ᠨᠠᠷᠢᠯᠢᠬ ᠲᠥᠰᠤᠪ ᠲᠥᠯᠤᠪᠯᠡᠭᠡ ᠲᠤᠬᠳᠠᠭᠠᠵᠤ ᠪᠠᠶᠢᠭ᠎ᠠ ᠠᠵᠢ᠃ᠳᠢᠶᠠᠠ ᠰᠢᠤ ᠶᠢᠩ᠄ ᠤᠳᠤ ᠶᠢᠨ ᠠᠮᠢᠳᠤᠷᠠᠯ ᠦᠨᠠᠠ ᠰᠠᠶᠢᠠ      ︽ᠮᠠᠨ ᠤ ᠭᠠᠴᠠᠭ᠎ᠠ ᠡ᠊ᠨᠳᠠ ᠪᠠᠷᠤᠭ ᠵᠠᠭᠤᠠ ᠵᠢᠯ ᠢ ᠦᠩᠭᠡᠷᠡᠭᠡᠯ᠎ᠠ᠃ ᠬᠡᠳᠤ ᠤᠳᠠᠭᠠᠠ ᠤ ᠦᠬᠡᠷᠡᠴᠢᠯᠠᠯᠳᠠ ᠪᠠᠷ ᠳᠠᠮᠵᠢᠭᠠᠳ᠂ ᠡᠨᠠ ᠤᠳᠠᠭ᠎ᠠ ᠬᠠᠭᠤᠴᠢᠠ ᠤ ᠳᠦᠷᠰᠤ ᠦᠬᠡᠷᠡᠴᠢᠯᠡᠭᠳᠡᠠ ᠴᠤ᠋ ᠰᠢᠨ᠎ᠠ ᠳᠦᠷᠰᠤ ᠪᠠᠶᠢᠳᠠᠯ ᠲᠠᠢ ᠪᠤᠯᠵᠤ᠂ ᠠᠮᠢᠳᠤᠷᠠᠯ ᠤᠨ ᠪᠠᠶᠢᠳᠠᠯ ᠤᠤᠯ ᠤᠨ ᠬᠢ ᠠᠴᠠ ᠪᠠᠨ ᠦᠰᠦᠳ ᠦᠬᠡᠷ᠎ᠠ ᠪᠤᠯᠵᠠᠢ ᠁︾᠃ ᠡᠨᠠ ᠵᠢᠯ 82 ᠨᠠᠰᠤᠳᠠᠢ ᠮᠠᠯᠴᠢᠠ ᠲᠢᠶᠠᠠ ᠰᠢᠤ ᠶᠢᠩ ᠳᠠᠷᠢᠶᠠᠠ ᠳᠠᠭᠠᠨ ᠠᠵᠢᠯᠯᠠᠬᠤ ᠶᠢᠨ ᠳᠠᠭᠠᠤ ᠰᠤᠷᠪᠤᠯᠵᠢᠯᠠᠬᠴᠢ ᠳᠤ ᠡᠶᠢᠨᠬᠦ ᠥᠡᠭᠭᠡᠷᠡᠭᠰᠡᠨ ᠢᠶᠠᠨ ᠬᠠᠭᠤᠴᠢᠯᠠᠨ ︽ᠤᠳᠤ ᠶᠢᠨ ᠠᠮᠢᠳᠤᠷᠠᠯ ᠦᠨᠠᠠ ᠵᠢᠷᠭᠠᠯ ᠲᠠᠢ ᠪᠠᠶᠢᠨ᠎ᠠ︾ ᠬᠡᠵᠤ ᠪᠠᠶᠢᠯ᠎ᠠ᠃      ᠨᠠᠰᠤ ᠪᠠᠷ ᠢᠶᠠᠨ ᠡ᠊ᠨᠳᠠ ᠠᠮᠢᠳᠤᠷᠠᠭᠰᠠᠠ ᠳᠢᠶᠠᠠ ᠰᠢᠤ ᠶᠢᠩ ᠪᠤᠯ ᠡ᠊ᠨᠳᠠᠬᠢ ᠬᠤᠪᠢᠷᠠᠯᠳᠠ ᠶᠢ ᠪᠠᠶ᠎ᠠ ᠪᠠᠷ ᠢᠶᠠᠨ ᠦᠩᠭᠡᠷᠡᠬᠦᠯᠦᠭᠰᠡᠠ ᠬᠦᠮᠦᠠ ᠤ ᠨᠢᠬᠡ ᠪᠢᠯᠠ᠃ 1957 ᠤᠠ ᠳᠤ 16 ᠨᠠᠰᠤᠳᠠᠢ ᠳᠢᠶᠠᠠ ᠰᠢᠤ ᠶᠢᠩ ᠨᠢᠩᠰᠢᠶᠠ ᠠᠴᠠ ᠠᠯᠠᠱᠠ ᠵᠡᠬᠦᠠ ᠬᠤᠰᠢᠭᠤᠠ ᠤ ᠮᠦᠷᠡᠨᠭᠤᠤᠯ ᠰᠤᠮᠤᠠ ᠤ ᠳᠠᠷᠢᠶᠠᠯᠠᠩ ᠭᠠᠴᠠᠭ᠎ᠠ ᠳᠤ ᠮᠤᠷᠳᠠᠵᠤ ᠢᠷᠠᠵᠠᠢ᠃ ︽ᠮᠢᠨᠤ ᠴᠡᠭᠡᠵᠢᠯᠠᠵᠤ ᠪᠠᠶᠢᠬᠤ ᠪᠠᠷ ᠳᠠᠷᠠ ᠦᠶ᠎ᠠ ᠳᠤ ᠮᠠᠨ ᠤ ᠭᠡᠷ ᠡᠪᠠᠰᠤᠠ ᠤᠷᠤᠢ ᠲᠠᠢ ᠰᠢᠪᠠᠷ ᠭᠡᠷ ᠪᠠᠶᠢᠬᠰᠠᠠ᠂ ᠬᠠᠮᠤᠭ ᠳᠤᠮᠤ ᠭᠡᠷ ᠨᠢ ᠴᠤ ᠭᠡᠳ ᠵᠦᠪᠭᠡᠠ 20 ᠳᠡᠭᠰᠢ ᠳᠦᠷᠪᠠᠯᠵᠢᠠ ᠮᠧᠲᠷ ᠪᠠᠶᠢᠵᠠᠢ︾ ᠭᠡᠵᠤ ᠳᠢᠶᠠᠠ ᠰᠢᠤ ᠶᠢᠩ ᠢᠨᠢᠶᠠᠠ ᠶᠠᠷᠢᠵᠤ ᠪᠠᠶᠢᠯ᠎ᠠ᠃      1958 ᠤᠠ ᠳᠤ᠂ ᠬᠠᠷᠢᠯᠴᠠᠬᠤ ᠳᠤᠭᠤᠶᠢᠯᠠᠩ ᠢ ᠪᠠᠶᠢᠭᠤᠯᠵᠤ᠂ ᠠᠷᠠᠳ ᠤᠨ ᠨᠢᠬᠡᠳᠤᠯ ᠳᠤ ᠤᠷᠤᠭᠤᠯᠤᠬᠰᠠᠠ ᠢᠶᠠᠷ ᠮᠠᠯᠴᠢᠳ ᠤᠨ ᠠᠮᠢᠳᠤᠷᠠᠯ ᠠᠭᠠᠵᠢᠮ ᠢᠶᠠᠷ ᠰᠠᠶᠢᠵᠢᠷᠠᠵᠤ ᠡᠬᠢᠯᠡᠭᠰᠡᠠ ᠪᠠᠶᠢᠨ᠎ᠠ᠃ ᠳᠢᠶᠠᠠ ᠰᠢᠤ ᠶᠢᠩ ᠤᠨ ᠴᠡᠭᠡᠵᠢᠯᠠᠵᠤ ᠪᠠᠶᠢᠬᠤ ᠪᠠᠷ᠂ ᠵᠢᠷᠠᠭᠠᠳ ᠤᠠ ᠤ ᠡᠬᠢ ᠪᠠᠷ᠂ ᠭᠠᠴᠠᠭᠠᠠ ᠤ ᠡᠪᠠᠰᠤᠠ ᠭᠡᠷ ᠢ ᠪᠦᠬᠦᠠ ᠢ ᠰᠢᠪᠠᠷ ᠭᠡᠷ ᠢᠶᠠᠷ ᠰᠤᠯᠢᠵᠤ᠂ ᠭᠡᠷ ᠤᠨ ᠳᠠᠯᠠᠪᠠᠢ ᠨᠢ ᠴᠤ ᠬᠤᠷᠢᠭᠠᠳ ᠳᠡᠭᠰᠢ ᠳᠦᠷᠪᠠᠯᠵᠢᠠ ᠮᠧᠳ᠋ᠷ ᠠᠴᠠ ᠨᠡᠮᠡᠭᠳᠡᠠ ᠳᠠᠪᠢ ᠵᠢᠷᠠᠭᠠᠳ ᠳᠡᠭᠰᠢ ᠳᠦᠷᠪᠠᠯᠵᠢᠠ ᠮᠧᠳ᠋ᠷ ᠪᠤᠯᠵᠠᠢ᠂ ᠭᠡᠪᠠᠴᠤ ᠪᠠᠰᠠᠯᠠ ᠶᠠᠳᠠᠭᠤ ᠬᠤᠭᠤᠰᠤᠠ ᠠᠮᠢᠳᠤᠷᠠᠯ ᠢ ᠡᠳ᠋ᠯᠠᠵᠤ ᠪᠠᠶᠢᠪᠠ᠃ ︽ᠡᠶᠢᠮᠤ ᠠᠮᠢᠳᠤᠷᠠᠯ ᠢ ᠪᠠᠷᠤᠭ ᠭᠤᠴᠢᠭᠠᠳ ᠵᠢᠯ ᠦᠩᠭᠡᠷᠡᠬᠦᠯᠦᠠ᠂ 1985 ᠤᠠ ᠪᠤᠯᠬᠤ ᠳᠤ ᠮᠠᠨ ᠤ ᠭᠠᠴᠠᠭ᠎ᠠ ᠪᠠᠰᠠ ᠨᠢᠬᠡ ᠤᠳᠠᠭᠠᠠ ᠤ ᠶᠡᠭᠡ ᠬᠤᠪᠢᠰᠤᠯᠳᠠ ᠶᠢ ᠠᠪᠴᠢᠷᠠᠭᠰᠠᠠ᠃ ᠡᠨᠠ ᠤᠳᠠᠭ᠎ᠠ ᠵᠠᠷᠢᠮ ᠠᠶᠢᠯ ᠳᠤᠭᠤᠰᠬ᠎ᠠ ᠪᠠᠷ ᠭᠠᠳᠠᠷᠯᠠᠬᠰᠠᠨ ᠪᠠᠶᠢᠰᠢᠩ ᠲᠠᠢ ᠪᠤᠯᠵᠤ᠂ ᠳᠡᠳᠡᠭᠡᠷ ᠨᠢ ᠪᠦᠷ ᠠᠮᠢᠳᠤᠷᠠᠯ ᠨᠢ ᠭᠠᠶᠢᠭᠤᠢ ᠰᠢᠭ᠋ ᠠᠶᠢᠯ ᠤᠳ ᠪᠠᠶᠢᠬᠰᠠᠠ᠃ ᠮᠠᠨᠤᠰ ᠳᠠᠳᠠᠠ ᠤ ᠪᠠᠶᠢᠰᠢᠩ ᠢ ᠦᠵᠡᠭᠡᠳ ᠶᠡᠭᠡᠳᠡ ᠪᠢᠰᠢᠷᠠᠠ ᠪᠠᠭ᠋ᠠᠷᠬᠠᠳᠠᠭ ᠪᠠᠶᠢᠯ᠎ᠠ︾ ᠭᠡᠵᠤ ᠶᠠᠷᠢᠪᠠ᠃ 2014 ᠤᠠ ᠠᠴᠠ ᠨᠠᠭᠠᠰᠢ᠂ ᠭᠠᠴᠠᠭᠠᠠ ᠤ ᠳᠦᠷᠢ ᠪᠠᠶᠢᠳᠠᠯ ᠳᠤ ᠶᠡᠭᠡᠭᠡᠠ ᠬᠤᠪᠢᠷᠠᠯᠳᠠ ᠭᠠᠷᠴᠤ ᠂ ᠳᠦᠬᠡᠬᠡᠯ ᠤᠰᠤ ᠨᠡᠪᠳᠡᠷᠠᠠ᠂ ᠴᠠᠷᠳᠠᠮᠠᠯ ᠵᠠᠮ ᠳᠡᠪᠢᠰᠦᠭᠳᠡᠠ᠂ ᠴᠢᠮᠡᠭᠡ ᠨᠠᠪᠳᠡᠷᠡᠯᠬᠡ ᠬᠦᠭᠵᠢᠵᠤ᠂ ᠰᠤᠶᠤᠯ ᠤᠨ ᠠᠵᠢᠯᠯᠠᠭ᠎ᠠ ᠴᠤ ᠬᠦᠭᠵᠢᠶᠠᠠ ᠲᠠᠢ ᠪᠤᠯᠵᠡᠢ᠃ ︽ᠪᠢᠳᠠ ᠤᠳᠤ 220 ᠳᠡᠭᠰᠢ ᠳᠦᠷᠪᠠᠯᠵᠢᠠ ᠮᠧᠲᠷ ᠤᠨ ᠳᠤᠮᠤ ᠸᠠᠭᠠᠷ ᠳᠤᠭᠤᠰᠬᠠᠠ ᠪᠠᠶᠢᠰᠢᠩ ᠳᠤ ᠰᠠᠭᠤᠵᠤ ᠪᠠᠶᠢᠨ᠎ᠠ ᠰᠢᠤ︾ ᠬᠡᠵᠤ ᠨᠠᠰᠤᠳᠠᠠ ᠭᠤᠸᠠᠢ ᠰᠠᠳᠬᠢᠯ ᠬᠠᠩᠬᠤᠯᠤᠭᠤᠠ ᠶᠠᠷᠢᠵᠤ ᠪᠠᠶᠢᠯ᠎ᠠ᠃ ᠰᠢᠨ᠎ᠠ ᠤᠷᠤᠨ ᠰᠠᠭᠤᠴᠠ ᠳᠤ ᠨᠡᠬᠦᠵᠤ ᠤᠷᠤᠬᠤ ᠦᠶ᠎ᠠ ᠳᠤ᠂ ᠨᠢᠬᠡ ᠬᠡᠷ ᠪᠦᠯᠢ ᠶᠢᠨ ᠠᠷᠪᠠᠠ ᠭᠡᠳᠤᠠ ᠬᠦᠮᠦᠠ ᠨᠢᠬᠡ ᠳᠤᠤᠷ᠎ᠠ ᠴᠤᠭᠯᠠᠷᠠᠠ ᠨᠠᠷᠬᠢᠯᠳᠤᠵᠤ᠂ ᠤᠤᠯ ᠠᠴᠠ ᠪᠠᠨ ᠵᠡᠬᠦᠳᠦᠯᠠᠬᠡᠳ ᠴᠤ ᠦᠬᠡᠢ ᠪᠠᠶᠢᠬᠰᠠᠠ ᠪᠠᠶᠠᠯᠢᠭ ᠰᠠᠶᠢᠬᠠᠠ ᠠᠮᠢᠳᠤᠷᠠᠯ ᠢ ᠡᠳ᠋ᠯᠡᠬᠦ ᠪᠤᠯᠤᠬᠰᠠᠠ ᠵᠢᠷᠭᠠᠯᠳᠤ ᠴᠠᠭ ᠮᠦᠴᠠ ᠪᠠᠨ ᠬᠠᠮᠳᠤᠪᠠᠷ ᠪᠠᠭ᠋ᠠᠳᠤᠠ ᠪᠡᠯᠭᠡᠯᠡᠭᠰᠡᠠ ᠠᠵᠢ᠃     ᠳᠤᠬᠢᠯᠢᠭ ᠰᠠᠶᠢᠬᠠᠠ ᠰᠢᠨ᠎ᠠ ᠪᠠᠶᠢᠰᠢᠩ ᠳᠤ ᠨᠡᠬᠦᠠ ᠤᠷᠤᠵᠠᠭᠠᠬᠰᠠᠠ ᠮᠠᠯᠴᠢᠳ ᠮᠠᠨᠢ ᠭᠠᠴᠠᠭᠠᠠ ᠤ ᠬᠠᠮᠳᠤ ᠶᠢᠨ ᠶᠡᠭᠡ ᠭᠡᠷ ᠪᠦᠯᠢ ᠶᠢᠨ ᠶᠠᠳᠠᠭᠤ ᠠᠴᠠ ᠠᠩᠬᠢᠵᠢᠷᠠᠠ ᠪᠠᠶᠠᠵᠢᠠ ᠴᠢᠨᠡᠭᠡᠯᠢᠭᠵᠢᠬᠦ ᠶᠢᠨ ᠰᠠᠶᠢᠬᠠᠠ ᠠᠮᠳᠠ ᠶᠢ ᠠᠮᠳᠠᠯᠠᠬᠰᠠᠠ ᠪᠠᠶᠢᠨ᠎ᠠ᠃ ︽ᠡᠨᠠ ᠪᠤᠯ ᠵᠦᠪᠭᠡᠠ ᠡᠬᠢᠯᠠᠯᠳᠠ ᠮᠦᠠ᠂ ᠳᠠᠬᠢᠠ 10 ᠵᠢᠯ᠂ 20 ᠵᠢᠯ ᠤᠨ ᠳᠠᠷᠠᠭ᠎ᠠ᠂ ᠮᠠᠠ ᠤ ᠭᠠᠴᠠᠭᠠᠠ ᠤ ᠮᠠᠷᠭᠠᠰᠢ ᠤᠯᠠᠮ ᠰᠠᠶᠢᠠ ᠰᠠᠶᠢᠬᠠᠠ ᠪᠤᠯᠤᠨ᠎ᠠ︾ ᠭᠡᠵᠤ ᠳᠢᠶᠠᠠ ᠰᠢᠤ ᠶᠢᠩ ᠢᠳᠡᠭᠡᠯ ᠲᠠᠢ ᠶᠠᠷᠢᠯ᠎ᠠ᠃
 
ᠢᠷᠡᠯᠲᠡ᠄ ᠠᠯᠠᠱᠨ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号