ᠵᠤᠨ ᠤ ᠬᠠᠯᠠᠭᠤᠨ ᠳᠤ ᠲᠡᠷᠢᠶᠡᠨ ᠡᠮ ᠰᠦᠷᠴᠢᠬᠦ ᠳᠡᠭᠡᠨ 4 ᠳᠠᠯ᠎ᠠ ᠶᠢ ᠴᠠᠭᠡᠷᠯᠡᠬᠦ
ᠨᠡᠶᠢᠲᠡᠯᠡᠭᠰᠡᠨ ᠴᠠᠭ᠄
2021/7/16
    ᠵᠤᠨ ᠤ ᠬᠠᠯᠠᠭᠤᠨ ᠳᠤ ᠲᠡᠷᠢᠶᠡᠨ ᠡᠮ ᠰᠦᠷᠴᠢᠬᠦ ᠳᠡᠭᠡᠨ 4 ᠳᠠᠯ᠎ᠠ ᠶᠢ ᠴᠠᠭᠡᠷᠯᠡᠬᠦ     ᠨᠢᠭᠡ ᠳᠤ᠂ ᠦᠨᠳᠦᠷ ᠬᠠᠯᠠᠭᠤᠨ ᠳᠤ ᠲᠡᠷᠢᠶᠠᠨ ᠡᠮ ᠰᠦᠷᠴᠢᠬᠦ ᠶᠢ ᠴᠡᠭᠡᠷᠯᠡᠬᠦ᠃ ᠵᠠᠷᠢᠮ ᠲᠠᠷᠢᠶᠠᠴᠢᠳ ᠲᠣᠯᠠᠭᠠᠨ ᠤ ᠬᠡᠮᠵᠢᠶ᠎ᠡ ᠠᠯᠢ ᠦᠨᠳᠦᠷ ᠦᠶ᠎ᠡ ᠳᠤ ᠲᠠᠷᠢᠶᠠᠨ ᠡᠮ ᠰᠦᠷᠴᠢᠪᠠᠯ ᠬᠤᠷᠤᠬᠠᠢ ᠠᠯᠠᠬᠤ ᠦᠷ᠎ᠡ ᠪᠦᠲᠦᠮᠵᠢ ᠨᠢ ᠠᠯᠢ ᠰᠠᠶᠢᠨ ᠭᠡᠵᠦ ᠦᠵᠡᠳᠡᠭ᠂ ᠦᠨᠡᠨ ᠳᠡᠭᠡᠨ ᠲᠡᠶᠢᠮᠦ ᠪᠢᠰᠢ ᠶᠤᠮ᠃ ᠦᠨᠳᠦᠷ ᠬᠠᠯᠠᠭᠤᠨ ᠬᠤᠷᠴᠠ ᠬᠡᠷᠡᠯ ᠲᠠᠢ ᠦᠶ᠎ᠡ ᠳᠤ ᠡᠮ ᠰᠦᠷᠴᠢᠬᠦ ᠨᠢ᠂ ᠣᠯᠩᠬᠢ ᠬᠦᠨᠦᠭᠡᠯᠲᠦ ᠬᠤᠷᠤᠬᠠᠢ ᠨᠢ ᠬᠦᠳᠡᠯᠭᠡᠭᠡᠨ ᠬᠢᠬᠦ ᠪᠠᠨ ᠵᠣᠭᠰᠤᠵᠤ᠂ ᠰᠡᠷᠡᠭᠦᠨ ᠰᠡᠭᠦᠳᠡᠷ ᠲᠠᠢ ᠭᠠᠵᠠᠷ ᠲᠤ ᠬᠤᠷᠭᠤᠳᠠᠳᠠᠭ ᠠᠴᠠ ᠡᠮ ᠤᠨ ᠰᠦᠷᠴᠢᠯᠲᠡ ᠳᠤ ᠡᠰᠡ ᠣᠨᠤᠭᠳᠠᠳᠠᠭ᠂ ᠲᠡᠷᠡᠴᠢᠯᠡᠨ ᠦᠨᠳᠦᠷ ᠬᠠᠯᠠᠭᠤᠨ ᠳᠤ ᠲᠠᠷᠢᠶᠠᠨ ᠡᠮ ᠨᠢ ᠠᠮᠠᠷᠬᠠᠨ ᠠᠭᠤᠷᠰᠢᠨ ᠡᠮ ᠤᠨ ᠴᠢᠳᠠᠯ ᠨᠢ ᠮᠠᠭᠤᠳᠠᠳᠠᠭ᠂ ᠡᠶᠢᠮᠦ ᠠᠴᠠ ᠡᠨᠠ ᠦᠶ᠎ᠡ ᠳᠤ ᠡᠮ ᠰᠦᠷᠴᠢᠬᠦ ᠨᠢ ᠡᠮ ᠤᠨ ᠴᠢᠳᠠᠯ ᠢ ᠭᠡᠳᠡᠷᠭᠡᠨ ᠪᠠᠭᠤᠷᠠᠭᠤᠯᠳᠠᠭ ᠪᠠᠶᠢᠨ᠎ᠠ᠃ ᠡᠭᠦᠨ ᠠᠴᠠ ᠭᠠᠳᠠᠨ᠎ᠠ᠂ ᠳᠤᠯᠠᠭᠠᠨ ᠤ ᠬᠡᠮᠵᠢᠶ᠎ᠡ ᠦᠩᠭᠡᠷᠡᠦ ᠦᠨᠳᠦᠷ ᠦᠶ᠎ᠡ ᠳᠤ ᠡᠮ ᠰᠦᠷᠴᠢᠬᠦ ᠨᠢ᠂ ᠡᠮ ᠤᠨ ᠠᠭᠤᠷᠰᠢᠯᠲᠠ ᠬᠡᠲᠦᠷᠭᠡᠢ ᠶᠡᠭᠡ ᠠᠴᠠ ᠡᠮ ᠰᠦᠷᠴᠢᠭᠴᠢ ᠠᠮᠠᠷᠬᠠᠨ ᠬᠤᠣᠷᠠᠳᠠᠭᠳᠠᠳᠠᠭ᠃     ᠬᠤᠶᠠᠷ ᠲᠤ᠂ ᠰᠢᠭᠦᠳᠡᠷᠢ ᠠᠭᠤᠷᠰᠢᠬᠤ ᠠᠴᠠ ᠡᠮᠤᠨ᠎ᠠ ᠲᠠᠷᠢᠶᠠᠨ ᠡᠮ ᠰᠦᠷᠴᠢᠬᠦ ᠶᠢ ᠴᠡᠭᠡᠷᠯᠡᠬᠦ᠃ ᠵᠠᠷᠢᠮ ᠲᠠᠷᠢᠶᠠᠴᠢᠳ ᠦᠷᠯᠦᠭᠡ ᠡᠷᠲᠡ ᠰᠡᠷᠢᠭᠦᠨ ᠦᠶ᠎ᠡ ᠳᠤ ᠡᠮ ᠰᠦᠷᠴᠢᠬᠦ ᠶᠢ ᠪᠣᠳᠤᠳᠠᠭ᠃ ᠬᠡᠲᠡᠯ᠎ᠡ ᠦᠷᠯᠦᠭᠡ ᠡᠷᠲᠡ ᠰᠢᠭᠦᠳᠡᠷᠢ ᠠᠭᠤᠷᠰᠢᠭᠠᠳᠤᠢ ᠦᠶ᠎ᠡ ᠳᠤ ᠡᠮ ᠰᠦᠷᠴᠢᠪᠡᠯ ᠡᠮ ᠨᠢ ᠰᠢᠭᠦᠳᠡᠷᠢ ᠶᠢᠨ ᠤᠰᠤᠨ ᠳᠤ ᠰᠢᠨᠭᠡᠯᠡᠭᠳᠡᠨ ᠡᠮ ᠤᠨ ᠴᠢᠳᠠᠯ ᠢᠶᠠᠨ ᠠᠯᠳᠠᠬᠤ ᠪᠤᠯᠤᠨ᠎ᠠ᠃ ᠲᠡᠷᠡᠴᠢᠯᠡᠨ ᠡᠨᠠ ᠦᠶ᠎ᠡ ᠬᠦᠨᠦᠭᠡᠯᠳᠦ ᠬᠤᠷᠤᠬᠠᠢ ᠴᠤ ᠬᠦᠳᠡᠯᠭᠡᠭᠡᠨ ᠬᠢᠭᠡᠳᠦᠢ ᠪᠠᠶᠢᠳᠠᠭ ᠠᠴᠠ ᠡᠨᠠ ᠦᠶ᠎ᠡ ᠳᠤ ᠬᠤᠷᠤᠬᠠᠢ ᠠᠯᠠᠬᠤ ᠡᠮ ᠰᠦᠷᠴᠢᠬᠦ ᠨᠢ ᠦᠷ᠎ᠡ ᠪᠦᠲᠦᠮᠵᠢ ᠪᠠᠷ ᠴᠤ ᠠᠨᠠᠢ ᠪᠠᠶᠢᠳᠠᠭ᠃     ᠭᠤᠷᠪᠠ ᠳᠤ᠂ ᠡᠮ ᠤᠨ ᠦᠳᠭᠡᠴᠡ ᠦᠩᠭᠡᠷᠡᠦ ᠦᠳᠭᠡᠨ ᠪᠠᠶᠢᠬᠤ ᠶᠢ ᠴᠡᠭᠡᠷᠯᠡᠬᠦ᠃ ᠨᠡᠯᠢᠶᠡᠳ ᠲᠡᠷᠢᠶᠡᠴᠢᠳ ᠠᠮᠠᠷ ᠢ ᠪᠣᠳᠤᠵᠤ ᠬᠠᠯᠠᠭᠤᠨ ᠵᠤᠨ ᠤ ᠦᠨᠳᠦᠷ ᠬᠠᠯᠠᠭᠤᠨ ᠡᠷᠡᠨ ᠳᠤ ᠡᠮ ᠳᠡᠭᠡᠨ ᠪᠠᠭ᠎ᠠ ᠯᠠ ᠤᠰᠤ ᠬᠤᠯᠢᠳᠠᠭ᠂ ᠡᠮ ᠨᠢ ᠦᠩᠭᠡᠷᠡᠦ ᠦᠳᠭᠡᠨ ᠠᠴᠠ ᠡᠮ ᠨᠢ ᠤᠷᠭᠤᠮᠠᠯ ᠳᠡᠭᠡᠷ᠎ᠡ ᠰᠦᠷᠴᠢᠭᠳᠡᠭᠰᠡᠨ ᠤ ᠳᠠᠷᠠᠭ᠎ᠠ᠂ ᠤᠰᠤ ᠨᠢ ᠲᠦᠷᠭᠡᠨ ᠠᠭᠤᠷᠰᠢᠵᠤ᠂ ᠠᠮᠠᠷᠬᠠᠨ ᠡᠮ ᠤᠨ ᠬᠤᠣᠷᠠᠳᠠᠯ ᠡᠭᠦᠰᠳᠡᠭ᠃     ᠳᠦᠷᠪᠡ ᠳᠤ᠂ ᠬᠠᠮᠠᠭᠠᠯᠠᠬᠤ ᠠᠷᠭ᠎ᠠ ᠠᠪᠬᠤ ᠦᠭᠡᠢ ᠪᠠᠷ ᠡᠮ ᠰᠦᠷᠴᠢᠬᠦ᠃ ᠵᠠᠷᠢᠮ ᠲᠡᠷᠢᠶᠠᠴᠢᠳ ᠵᠤᠨ ᠤ ᠤᠯᠠᠷᠢᠯ ᠳᠤ ᠡᠮ ᠰᠦᠷᠴᠢᠬᠦ ᠳᠡᠭᠡᠨ ᠰᠡᠷᠢᠬᠦᠨ ᠢ ᠪᠣᠳᠤᠵᠦ᠂ ᠶᠠᠮᠠᠷ ᠴᠤ ᠬᠠᠮᠠᠭᠠᠯᠠᠬᠤ ᠠᠷᠭ᠎ᠠ ᠠᠪᠬᠤ ᠦᠭᠡᠢ ᠪᠠᠶᠢᠳᠠᠭ ᠵᠠᠷᠢᠮ ᠳᠠᠭᠠᠨ ᠪᠦᠷ ᠴᠤ ᠭᠠᠷ ᠬᠦᠯ ᠢᠶᠠᠨ ᠢᠯᠡ ᠭᠠᠷᠭᠠᠨ ᠲᠡᠷᠢᠶᠠᠨ ᠡᠮ ᠰᠦᠷᠴᠢᠬᠦ ᠠᠵᠢᠯ ᠳᠤ ᠭᠠᠷᠳᠠᠭ᠃ ᠢᠩᠬᠢᠬᠦ ᠨᠢ ᠠᠷᠠᠰᠤ ᠮᠢᠬ᠎ᠠ ᠳᠡᠭᠡᠷ᠎ᠡ ᠲᠡᠷᠢᠶᠠᠨ ᠡᠮ ᠨᠠᠭᠠᠯᠳᠤᠵᠤ ᠰᠢᠩᠭᠡᠬᠦ ᠠᠴᠠ ᠠᠮᠠᠷᠬᠠᠨ ᠬᠤᠣᠷᠠᠳᠠᠭᠳᠠᠳᠠᠭ᠃ ᠳᠡᠭᠡᠷᠡᠭᠢ ᠪᠠᠶᠢᠳᠠᠯ ᠳᠤ ᠴᠢᠭᠯᠡᠭᠦᠯᠦᠨ᠂ ᠲᠠᠷᠢᠶᠠᠴᠢᠳ ᠵᠤᠨ ᠤ ᠤᠯᠠᠷᠢᠯ ᠳᠤ ᠡᠮ ᠰᠦᠷᠴᠢᠬᠦ ᠳᠡᠭᠡᠨ᠂ ᠨᠢᠬᠡ ᠳᠤ᠂ ᠪᠦᠷᠭᠦᠭ ᠡᠳᠦᠷ ᠪᠣᠶᠤ ᠴᠡᠯᠮᠡᠭ ᠡᠳᠦᠷ ᠤᠨ ᠦᠲᠡ ᠶᠢᠨ ᠡᠮᠤᠨ᠎ᠠ ᠶᠢᠨ 8 - 10 ᠴᠠᠭ ︵ᠰᠢᠭᠦᠳᠡᠷᠢ ᠠᠭᠤᠷᠰᠢᠭᠰᠠᠨ ᠤ ᠳᠠᠷᠠᠭ᠎ᠠ︶᠂ ᠦᠳᠡ ᠶᠢᠨ ᠬᠤᠶᠢᠨ᠎ᠠ ᠶᠢᠨ 5 -7 ᠴᠠᠭ ︵ᠨᠠᠷᠠ ᠤᠨᠠᠬᠤ ᠶᠢᠨ ᠦᠶ᠎ᠡ ᠪᠠᠷ︶ ᠢ ᠰᠤᠩᠭᠤᠨ᠂ ᠬᠦᠨᠦᠭᠡᠯᠲᠦ ᠬᠤᠷᠤᠬᠠᠢ ᠶᠢᠨ ᠬᠦᠳᠡᠯᠭᠡᠭᠡᠨ ᠶᠡᠭᠡᠲᠡᠢ ᠦᠶ᠎ᠡ ᠳᠤ ᠡᠮ ᠰᠦᠷᠴᠢᠪᠠᠯ ᠵᠣᠬᠢᠨ᠎ᠠ︔ ᠬᠤᠶᠠᠷ ᠲᠤ᠂ ᠵᠣᠬᠢᠰᠲᠠᠢ ᠤᠰᠤ ᠬᠤᠯᠢᠵᠦ᠂ ᠨᠢᠭᠡ ᠮᠦ ᠲᠠᠷᠢᠶᠠᠨ ᠳᠤ ᠠᠭᠤᠰᠮᠠᠯ ᠡᠮ ᠢ 45 ᠺᠢᠯᠦᠭᠷᠡᠮ ᠠᠴᠠ ᠳᠡᠭᠡᠭᠰᠢ ᠬᠡᠷᠡᠭᠯᠡᠬᠦ ᠶᠢ ᠪᠠᠳᠤᠯᠠᠬᠤ ᠬᠡᠷᠡᠭᠲᠡᠢ︔ ᠭᠤᠷᠪᠠ ᠳᠤ᠂ ᠡᠮ ᠰᠦᠷᠴᠢᠬᠦ ᠳᠡᠭᠡᠨ ᠡᠷᠬᠡᠪᠰᠢ ᠬᠠᠮᠠᠭᠠᠯᠠᠬᠤ ᠬᠤᠪᠴᠠᠰᠤ ᠡᠮᠤᠰᠤᠨ᠂ ᠠᠮᠠᠪᠴᠢ ᠵᠡᠭᠦᠵᠦ᠂ ᠡᠮ ᠰᠦᠷᠴᠢᠭᠰᠡᠨ ᠤ ᠳᠠᠷᠠᠭ᠎ᠠ ᠲᠠᠷᠦ᠋ᠢᠬᠠᠨ ᠪᠦᠬᠦ ᠪᠡᠶ᠎ᠡ ᠪᠠᠨ ᠴᠡᠪᠡᠷᠯᠡᠨ ᠤᠬᠢᠶᠠᠵᠤ᠂ ᠲᠠᠷᠢᠶᠠᠨ ᠡᠮ ᠳᠤ ᠬᠤᠣᠷᠠᠳᠠᠭᠳᠠᠬᠤ ᠠᠴᠠ ᠰᠡᠷᠭᠡᠶᠢᠯᠡᠬᠦ ᠬᠡᠷᠡᠭᠲᠡᠢ᠃  
 
ᠢᠷᠡᠯᠲᠡ᠄ ᠠᠯᠠᠱᠨ ᠵᠡᠬᠦᠨ ᠬᠤᠰᠢᠭᠤᠨ ᠤ ᠠᠷᠠᠳ ᠤᠨ ᠵᠠᠰᠠᠭ ᠤᠨ ᠤᠷᠲᠦᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号