ᠪᠦᠬᠡ ᠱᠠᠯᠪᠢᠩ ︵ᠠᠷᠪᠠ︶
ᠨᠡᠶᠢᠲᠡᠯᠡᠭᠰᠡᠨ ᠴᠠᠭ᠄
2021/7/15
                  ᠬᠤᠯᠨ ᠶᠢ ᠪᠠᠷᠠᠭᠠᠳᠠᠵᠦ ᠶᠠᠪᠤᠭᠰᠠᠭᠠᠷ ᠬᠠᠶᠢᠷᠠᠳᠠᠢ ᠡᠵᠢ ᠲᠠᠢ ᠪᠠᠨ ᠤᠴᠠᠷᠠᠯ᠎ᠠ      ᠬᠦᠪᠤᠯᠵᠡᠭᠰᠡᠨ ᠡᠬᠦᠯᠠᠨ ᠤ ᠲᠤᠮᠳᠠᠭᠤᠷ ᠬᠠᠷᠠᠭᠳᠠᠬᠤ ᠬᠦᠪᠴᠢᠯᠡᠭᠰᠡᠨ ᠬᠦᠭᠡ ᠠᠭᠤᠯᠨ ᠶᠢᠨ ᠪᠠᠷᠠᠭᠤᠨ ᠦᠵᠦᠬᠦᠷ ᠲᠤ ᠪᠠᠶᠢᠭ᠎ᠠ ᠦᠨᠳᠡᠭᠡᠨ ᠴᠠᠭᠠᠨ ᠮᠤᠩᠭᠤᠯ ᠭᠡᠷ ᠲᠤ ᠤᠷᠤᠬᠤᠯᠠᠷ ᠡᠭᠡ ᠦᠬᠢᠨ ᠬᠤᠶᠠᠷ ᠠᠴᠠ ᠦᠭᠡᠷ᠎ᠠ ᠬᠦᠮᠦᠨ ᠪᠠᠶᠢᠭᠰᠠᠨ ᠦᠭᠡᠢ᠃ ᠠᠶᠠᠨ ᠤ ᠵᠠᠮ ᠳᠤ ᠲᠡᠮᠡᠭᠡ ᠪᠠᠨ ᠠᠯᠳᠠᠵᠦ ᠬᠠᠶᠢᠵᠦ ᠲᠦᠭᠡᠷᠢᠭᠰᠡᠨ ᠢᠶᠠᠷ ᠤᠪᠯᠠᠨ ᠴᠠᠢ  ᠶᠢ ᠨᠢ ᠤᠤᠭᠤᠵᠦ ᠰᠠᠭᠤᠭ᠎ᠠ ᠱᠠᠯᠪᠢᠩ᠂      —— ᠲᠠᠨ ᠤ ᠴᠢᠨᠢ ᠠᠯᠢ ᠬᠤᠰᠢᠭᠤ ᠨᠤᠲᠤᠭ ᠤᠨ ᠬᠠᠷᠢᠶᠠᠲᠤ ᠪᠤᠢ︖ ᠭᠡᠯ᠎ᠠ᠃      —— ᠤᠷᠠᠳ ᠤᠨ ᠬᠤᠶᠢᠲᠤ ᠬᠦᠩ ᠤᠨ ᠬᠤᠰᠢᠭᠤᠨ ᠤ ᠠᠶᠢᠯ ᠪᠠᠶᠢᠨ᠎ᠠ ᠭᠡᠵᠦ ᠡᠭᠡ ᠨᠢ ᠭᠡᠯᠡᠭᠡᠳ᠂ ᠴᠠᠢ ᠠᠶᠠᠭᠠᠯᠨ ᠭᠡᠳ ᠦᠬᠢᠨ ᠳᠡᠭᠡᠨ ᠨᠢᠲᠤ ᠪᠠᠷ ᠲᠤᠬᠢᠶᠠᠯᠠᠪᠠ᠃      —— ᠵᠡᠬᠦᠨᠳᠡᠢ ᠬᠠᠷᠠᠭᠳᠠᠵᠦ ᠪᠠᠶᠢᠭ᠎ᠠ ᠬᠠᠷ᠎ᠠ ᠠᠭᠤᠯᠨ ᠶᠠᠮᠠᠷ ᠨᠠᠷ᠎ᠠ ᠲᠠᠢ ᠪᠤᠢ︖      —— ᠪᠠᠯ ᠠᠭᠤᠯᠨ ᠭᠡᠳᠡᠭ᠃ ᠮᠠᠨ ᠤ ᠬᠢ ᠨᠤᠲᠤᠭ ᠤᠨ ᠵᠠᠬ᠎ᠠ ᠪᠠᠷ ᠰᠠᠭᠤᠵᠦ ᠪᠠᠶᠢᠭ᠎ᠠ ᠶᠤᠮ᠃ ᠠᠳᠡ  ᠠᠴᠠ ᠪᠠᠷᠠᠭᠤᠨᠰᠢ ᠪᠠᠨ ᠠᠯᠠᠱᠨ ᠬᠤᠱᠤᠳ ᠤᠨ ᠬᠢᠵᠠᠭᠠᠷ ᠲᠤ ᠤᠷᠤᠨ᠎ᠠ᠃       —— ᠪᠦᠬᠦᠯᠢ ᠰᠦᠨᠢ ᠪᠠᠷ ᠲᠦᠭᠡᠷᠢᠵᠦ ᠶᠠᠪᠤᠭᠠᠳ ᠬᠠᠮᠢᠭ᠎ᠠ ᠢᠷᠡᠭᠰᠡᠨ ᠢ ᠴᠤ ᠮᠡᠳᠡᠬᠦ ᠪᠠᠨ ᠪᠤᠯᠢᠯ᠎ᠠ᠃ ᠨᠦᠬᠦᠳ ᠢᠶᠠᠨ ᠨᠢᠭᠡ ᠡᠲᠤᠷ ᠬᠦᠯᠢᠶᠠᠬᠦ ᠠᠴᠠ ᠦᠭᠡᠷ᠎ᠠ ᠠᠷᠭ᠎ᠠ ᠦᠭᠡᠢ ᠪᠤᠯᠵᠠᠢ ᠭᠡᠵᠦ ᠬᠤᠯᠠᠭᠠᠢ ᠵᠡᠯᠡᠭᠡᠢ ᠶᠢᠨ ᠮᠦᠷ  ᠢ ᠬᠤᠳᠠᠯ ᠦᠭᠡ ᠪᠠᠷ ᠪᠠᠯᠯᠠᠪᠠ ᠭᠡᠰᠡᠨ ᠱᠠᠯᠪᠢᠩ᠂ ᠡᠷᠬᠢᠬᠦᠦ ᠨᠤᠶᠢᠷ ᠲᠤ ᠨᠠᠮ ᠴᠤᠬᠢᠭᠳᠠᠨ ᠮᠠᠭᠤᠵᠢᠷᠠᠵᠦ ᠪᠠᠶᠢᠬᠤ  ᠪᠠᠨ ᠬᠠᠯᠬᠠᠯᠠᠭᠰᠠᠨ ᠴᠤ ᠬᠠᠵᠠᠭᠤᠯᠳᠠᠬᠤ ᠦᠭᠡᠢ ᠪᠠᠶᠢᠵᠦ ᠴᠢᠳᠠᠭᠰᠠᠨ ᠦᠭᠡᠢ᠃     ᠡᠷᠡᠭᠲᠡᠢ ᠬᠦᠮᠦᠨ ᠤ ᠪᠠᠷᠬᠢᠯ ᠲᠠᠭᠤᠨ ᠳᠤ ᠰᠤᠴᠢᠨ ᠰᠡᠷᠢᠭᠡᠳ ᠨᠢᠲᠤ ᠵᠠᠪᠰᠠᠷᠯᠠᠨ ᠬᠠᠷᠠᠪᠠᠯ ᠨᠠᠷᠨ ᠬᠠᠨ᠎ᠠ ᠶᠢᠨ ᠲᠤᠯᠤᠭᠠᠢ ᠲᠠᠪᠠᠵᠠᠢ᠃     ᠬᠠᠩᠬᠠᠶᠢᠭᠰᠠᠨ ᠬᠠᠷ᠎ᠠ ᠡᠪᠤᠭᠡᠨ ᠬᠤᠶᠢᠮᠤᠷ ᠢᠶᠠᠨ ᠰᠠᠭᠤᠵᠦ ᠭᠠᠩᠰᠠ ᠲᠡᠮᠠᠬᠢ ᠪᠠᠨ ᠲᠠᠳᠠᠨ ᠠᠮᠨ ᠬᠠᠮᠠᠷ ᠢᠶᠠᠷ  ᠢᠶᠠᠨ ᠤᠲᠤᠭ᠎ᠠ ᠮᠠᠨᠠᠷᠠᠭᠤᠯᠤᠨ ᠪᠠᠶᠢᠵᠠᠢ᠃      ᠵᠤᠯᠪᠢ ᠬᠠᠶᠢᠭᠰᠠᠨ ᠬᠦᠮᠦᠨ᠂ ᠲᠠᠯ᠎ᠠ ᠳᠤ ᠬᠠᠶᠢᠬᠤ ᠠᠴᠠ ᠪᠢᠰᠢ᠂ ᠠᠶᠢᠯ ᠳᠤ ᠰᠠᠭᠤᠭᠠᠳ ᠶᠠᠭᠤ ᠬᠢᠬᠦ ᠪᠤᠢ ᠭᠡᠵᠦ ᠱᠠᠯᠪᠢᠩ ᠲᠡᠷᠨ ᠠᠶᠢᠯ ᠠᠴᠠ ᠮᠤᠷᠳᠠᠨ ᠶᠠᠪᠤᠵᠠᠢ᠃      ᠬᠦᠦ  ᠮᠢᠨᠢ ᠶᠠᠪᠤᠭᠠᠳ ᠤᠳᠠᠴᠢᠬᠠᠯ᠎ᠠ᠂ ᠰᠤᠷᠠᠭ  ᠴᠤ ᠦᠭᠡᠢ᠂ ᠰᠡᠬᠦᠳᠡᠷ  ᠴᠤ ᠦᠭᠡᠢ ᠵᠢᠯᠢᠢᠭᠡᠳ ᠭᠡᠲᠤᠨ ᠰᠠᠷ᠎ᠠ᠂ ᠬᠠᠭᠠᠰ ᠵᠢᠯ ᠢᠯᠡᠬᠦᠦ ᠪᠤᠯᠴᠢᠬᠠᠯ᠎ᠠ᠂ ᠤᠲᠤ ᠪᠤᠯᠳᠠᠯ᠎ᠠ ᠬᠦᠷᠦᠭᠡᠳ ᠢᠷᠡᠳᠡᠭ ᠦᠭᠡᠢ   ᠨᠢ ᠶᠠᠭᠤᠨ ᠰᠤᠨᠢᠨ ᠵᠢᠭᠲᠡᠢ ᠭᠡᠷᠡᠭ ᠪᠤᠢ᠃ ᠰᠦᠨᠢ ᠬᠤᠳᠠ   ᠶᠢᠨ ᠵᠠᠬ᠎ᠠ   ᠳᠤ ᠬᠦᠮᠦᠨ ᠤ ᠬᠠᠨᠢᠶᠠᠬᠤ ᠲᠠᠭᠤᠨ ᠰᠤᠨᠤᠰᠤᠭᠳᠠᠪᠠ᠃ ᠬᠦᠦ ᠮᠢᠨᠢ ᠬᠦᠷᠦᠭᠡᠳ ᠢᠷᠡᠪᠠ ᠤᠤ᠃ ᠪᠢᠰᠢ ᠪᠠᠶᠢᠵᠠᠢ᠂ ᠪᠠᠰᠠ ᠯᠨ ᠬᠤᠨᠢ ᠲᠤᠷᠬᠢᠯᠠᠵᠦ ᠰᠢᠤ᠃ ᠭᠡᠷ   ᠤᠨ ᠬᠠᠶᠠᠭᠠᠨ   ᠳᠤ ᠬᠦᠯ   ᠤᠨ ᠴᠢᠮᠡᠭᠡ ᠰᠤᠨᠤᠰᠳᠠᠯ᠎ᠠ᠂ ᠡᠨ᠋ᠨ  ᠴᠤ ᠯᠠᠪ ᠲᠠᠢ ᠮᠦᠨ᠃ ᠡ ᠬᠠᠷᠠᠯᠨ᠂ ᠡᠷᠤᠭᠡᠨ ᠤᠭᠤᠰᠤᠷ ᠰᠠᠯᠬᠢᠨ  ᠳᠤ ᠲᠡᠷᠪᠡᠭᠡᠳ ᠪᠠᠶᠢᠬᠤ ᠪᠤᠯᠤᠯᠲᠡᠢ᠃ ᠭᠠᠯ ᠲᠠᠭᠤᠯᠠᠯ᠎ᠠ ᠰᠢᠥ ᠪᠠᠶᠢᠵᠠ᠂ ᠦᠭᠡᠬᠦ ᠲᠤᠰᠤ ᠡᠷᠬᠦᠶ᠎ᠠ᠂ ᠬᠦᠪᠠᠬᠦᠨ ᠢ ᠮᠢᠨᠢ ᠡᠷᠳᠡᠭᠡᠨ ᠨᠠᠭᠠᠰᠢ ᠢᠷᠡᠬᠦᠯᠦᠭᠡᠴᠢ  ︕ ᠭᠠᠯ ᠤᠨ ᠪᠤᠷᠬᠠᠨ  ᠮᠢᠨᠢ ᠠᠪᠤᠭᠠᠷᠠᠢ  ︕ ᠤᠸ᠋ᠮ ᠮᠨ ᠬᠤᠩ︕ ᠤᠸ᠋ᠮ ᠮᠨ ᠬᠤᠩ  ︕ ᠤᠸ᠋ᠮ ᠮᠨ ᠬᠤᠩ  ︕ ᠭᠡᠳ ᠭᠠᠵᠠᠭ᠎ᠠ ᠭᠠᠷᠴᠦ ᠲᠤᠯᠤᠭᠠᠨ ᠪᠤᠷᠬᠠᠨ᠂ ᠬᠤᠷᠮᠤᠰᠳᠠ ᠲᠡᠭᠷᠢ ᠳᠡᠭᠡᠨ ᠲᠠᠭᠠᠳᠬᠠᠨ ᠵᠠᠯᠪᠠᠷᠢᠵᠦ ᠮᠦᠷᠬᠦᠭᠡᠳ ᠭᠡᠪᠳᠡᠬᠦ  ᠯᠨ  ᠶᠤᠮ  ᠪᠠ᠂ ᠤᠷᠲᠤ ᠰᠦᠨᠢ   ᠶᠢ ᠪᠠᠰᠠᠯ᠎ᠠ ᠦᠩᠭᠡᠷᠡᠬᠦ ᠪᠤᠯᠤᠯ᠎ᠠ ᠳ᠋ᠠ᠃      ᠡᠨ᠋ᠨ ᠮᠠᠭᠤ ᠬᠠᠷ᠎ᠠ ᠱᠠᠭᠠᠭ ᠴᠤ ᠬᠦᠷᠳᠡᠯ᠎ᠠ ᠱᠤᠨᠲᠤᠶᠢᠭᠠᠳ᠂ ᠶᠠᠭ ᠯᠨ ᠬᠦᠯ ᠳᠤ ᠤᠷᠤᠵᠦ ᠶᠠᠪᠤᠭ᠎ᠠ ᠬᠦᠦ ᠮᠢᠨᠢ ᠰᠢᠭ᠋ ᠬᠠᠷᠠᠭᠳᠠᠨ᠎ᠠ ᠭᠡᠭᠴᠢ᠃ ᠮᠠᠭᠤ ᠡᠵᠢ ᠴᠤ ᠴᠢᠨᠢ ᠮᠠᠩᠭᠠᠲᠤᠷ ︵ᠮᠠᠷᠭᠠᠰᠢ︶ ᠦᠷᠦᠭᠡᠨ ᠪᠠᠰᠠ ᠯᠨ ᠬᠤᠨᠤᠭᠤᠳᠠ ᠴᠠᠢ ᠪᠠᠨ ᠤᠤᠭᠤᠬᠤ ᠪᠤᠯᠤᠯ᠎ᠠ ᠪᠤᠯᠳᠠᠢ᠃ ᠬᠤᠭᠤᠯᠨ ᠤᠮᠳᠠᠭᠠᠨ ᠤ ᠰᠢᠪᠬᠠᠷᠤᠤ ᠴᠤ ᠶᠠᠭᠠᠬᠢᠬᠤ ᠪᠤᠢ᠂ ᠦᠯ ᠲᠠᠷᠤᠳᠠᠭ ᠯᠨ ᠶᠤᠮ᠃ ᠬᠦᠦ ᠮᠢᠨᠢ ᠬᠦᠷᠴᠦ ᠢᠷᠡᠭᠡᠳ ᠬᠦᠯᠦᠰᠤᠨ ᠤ ᠦᠨᠦᠷ ᠢᠶᠠᠨ ᠨᠢᠭᠡ ᠦᠨᠦᠷᠯᠡᠬᠦᠯᠴᠢᠭᠡᠪᠠᠯ ᠡᠯᠢᠭᠡ ᠵᠢᠷᠤᠭᠡ ᠮᠢᠨᠢ ᠲᠠᠶᠢᠳᠬᠤᠷᠠᠬᠤ ᠰᠠᠨ᠂᠂᠂᠂      ᠭᠠᠳᠠᠭ᠎ᠠ ᠨᠢ ᠲᠦᠰ ᠬᠢᠬᠦ‍ ᠰᠢᠭ ᠪᠤᠯᠪᠠ᠃ ᠨᠠᠭᠤᠷ ᠤᠨ ᠤᠰᠤ ᠮᠦᠰᠦ ᠲᠡᠯᠪᠠᠷᠡᠵᠦ ᠪᠠᠶᠢᠭ᠎ᠠ ᠪᠢᠵᠠ ᠭᠡᠳᠡᠯ᠎ᠠ ᠬᠦᠮᠦᠨ ᠬᠠᠨᠢᠶᠠᠭᠠᠳ ᠬᠦᠦ ᠨᠢ ᠤᠷᠤᠵᠦ ᠢᠷᠡᠯ᠎ᠠ᠃     ——  ᠡᠵᠢ ᠮᠢᠨᠢ ᠰᠠᠶᠢᠬᠠᠨ ᠰᠠᠭᠠᠳᠠᠵᠦ ᠪᠠᠶᠢᠪᠠ ᠤᠤ ᠭᠡᠳ ᠬᠦᠦ ᠨᠢ ᠬᠦᠯᠦᠰᠤ ᠪᠠᠨ ᠠᠷᠴᠢᠨ ᠢᠨᠢᠶᠡᠮᠰᠦᠭᠯᠡᠪᠠ᠃ ᠮᠠᠨᠲᠤ ᠰᠠᠶᠢᠨ ᠪᠠᠶᠢᠵᠦ᠂ ᠭᠠᠷ ᠬᠦᠯ ᠪᠦᠲᠤᠨ᠂ ᠬᠦᠳᠡᠷ ᠴᠢᠬᠢᠷᠠᠭ ᠭᠡᠪ ᠢᠶᠠᠷ ᠢᠶᠠᠨ ᠬᠠᠨᠠᠷᠠᠨ ᠪᠠᠶᠢᠪᠠᠴᠦ ᠴᠢᠷᠠᠢ ᠨᠢ ᠬᠠᠷᠠᠯᠠᠨ ᠬᠠᠴᠠᠷ ᠨᠢ ᠰᠢᠭᠤᠭᠳᠠᠭᠰᠠᠨ ᠭᠡᠮᠡᠷ ᠰᠠᠭᠤᠷᠢ ᠶᠠᠭᠡᠲᠡᠢ ᠬᠠᠮᠠᠷ ᠨᠢ ᠰᠡᠬᠦᠳᠡᠷ ᠲᠠᠳᠠᠭᠠᠳ᠂ ᠦᠷᠦ ᠡᠪᠠᠳᠬᠦ ᠪᠤᠯᠪᠠᠴᠦ ᠵᠢᠷᠤᠭᠡᠨ ᠠᠴᠠ ᠶᠠᠭᠤ ᠨᠢᠭᠡ ᠶᠢ ᠠᠪᠴᠦ ᠬᠠᠶᠠᠭᠰᠠᠨ ᠮᠡᠲᠤ ᠲᠤᠲᠤᠷ᠎ᠠ ᠨᠢ ᠤᠩᠭᠤᠶᠢᠭᠰᠠᠨ ᠡᠭᠡ ᠨᠢ ᠪᠠᠶᠠᠰᠤᠨ ᠮᠦᠰᠢᠶᠠᠵᠠᠢ᠃      —— ᠰᠠᠶᠢᠨ ᠰᠠᠭᠤᠵᠦ ᠪᠠᠶᠢᠯ᠎ᠠ᠂ ᠰᠠᠨᠠᠭ᠎ᠠ ᠪᠠᠭ᠋ᠠᠨ ᠵᠤᠪᠠᠯ᠎ᠠ᠂ ᠬᠦᠦ ᠮᠢᠨᠢ ᠰᠠᠶᠢᠨ ᠶᠠᠪᠤᠪᠠ ᠤᠤ︖ ᠬᠠᠮᠢᠭ᠎ᠠ ᠬᠦᠷᠦᠭᠡᠳ ᠢᠷᠡᠪᠠ ᠳ᠋ᠠ︖      —— ᠠᠷᠤ ᠬᠠᠯᠬ᠎ᠠ ᠪᠠᠷ ᠡᠷᠭᠢᠭᠡᠳ ᠢᠷᠡᠯ᠎ᠠ᠂ ᠡᠵᠢ ᠲᠠ ᠤᠷᠤᠢ ᠶᠢᠨ ᠪᠤᠳᠠᠭ᠎ᠠ ᠪᠠᠨ ᠢᠳᠡᠭᠡᠲᠤᠢ ᠬᠤᠭᠤᠰᠤᠨ ᠢᠶᠠᠷ ᠬᠦᠯᠢᠶᠠᠵᠦ ᠰᠠᠭᠤᠨ᠎ᠠ ᠤᠤ︖     —— ᠤᠲᠤ ᠯᠨ ᠴᠤᠬᠤᠮ ᠶᠠᠭᠤᠮ᠎ᠠ ᠢᠳᠡᠮᠠᠷ ᠪᠠᠶᠢᠨ᠎ᠠ᠃ ᠴᠢ ᠪᠠᠰᠠ ᠬᠤᠭᠤᠰᠤᠨ ᠢᠶᠠᠷ ᠲᠠᠨᠤᠵᠦ ᠶᠠᠪᠤᠭ᠎ᠠ ᠪᠢᠵᠠ᠃ ᠠᠯᠢ ᠬᠦᠦ ᠮᠢᠨᠢ ᠴᠠᠢ᠃     ᠬᠦᠦ ᠨᠢ ᠲᠤᠰᠴᠦ ᠠᠪᠤᠭᠰᠠᠨ ᠠᠶᠠᠭ᠎ᠠ ᠪᠠᠨ ᠲᠠᠯᠪᠢᠭᠠᠳ ᠲᠠᠪᠬᠢᠨ ᠭᠠᠷᠤᠯ᠎ᠠ᠃     —— ᠦᠭᠡᠢ ᠡᠨ᠋ᠨ ᠴᠢᠨᠢ ᠬᠦᠷᠤᠭᠡᠰᠤᠨ ᠤ ᠮᠢᠬ᠎ᠠ ᠪᠢᠰᠢ ᠯᠨ ᠪᠠᠶᠢᠨ᠎ᠠ᠂ ᠴᠢ ᠮᠢᠨᠢ ᠶᠠᠭᠤ ᠪᠠᠨ ᠠᠪᠴᠦ ᠠᠪᠴᠢᠷᠠᠪᠠ︖     —— ᠦᠭᠡᠷ ᠤᠨ ᠮᠢᠬ᠎ᠠ ᠤᠯᠵᠦ ᠢᠷᠡᠯ᠎ᠠ᠃     —— ᠠ ᠬᠠᠶᠢᠷᠬᠠᠨ ᠡ᠂ ᠦᠭᠡᠷ ᠤᠨ ᠮᠢᠬ᠎ᠠ ᠤᠯᠵᠦ ᠬᠦᠷᠳᠡᠨ᠎ᠠ ᠭᠡᠭᠴᠢ ᠬᠠᠮᠢᠭ᠎ᠠ ᠪᠤᠢ᠃ ᠬᠦᠦ ᠮᠢᠨᠢ ᠠᠶᠢᠯ ᠳᠤ ᠦᠭᠡᠷ ᠵᠠᠷᠤᠪᠠ ᠤᠤ︖     ᠠᠶᠢᠯ ᠳᠤ ᠦᠭᠡᠷ ᠵᠠᠷᠤᠭᠰᠠᠨ ᠬᠦᠮᠦᠨ ᠠᠷᠠᠰᠤ ᠶᠢ ᠨᠢ ᠲᠦᠭᠡ ᠬᠢᠷᠢᠲᠡᠢ ᠤᠭᠲᠤᠯᠵᠦ ᠠᠪᠬᠤ ᠠᠴᠠ ᠭᠠᠳᠠᠨ᠎ᠠ ᠠᠮᠠᠨ ᠬᠦᠵᠦᠬᠦᠦ᠂ ᠠᠳᠠᠭ ᠰᠡᠭᠡᠷ ᠡᠬᠢᠨ ᠨᠢᠷᠤᠭᠤ᠂ ᠪᠤᠭᠤᠨᠢ ᠬᠠᠪᠢᠷᠭ᠎ᠠ ᠭᠡᠳ ᠲᠠᠯ᠎ᠠ ᠪᠦᠷᠢ ᠠᠴᠠ ᠨᠢ ᠵᠢᠭᠠᠬᠠᠨ ᠠᠪᠳᠠᠭ ᠶᠤᠰᠤᠲᠡᠢ ᠭᠡᠵᠦ ᠡᠭᠡ ᠨᠢ ᠲᠡᠭᠡᠵᠦ ᠪᠤᠲᠤᠭᠰᠠᠨ ᠪᠠᠶᠢᠵᠠᠢ᠃     ᠬᠦᠦ ᠨᠢ ᠬᠠᠷᠢᠨ ᠲᠤᠬᠤ ᠪᠠᠨ ᠮᠠᠭᠠᠵᠢᠵᠦ ᠢᠨᠢᠶᠡᠮᠰᠦᠭᠯᠡᠭᠡᠳ᠂ ᠠᠷᠭᠠᠯᠢ ᠠᠩᠨᠠᠭᠰᠠᠨ᠂ ᠠᠲᠤᠭᠤ ᠬᠦᠭᠡᠭᠡᠭᠰᠡᠨ᠂ ᠦᠭᠡᠷ ᠬᠤᠯᠠᠭᠠᠶᠢᠯᠠᠭᠰᠠᠨ᠂ ᠮᠢᠬ᠎ᠠ ᠠᠪᠤᠭᠰᠠᠨ ᠠᠯᠢ ᠪᠠᠶᠢᠭᠰᠠᠨ ᠢᠶᠠᠨ ᠦᠨ᠋ᠨᠨ ᠢᠶᠠᠷ ᠨᠢ ᠲᠤᠭᠠᠴᠢᠨ ᠶᠠᠷᠢᠭᠠᠳ᠂ ᠬᠦᠮᠦᠨ ᠤ ᠨᠢᠭᠤᠴᠠ ᠶᠢ ᠵᠠᠳᠠᠷᠠᠭᠤᠯᠬᠤ ᠦᠭᠡᠢ ᠭᠡᠵᠦ ᠲᠡᠭᠷᠢ ᠲᠤ ᠲᠠᠩᠭᠠᠷᠢᠭ ᠲᠠᠯᠪᠢᠨ ᠠᠮᠠᠯᠲᠤᠭᠰᠠᠨ ᠶᠤᠮ ᠭᠡᠳ ᠠᠭᠤᠴᠢᠯᠠᠯ ᠬᠦᠰᠡᠭᠰᠡᠨ ᠬᠠᠷᠠᠴᠠ ᠪᠠᠷ ᠡᠵᠢ ᠪᠠᠨ ᠰᠢᠷᠳᠡᠵᠦ᠂ ᠮᠢᠬ᠎ᠠ ᠲᠡᠶᠢᠯᠤᠩᠬᠦᠢ ᠠᠶᠠᠭ᠎ᠠ ᠲᠠᠢ ᠪᠤᠳᠠᠭ᠎ᠠ ᠪᠠᠨ ᠲᠤᠰᠤᠨ ᠠᠪᠤᠯ᠎ᠠ᠃     —— ᠬᠦᠮᠦᠨ ᠬᠠᠷᠢᠶᠠᠪᠠᠯ ᠠᠮᠨ ᠰᠤᠨᠳᠠᠭ᠂ ᠬᠤᠯᠠᠭᠠᠢ ᠬᠢᠪᠠᠯ ᠭᠠᠷ ᠰᠤᠨᠳᠠᠭ ᠶᠤᠮ ᠳ᠋ᠠ᠃ ᠬᠦᠦ ᠮᠢᠨᠢ ᠶᠠᠭᠤᠨ ᠳᠤ ᠢᠢᠮᠤ ᠪᠤᠵᠠᠷ ᠨᠢᠬᠦᠯ ᠲᠠᠢ ᠶᠠᠭᠤᠮ᠎ᠠ ᠶᠢ ᠬᠢᠭᠰᠡᠨ ᠪᠤᠢ᠂ ᠨᠢᠭᠡ ᠦᠭᠡᠷ ᠢ ᠭᠤᠷᠪᠠ ᠲᠠᠬᠢᠨ ᠢᠶᠠᠷ ᠲᠦᠯᠦᠵᠦ ᠦᠭᠬᠦᠭᠰᠡᠨ ᠪᠤᠯ ᠨᠢᠬᠦᠯ ᠨᠢᠮᠭᠡᠷᠡᠬᠦ ᠪᠢᠵᠠ᠂ ᠲᠡᠭᠡᠪᠠᠴᠦ ᠲᠠᠬᠢᠵᠦ ᠯᠨ ᠪᠢᠳᠡᠭᠡᠢ ᠬᠦᠮᠦᠨ ᠤ ᠶᠠᠭᠤᠮᠠᠨ ᠳᠤ ᠭᠠᠷ ᠬᠦᠷᠭᠡ ᠳ᠋ᠠ᠃ ᠬᠤᠭᠤᠯᠨ ᠪᠤᠯᠬᠤ ᠦᠭᠡᠢ ᠬᠤᠤᠷ ᠪᠤᠯᠬᠤ ᠴᠤ ᠭᠠᠶᠢᠭᠤᠢ᠂ ᠶᠠᠭᠤᠮ᠎ᠠ ᠪᠠᠨ ᠠᠯᠳᠠᠭᠰᠠᠨ ᠬᠦᠮᠦᠨ ᠠᠷᠪᠠᠨ ᠠᠶᠤᠯ ᠲᠠᠢ᠂ ᠠᠪᠤᠭᠰᠠᠨ ᠬᠦᠮᠦᠨ ᠨᠢᠭᠡ ᠠᠶᠤᠯ ᠲᠠᠢ ᠭᠡᠳᠡᠭ ᠶᠤᠮ᠂ ᠠᠳᠠᠭ ᠰᠡᠬᠦᠯ ᠳᠤ ᠦᠪᠠᠷ  ᠢᠶᠠᠨ ᠴᠤ ᠲᠠᠮᠤ ᠳᠤ ᠤᠨᠠᠨ᠎ᠠ ᠰᠢᠤ᠃     ᠬᠦᠦ ᠶᠢᠨ ᠢᠶᠠᠨ ᠮᠦᠩᠬᠦ ᠡᠪᠤᠷᠲᠤᠯᠠᠵᠦ ᠮᠢᠬ᠎ᠠ ᠡᠬᠦᠷᠤᠭᠡᠳ ᠢᠷᠡᠭᠰᠡᠨ ᠳᠤᠨᠢ ᠭᠡᠲᠤᠢ ᠪᠠᠷ ᠪᠠᠶᠠᠷᠯᠠᠭᠰᠠᠨ ᠪᠤᠯᠪᠠᠴᠦ ᠡᠭᠡ ᠨᠢ ᠡᠲᠤᠷ ᠦᠨᠵᠢᠯ ᠦᠭᠡᠢ ᠰᠠᠨᠠᠭ᠎ᠠ ᠠᠯᠳᠠᠨ ᠰᠠᠭᠤᠳᠠᠭ ᠪᠤᠯᠵᠠᠢ᠃ ᠭᠡᠲᠤᠨ ᠡᠲᠤᠷ ᠤᠨ ᠡᠮᠤᠨ᠎ᠠ ᠨᠤᠷᠲᠤᠭ ᠢᠷᠡᠭᠡᠳ ᠶᠠᠪᠤᠬᠤ ᠳᠠᠭᠠᠨ᠂ ᠮᠢᠭᠳᠡᠷᠢ ᠶᠢ ᠭᠠᠳᠠᠭ᠎ᠠ ᠪᠠᠨ ᠠᠪᠠᠴᠢᠵᠦ ᠬᠤᠨᠢᠴᠢᠨ ᠢᠶᠠᠨ ᠪᠤᠯᠭᠠᠨ᠎ᠠ᠂ ᠦᠭᠡᠢ ᠪᠤᠯ ᠮᠠᠯ ᠢᠶᠠᠨ ᠪᠤᠴᠠᠭᠠᠵᠦ ᠠᠪᠤᠨ᠎ᠠ ᠭᠡᠳ ᠰᠢᠲᠤ ᠵᠠᠭᠤᠵᠦ ᠪᠠᠶᠢᠭᠰᠠᠨ ᠢ ᠬᠦᠦ ᠳᠡᠭᠡᠨ ᠭᠡᠯᠡᠵᠦ ᠴᠢᠳᠠᠭ᠎ᠠ ᠦᠭᠡᠢ᠃     —— ᠡᠵᠢ ᠶᠠᠭᠤᠨ ᠳᠤ ᠰᠠᠨᠠᠭ᠎ᠠ ᠠᠯᠳᠠᠭᠠᠳ ᠪᠠᠶᠢᠨ᠎ᠠ ᠪᠤᠢ︖     —— ᠦᠭᠡᠢ ᠪᠢᠵᠠ᠃ ᠦᠭᠡᠢ ᠴᠤ ᠭᠡᠵᠦ  ᠨᠤᠷᠳᠤᠭ ᠤᠨ ᠬᠠᠶᠠᠭᠠᠨ ᠳᠤ ᠪᠠᠭᠤᠬᠤ ᠦᠭᠡᠢ ᠪᠠᠶᠢᠬᠤ ᠶᠢᠨ ᠠᠷᠭ᠎ᠠ ᠦᠭᠡᠢ ᠪᠤᠯᠵᠠᠢ᠃     —— ᠬᠦᠮᠦᠨ ᠤ ᠬᠠᠶᠠᠭ᠎ᠠ ᠲᠦᠰᠢᠬᠦ ᠦᠭᠡᠢ ᠴᠤ ᠭᠡᠰᠡᠨ ᠪᠢᠳᠡ ᠠᠮᠢᠲᠤᠷᠠᠵᠦ ᠴᠢᠳᠠᠨ᠎ᠠ᠃     —— ᠬᠤᠶᠠᠷ ᠵᠢᠯ ᠪᠤᠯᠤᠭᠠᠳ ᠨᠤᠶᠢᠲᠠᠨ ᠬᠠᠮᠬᠤᠤᠯ ᠠᠴᠠ ᠬᠤᠯᠨ ᠵᠠᠶᠢᠯᠠᠶ᠎ᠠ᠃ ᠭᠡᠲᠤᠨ ᠮᠠᠯ ᠢᠶᠠᠨ ᠵᠢᠭᠤᠷᠠᠯᠲᠤᠵᠦ ᠪᠠᠶᠢᠭᠰᠠᠨ ᠴᠠᠭ ᠲᠤ ᠬᠠᠮᠢᠭ᠎ᠠ ᠪᠠᠶᠢᠭᠰᠠᠨ ᠴᠤ ᠠᠳᠠᠯᠢ ᠪᠢᠵᠠ᠃     —— ᠮᠠᠨ ᠤ ᠬᠤᠳᠠ ᠶᠢ ᠬᠠᠷᠠᠯᠠᠭᠤᠯᠤᠭᠰᠠᠨ ᠶᠤᠮ ᠴᠢᠨᠢ ᠬᠤᠨᠢ ᠮᠠᠯ ᠢᠶᠠᠨ ᠲᠠᠭᠤᠭᠠᠳ ᠬᠤᠯᠨ ᠶᠠᠪᠤᠶ᠎ᠠ᠃     —— ᠲᠡᠭᠡᠵᠦ ᠪᠤᠯᠬᠤ ᠦᠭᠡᠢ ᠰᠢᠤ᠂ ᠬᠦᠦ ᠮᠢᠨᠢ᠃ ᠲᠡᠮᠡᠭᠡᠨ ᠬᠦᠵᠦᠬᠦᠦ ᠤᠷᠲᠤ ᠪᠤᠯᠪᠠᠴᠦ ᠵᠢᠷᠭᠤᠭᠠᠨ ᠦᠶ᠎ᠠ ᠲᠠᠢ᠂ ᠲᠠᠤᠯᠠᠢ ᠶᠢᠨ ᠰᠡᠬᠦᠯ ᠤᠬᠤᠷ ᠪᠤᠯᠪᠠᠴᠦ ᠶᠠᠰᠤ ᠲᠠᠢ ᠰᠢᠤ᠃ ᠪᠤᠯᠬᠤ ᠪᠠᠷ ᠪᠤᠲᠤᠭᠰᠠᠨ ᠴᠤ ᠬᠦᠭᠡᠭᠡ ᠡᠪᠤᠯ ᠤᠨ ᠳ᠋ᠦᠩ ᠳᠤ ᠬᠠᠮᠢᠭ᠎ᠠ ᠨᠡᠬᠦᠨ᠎ᠠ ᠪᠤᠢ᠂  ᠦᠴᠦᠭᠡᠳᠦᠷ ᠰᠦᠨᠢ ᠶᠢᠨ ᠡᠨ᠋ᠨ ᠴᠠᠰᠤᠨ ᠤ ᠲᠠᠷᠤᠭᠰᠠᠨ ᠭᠡᠵᠦ ᠡ᠃ ᠪᠤᠳᠠ ᠮᠠᠯ ᠪᠤᠯ ᠪᠠᠰᠠ ᠨᠢᠭᠡ ᠤᠬᠠᠭᠠᠨ ᠪᠤᠢ᠃ ᠪᠤᠭ ᠮᠠᠯ ᠢ ᠬᠠᠰᠢᠶᠠᠨ ᠠᠴᠠ ᠰᠠᠯᠭᠠᠪᠠᠯ ᠲᠤᠷᠠᠰᠬ᠎ᠠ ︵ᠠᠷᠠᠰᠤ︶  ᠶᠢ ᠨᠢ ᠬᠠᠭᠤᠯᠤᠨ᠎ᠠ ᠯᠨ ᠭᠡᠰᠡᠨ ᠦᠭᠡ᠃ ᠭᠡᠨ ᠤ ᠴᠤ ᠪᠤᠯᠤᠭ᠂ ᠬᠠᠯᠠᠭᠤᠨ ᠬᠤᠰᠢᠭᠤᠳᠠᠨ ᠢ ᠲᠡᠭᠡᠵᠦ ᠲᠠᠮᠤᠯᠠᠭᠠᠳ ᠶᠠᠭᠠᠬᠢᠨ᠎ᠠ ᠳ᠋ᠠ᠃      —— ᠲᠡᠭᠡᠪᠠᠯ ᠬᠠᠪᠤᠷ ᠪᠤᠯᠤᠭᠠᠳ ᠰᠡᠪ ᠮᠡᠳᠡᠭᠳᠡᠯ ᠦᠭᠡᠢ ᠨᠡᠬᠦᠵᠦ ᠶᠠᠪᠤᠶ᠎ᠠ᠃      —— ᠴᠢ ᠪᠢᠳᠡ ᠬᠤᠶᠠᠷ ᠤᠨ ᠴᠢᠷᠠᠢ ᠪᠠᠷ ᠬᠦᠮᠦᠨ ᠤ ᠠᠯᠠᠭᠠᠨ ᠠᠴᠠ ᠭᠠᠷᠴᠦ ᠴᠢᠳᠠᠬᠤ ᠪᠤᠯᠪᠠ ᠤᠤ᠂ ᠲᠡᠬᠦᠨ ᠤ ᠤᠷᠤᠨ ᠳᠤ ᠰᠢᠯᠤᠭᠤᠬᠠᠨ ᠲᠠᠨᠤᠪᠠᠯ ᠲᠡᠭᠡᠷ᠎ᠠ ᠪᠤᠢ᠃      ᠡᠭᠡ ᠬᠦᠪᠠᠬᠦᠨ ᠬᠤᠶᠠᠷ ᠢᠩᠬᠢᠵᠦ ᠭᠡᠯᠡᠯᠴᠡᠭᠡᠳ ᠬᠦᠦ ᠨᠢ ᠭᠠᠭᠴᠠ ᠲᠡᠮᠡᠭᠡ ᠪᠠᠨ ᠬᠦᠲᠤᠯᠵᠦ᠂ ᠬᠦᠨᠠᠰᠤ ᠤᠯᠵᠦ ᠢᠷᠡᠬᠦ ᠪᠠᠷ ᠬᠤᠯᠨ ᠶᠢᠨ ᠠᠶᠠᠨ ᠳᠤ ᠭᠠᠷᠴᠠᠢ᠃ ᠭᠡᠲᠤᠨ ᠡᠲᠤᠷ ᠶᠠᠪᠤᠭᠠᠳ ᠲᠠᠷᠢᠶᠠᠯᠠᠩ ᠤᠨ ᠠᠰᠠᠷ ᠲᠤ ᠬᠦᠷᠦᠭᠡᠳ ᠠᠪᠴᠦ ᠶᠠᠪᠤᠭ᠎ᠠ ᠮᠦᠩᠬᠦ ᠪᠠᠷ ᠢᠶᠠᠨ ᠬᠤᠶᠠᠷ ᠰᠤᠮᠠᠯ ᠪᠤᠳᠠᠭ᠎ᠠ ᠰᠤᠯᠢᠵᠦ ᠠᠪᠴᠦ ᠢᠷᠡᠭᠡᠳ ᠡᠵᠢ ᠲᠠᠢ  ᠪᠠᠨ ᠠᠮᠢᠲᠤᠷᠠᠵᠦ ᠰᠠᠭᠤᠵᠦ ᠪᠠᠶᠢᠵᠠᠢ᠃ ᠡᠬᠦᠨ ᠤ ᠵᠡᠷᠭᠡᠴᠡᠭᠡ ᠪᠠᠷ ᠵᠡᠭᠡᠷ᠎ᠠ ᠬᠦᠷᠦᠭᠡᠰᠤ᠂ ᠦᠨᠡᠭᠡ ᠲᠠᠤᠯᠠᠢ ᠠᠯᠠᠵᠦ ᠠᠩ ᠬᠦᠷᠦᠭᠡ ᠬᠢᠵᠦ᠂ ᠬᠦᠮᠦᠨ ᠤ ᠪᠠ ᠦᠪᠠᠷ ᠤᠨ ᠭᠡᠲᠤᠨ ᠲᠡᠮᠡᠭᠡ ᠪᠠᠨ ᠬᠦᠲᠤᠯᠤᠨ ᠠᠶᠠᠨ ᠶᠠᠪᠤᠵᠦ ᠲᠠᠪᠤᠰᠤ ᠲᠡᠭᠡᠭᠡᠪᠤᠷᠢᠯᠠᠨ ᠠᠮᠢᠲᠤᠷᠠᠵᠦ ᠪᠠᠶᠢᠵᠠᠢ᠃                 ︵ᠦᠷᠭᠦᠯᠵᠢᠯᠡᠯ᠄ ᠮᠢᠭᠳᠡᠷᠢ ᠬᠦᠦ ᠪᠠᠨ ᠦᠰᠭᠡᠵᠦ ᠭᠤᠯᠤᠮᠳᠠ ᠪᠠᠨ ᠤᠯᠠᠮᠵᠢᠯᠠᠭᠰᠠᠨ︶
 
ᠢᠷᠡᠯᠲᠡ᠄ ᠠᠯᠠᠱᠠ ᠪᠦᠬᠡ ᠱᠠᠯᠪᠢᠩ ᠤᠨ ᠨᠠᠮᠳᠠᠷ ᠳᠣᠮᠤᠭ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号