ᠦᠷᠭᠦᠬᠡ ᠬᠡᠷ ᠢᠶᠠᠨ ᠦᠪᠡᠷ ᠢᠶᠠᠨ ᠤᠷᠠᠯᠠᠵᠦ ᠴᠢᠮᠡᠬᠦ ᠶᠢᠨ ᠵᠢᠷᠭᠠᠯ
ᠨᠡᠶᠢᠲᠡᠯᠡᠭᠰᠡᠨ ᠴᠠᠭ᠄
2021/7/15
    ᠵᠣᠨ ᠤ ᠡᠬᠢᠨ ᠤ ᠦᠳᠡ ᠶᠢᠨ ᠬᠠᠯᠠᠭᠤᠨ ᠳᠤ ᠠᠴᠢᠶᠠᠨ ᠤ ᠮᠠᠰᠢᠨ ᠲᠡᠷᠭᠡᠨ ᠳᠡᠭᠡᠨ ᠬᠠᠯᠬᠠᠪᠴᠢ ᠬᠠᠳᠠᠬᠤ ᠪᠠᠷ ᠲᠠᠮᠤᠷ ᠬᠠᠪᠲᠠᠰᠤ ᠬᠡᠮᠵᠢᠨ ᠵᠦᠰᠦᠵᠦ ᠬᠦᠯᠦᠰᠦ ᠤᠷᠤᠰᠬᠠᠨ ᠠᠵᠢᠯᠯᠠᠵᠤ ᠪᠠᠶᠢᠬᠰᠠᠨ ᠮᠠᠯᠴᠢᠨ ᠶᠢᠩ ᠶᠢᠩ ᠲᠠᠢ ᠢᠩᠬᠢᠵᠦ ᠠᠩᠬ᠎ᠠ ᠠᠭᠤᠯᠵᠠᠭᠰᠠᠨ ᠶᠤᠮ᠃ ︽ᠶᠡᠷᠤᠨᠢ ᠭᠠᠷ ᠤᠷᠠᠨ ᠬᠦᠮᠦᠨ᠂ ᠭᠡᠷ ᠢᠶᠠᠨ ᠦᠪᠡᠷ ᠲᠡᠭᠡᠨ ᠮᠠᠰᠢ ᠭᠤᠶᠤ ᠰᠠᠶᠢᠬᠠᠨ ᠵᠠᠰᠠᠵᠤ ᠴᠢᠮᠡᠭᠰᠡᠨ ᠪᠠᠶᠢᠬᠰᠠᠨ︾ ᠭᠡᠵᠦ ᠰᠠᠭᠠᠬᠠᠯᠲᠠ ᠠᠶᠢᠯ ᠤᠨ ᠬᠢᠨ ᠱᠠᠭᠰᠢᠨ ᠲᠠᠨᠢᠯᠴᠠᠭᠤᠯᠬᠤ ᠪᠠᠷ ᠠᠭᠤᠯᠵᠠᠬᠤ ᠪᠤᠳᠤᠯ ᠤᠷᠤᠵᠦ ᠵᠤᠷᠢᠵᠦ ᠬᠦᠷᠴᠦ ᠪᠢᠯᠡ᠃     ᠲᠡᠭᠷᠢ ᠠᠵᠤ ᠠᠬᠤᠢ ᠶᠢᠨ ᠮᠡᠷᠭᠡᠵᠢᠯ ᠤᠨ ᠨᠡᠭᠡᠭᠡᠯᠲᠡ ᠶᠢᠨ ᠣᠷᠣᠨ ᠤ ᠲᠡᠭᠷᠢ ᠡᠯᠡᠰᠦ ᠪᠠᠯᠭᠠᠰᠤᠨ ᠤ ᠲᠡᠮᠡᠭᠡᠨ ᠠᠭᠤᠯᠠ ᠭᠠᠴᠠᠭᠠᠨ ᠤ ᠵᠢᠡᠵᠢᠭᠡ ᠶᠢᠨ ᠣᠪᠣᠭᠠᠨ ᠥᠯᠭᠡ ᠭᠡᠳᠡᠭ ᠭᠠᠵᠠᠷ ᠨᠤᠲᠤᠭᠰᠢᠨ ᠰᠠᠭᠤᠭ᠎ᠠ ᠶᠢᠩ ᠶᠢᠩ 2016 ᠣᠨ ᠠᠴᠠ ᠡᠬᠢᠯᠡᠨ ᠪᠠᠶᠢᠰᠢᠩ ᠦᠷᠬᠦᠬᠡ ᠪᠠᠨ ᠵᠠᠰᠠᠨ ᠳᠣᠳᠣᠮᠳᠠᠭᠰᠠᠭᠠᠷ ᠣᠳᠣ ᠪᠣᠯᠬᠤ ᠳᠤ ᠲᠣᠭᠤᠰᠬᠠᠨ ᠪᠠᠶᠢᠰᠢᠩ ᠬᠦᠷᠢᠶ᠎ᠡ ᠲᠠᠢ ᠪᠠᠨ ᠨᠡᠶᠢᠯᠡᠭᠡᠳ 600 ᠭᠠᠷᠤᠢ ᠲᠡᠭᠰᠢ ᠳᠥᠷᠪᠡᠯᠵᠢᠨ ᠮᠧᠲᠷ ᠤᠨ ᠲᠠᠯᠠᠪᠠᠢ ᠲᠠᠢ ᠭᠡᠷ ᠤᠷᠤᠨ ᠪᠣᠰᠬᠠᠵᠤ᠂ ᠥᠪᠡᠷ ᠤᠨ ᠠᠵᠢᠯ ᠤᠨ ᠵᠠᠪ ᠴᠢᠯᠦᠭᠡ ᠪᠠᠨ ᠠᠰᠢᠭᠯᠠᠨ ᠵᠢᠯ ᠭᠠᠷᠤᠢ ᠴᠠᠭ ᠬᠤᠭᠤᠴᠠᠭ᠎ᠠ ᠵᠠᠷᠤᠴᠠᠭᠤᠯᠵᠤ ᠭᠤᠶᠣ ᠰᠠᠶᠢᠬᠠᠨ ᠬᠡ ᠤᠭᠠᠯᠵᠠ᠂ ᠴᠢᠩᠬᠢᠰ ᠤᠨ ᠬᠥᠷᠥᠭ ᠵᠢᠷᠤᠭ᠂ ᠬᠤᠶᠡᠷ ᠬᠡᠤᠬᠡᠨ ᠳᠡᠭᠡᠨ ᠬᠦᠰᠡᠭᠰᠡᠨ ᠪᠢᠴᠢᠭᠡᠰᠦ ᠵᠡᠷᠭᠡ ᠶᠢ ᠵᠢᠷᠤᠵᠤ ᠪᠤᠳᠤᠨ ᠵᠠᠰᠠᠵᠤ ᠴᠢᠮᠡᠭᠰᠡᠨ ᠪᠥᠭᠡᠳ ᠡᠪᠡᠰᠦᠨ ᠤ ᠭᠡᠷ ᠪᠠᠷᠢᠬᠤ ᠮᠡᠳᠣ ᠶᠢᠨ ᠵᠦᠢᠯ ᠳᠤ ᠬᠡᠷᠡᠭᠯᠡᠭᠳᠡᠬᠦ ᠪᠣᠯᠣᠳ ᠲᠡᠮᠦᠷ ᠤᠨ ᠵᠦᠰᠦᠵᠦ ᠬᠢᠷᠦᠭᠡᠳᠡᠬᠦ ᠠᠵᠢᠯ ᠪᠦᠬᠦᠨ ᠢ ᠦᠪᠡᠷ ᠢᠶᠠᠨ ᠬᠢᠵᠦ ᠪᠡᠶᠡᠯᠡᠭᠦᠯᠦᠭᠰᠡᠨ ᠨᠢ ᠦᠨᠡᠭᠡᠷ ᠬᠦᠮᠦᠨ ᠢ ᠭᠠᠶᠢᠬᠠᠰᠢ ᠠᠯᠳᠠᠭᠤᠯᠤᠮ᠎ᠠ ᠪᠠᠶᠢᠯ᠎ᠠ᠃ ︽ᠤᠷᠳᠤ ᠮᠥᠷᠡᠨ ᠨᠤᠭᠤᠯᠤᠭ᠎ᠠ ᠣᠯᠠᠨ᠂ ᠤᠷᠠᠨ ᠬᠦᠮᠦᠨ ᠠᠷᠭ᠎ᠠ ᠣᠯᠠᠨ︾ ᠭᠡᠭᠴᠢ ᠪᠠᠷ ᠠᠮᠢᠳᠤᠷᠠᠯ ᠳᠤᠮᠲᠠ ᠪᠠᠨ ᠶᠢᠩ ᠶᠢᠩ ᠠᠷᠭ᠎ᠠ ᠪᠦᠬᠦᠨ ᠢ ᠰᠦᠪᠡᠭᠴᠢᠯᠡᠳᠡᠭ᠂ ᠭᠠᠷ ᠤᠷ᠎ᠠ ᠲᠠᠢ ᠳᠠᠭᠠᠨ ᠣᠯᠠᠨ ᠰᠠᠶᠢᠬᠠᠨ ᠵᠦᠢᠯ ᠢ ᠤᠷᠠᠯᠠᠨ ᠪᠦᠳᠦᠭᠡᠵᠦ᠂ ᠠᠵᠢᠯ ᠠᠮᠢᠳᠤᠷᠠᠯ ᠳᠠᠭᠠᠨ ᠵᠤᠬᠢᠴᠠᠭᠤᠯᠳᠠᠭ ᠬᠡᠳᠡᠭ ᠢ ᠨᠢ ᠲᠡᠬᠦᠨ ᠤ ᠠᠴᠢᠶᠡᠨ ᠤ ᠮᠠᠰᠢᠨ ᠲᠡᠷᠭᠡᠨ ᠳᠡᠭᠡᠨ ᠬᠠᠳᠠᠬᠤ ᠬᠠᠯᠬᠠᠪᠴᠢ ᠪᠠᠨ ᠠᠴᠢᠵᠦ ᠲᠡᠭᠡᠭᠡᠪᠦᠷᠢᠯᠡᠬᠦ ᠪᠣᠳᠠᠳᠣ ᠪᠠᠶᠢᠳᠠᠯ ᠲᠠᠢ ᠪᠠᠨ ᠤᠶᠠᠯᠳᠤᠭᠤᠯᠤᠨ ᠪᠣᠷᠣ ᠮᠠᠲ᠋ᠧᠷᠢᠶᠠᠯ ᠢᠶᠠᠨ ᠦᠪᠡᠷ ᠢᠶᠠᠨ ᠰᠣᠩᠭᠤᠨ ᠠᠪᠴᠤ᠂ ᠨᠠᠷᠢᠯᠢᠭ ᠬᠡᠮᠵᠢᠨ ᠬᠠᠳᠠᠭᠰᠠᠨ ᠦᠢᠯᠡ ᠬᠢᠳᠡᠯ ᠠᠴᠠ ᠨᠢ ᠦᠵᠡᠵᠦ ᠭᠠᠷᠬᠤ ᠠᠵᠢ᠃      ᠬᠠᠷᠠᠬᠠᠨ ᠪᠠᠭ᠎ᠠ ᠠᠴᠠ ᠪᠠᠨ ᠤᠷᠠᠨ ᠵᠢᠷᠤᠭ ᠲᠤ ᠳᠤᠷ᠎ᠠ ᠪᠠᠬ᠎ᠠ ᠲᠠᠢ ᠶᠢᠩ ᠶᠢᠩ ᠤᠨ ᠠᠩᠬ᠎ᠠ ᠡᠬᠢᠨ ᠳᠡᠭᠡᠨ ᠦᠷᠭᠦᠯᠵᠢ ᠵᠢᠷᠤᠳᠠᠭ ᠵᠢᠷᠤᠭ ᠨᠢ ᠰᠢᠬᠢᠷ ᠤᠨ ᠤᠭᠤᠲᠠᠨ ᠲᠡᠭᠡᠷ᠎ᠡ ᠵᠢᠷᠤᠭᠰᠠᠨ ᠲᠠᠬᠢᠶ᠎ᠠ ᠪᠠᠶᠢᠭᠰᠠᠨ ᠢ ᠲᠤᠷᠠᠳᠬᠠᠨ ᠶᠠᠷᠢᠵᠦ ᠪᠢᠳᠡᠨ ᠢ ᠢᠨᠢᠶᠡᠯᠭᠡᠵᠦ ᠪᠠᠶᠢᠯ᠎ᠠ᠃ ᠶᠡᠷᠦ ᠨᠢ ︽ᠳᠤᠷ᠎ᠠ ᠳᠤ ᠰᠢᠷ᠎ᠠ ᠦᠬᠡᠢ︾ ᠭᠡᠳᠡᠭ ᠢᠶᠠᠷ ᠥᠪᠡᠷ ᠤᠨ ᠳᠤᠷ᠎ᠠ ᠪᠠᠬ᠎ᠠ ᠲᠠᠢ ᠵᠦᠢᠯ ᠢᠶᠠᠨ ᠪᠦᠲᠦᠭᠡᠵᠦ ᠶᠠᠪᠤᠬᠤ ᠳᠤ ᠬᠡᠴᠢᠨᠡᠨ ᠬᠠᠯᠠ ᠵᠤᠪᠠᠯ ᠲᠠᠢ ᠪᠠᠶᠢᠭᠰᠠᠨ ᠴᠦ ᠲᠠᠪᠰᠢᠨ ᠴᠢᠷᠮᠠᠶᠢᠬᠤ ᠤᠷᠮ᠎ᠠ ᠨᠢ ᠬᠦᠪᠴᠢᠯᠡᠭᠳᠡᠨ ᠰᠡᠳᠬᠢᠯ ᠳᠤᠨᠢ ᠲᠤᠳᠤᠷ᠎ᠠ ᠲᠠᠮᠢᠷ ᠪᠣᠯᠳᠠᠭ᠃ ᠲᠡᠷᠡ ᠠᠩᠬ᠎ᠠ ᠲᠤᠮᠳᠠᠳᠤ ᠪᠠᠨ ᠲᠡᠭᠦᠰᠬᠡᠭᠡᠳ ᠰᠢᠷᠡᠭᠡ ᠰᠠᠨᠳᠠᠯᠢ ᠪᠣᠳᠣᠬᠤ ᠠᠵᠢᠯ ᠢᠶᠠᠨ ᠡᠬᠢᠯᠡᠭᠦᠯᠦᠨ ᠪᠣᠰᠣᠳ ᠲᠤ ᠲᠤᠭᠤᠬᠳᠠᠬᠤ ᠪᠤᠯᠤᠬᠰᠠᠨ ᠪᠣᠯᠪᠠᠴᠤ ᠶᠡᠷᠦ ᠨᠢ ᠲᠤᠰᠬᠠᠢ ᠪᠠᠭᠰᠢ ᠶᠢᠨ ᠵᠢᠯᠣᠭᠤᠳᠤᠯᠭ᠎ᠠ ᠪᠠᠷ ᠰᠢᠰᠲ᠋ᠧᠮ ᠲᠠᠢ ᠰᠤᠷᠤᠯᠴᠠᠭᠰᠠᠨ ᠦᠬᠡᠢ ᠠᠴᠠ ᠪᠤᠳᠤᠭᠰᠠᠨ ᠪᠤᠳᠤᠭ ᠨᠢ ᠠᠮᠠᠷᠬᠠᠨ ᠦᠩᠬᠡ ᠨᠢ ᠤᠨᠠᠬᠤ᠂ ᠦᠩᠬᠡ ᠪᠤᠳᠤᠭ ᠢᠶᠠᠨ ᠵᠣᠭᠢᠰᠳᠡᠢ ᠰᠠᠶᠢᠬᠠᠨ ᠲᠤᠬᠢᠷᠠᠭᠤᠯᠵᠦ ᠴᠢᠳᠠᠬᠤ ᠦᠬᠡᠢ ᠪᠠᠶᠢᠬᠤ ᠵᠡᠷᠬᠡ ᠠᠰᠠᠭᠤᠳᠠᠯ ᠳᠤᠯᠠᠭᠠᠷᠠᠵᠤ ᠭᠠᠴᠢᠭᠳᠠᠭᠤᠯᠵᠠᠢ᠃ 2003 ᠣᠨ ᠳᠤ ᠠᠵᠠ ᠪᠠᠷ ᠨᠠᠶᠢᠵᠠ ᠶᠢᠨ ᠢᠶᠠᠨ ᠲᠠᠨᠢᠯᠴᠠᠭᠤᠯᠭ᠎ᠠ ᠪᠠᠷ ᠠᠯᠠᠱᠠ ᠪᠠᠷᠠᠭᠤᠨ ᠬᠡᠶᠢᠳ ᠲᠤ ᠮᠣᠩᠭᠤᠯ ᠭᠡᠷ ᠰᠢᠨᠡᠳᠬᠡᠵᠦ᠂ ᠰᠢᠷᠳᠠᠵᠤ ᠪᠤᠳᠤᠬᠤ ᠠᠵᠢᠯ ᠬᠢᠬᠦ ᠵᠠᠪᠰᠢᠶᠠᠨ ᠲᠤᠬᠢᠶᠠᠯᠳᠤᠨ᠂ ᠲᠡᠨᠳᠡ ᠨᠢᠩᠰᠢᠶᠠ ᠶᠢᠨ ᠨᠡᠷᠡᠲᠦ ᠱᠤᠭᠤᠮᠠᠯ ᠤᠨ ᠪᠠᠭᠰᠢ ᠸᠡᠩ ᠢᠤᠢ ᡁᠢ ᠲᠠᠢ ᠲᠠᠨᠢᠯᠴᠠᠭᠠᠳ ᠰᠠᠶ᠋ᠢ ᠥᠩᠭᠡ ᠪᠤᠳᠤᠭ ᠲᠣᠬᠢᠷᠠᠭᠤᠯᠬᠤ᠂ ᠰᠢᠷ ᠰᠠᠭᠤᠯᠭᠠᠬᠤ᠂ ᠬᠡ ᠤᠭᠠᠯᠵᠠ ᠵᠢᠷᠤᠵᠤ ᠪᠤᠳᠤᠬᠤ ᠲᠠᠯ᠎ᠠ ᠪᠠᠷ ᠰᠢᠨ᠎ᠠ ᠨᠢᠬᠡᠨ ᠤᠶᠢᠯᠠᠭᠠᠯᠳᠠ ᠲᠠᠢ ᠪᠤᠯᠵᠠᠢ᠃ ᠲᠡᠶᠢᠨᠬᠦ ᠠᠵᠢᠯ ᠤᠨ ᠴᠠᠭ ᠲᠠᠭᠠᠨ ᠦᠷᠭᠦᠯᠵᠢ ᠸᠡᠩ ᠢᠤᠢ ᡁᠢ ᠶᠢᠨ ᠵᠢᠷᠤᠵᠤ ᠰᠡᠶᠢᠯᠦᠭᠰᠡᠨ ᠣᠷᠠᠨ ᠪᠦᠳᠦᠭᠡᠯ ᠢ ᠪᠠᠭ᠋ᠠᠷᠬᠠᠨ ᠰᠣᠨᠢᠷᠬᠠᠵᠦ᠂ ᠵᠢᠷᠤᠵᠤ ᠪᠤᠳᠤᠬᠤ᠂ ᠰᠡᠶᠢᠯᠬᠦ ᠲᠠᠯ᠎ᠠ ᠪᠠᠷ ᠶᠡᠷᠤᠨᠢ ᠡᠨᠡ ᠬᠦᠮᠦᠨ ᠠᠴᠠ ᠰᠢᠰᠲ᠋ᠧᠮ ᠲᠠᠢ ᠰᠤᠷᠤᠯᠴᠠᠬᠤ ᠬᠦᠰᠡᠯ ᠲᠦᠷᠦᠭᠳᠡᠪᠡ᠃ ᠲᠡᠬᠡᠬᠡᠳ ᠸᠡᠩ ᠢᠤᠢ ᡁᠢ ᠳᠤ ᠱᠠᠪᠢ ᠤᠷᠤᠵᠦ 3 ᠵᠢᠯ ᠲᠠᠭᠠᠨ ᠰᠤᠷᠤᠯᠴᠠᠭᠠᠳ ᠮᠡᠷᠭᠡᠵᠢᠯ ᠢᠶᠠᠨ ᠲᠡᠬᠡᠭᠰᠢᠯᠡᠭᠦᠯᠦᠭᠰᠡᠨ ᠤ ᠪᠠᠨ ᠬᠤᠶᠢᠨ᠎ᠠ ᠪᠡᠶ᠎ᠡ ᠪᠠᠨ ᠳᠠᠭᠠᠭᠠᠵᠤ ᠢᠷᠭᠠᠢ᠂ ᠲᠡᠷᠡᠰᠦᠨ᠂ ᠣᠷᠲᠣᠰ᠂ ᠠᠯᠠᠱᠠ ᠪᠠᠷᠠᠭᠤᠨ ᠬᠤᠰᠢᠭᠤ᠂ ᠠᠯᠠᠱᠠ ᠵᠡᠬᠦᠨ ᠬᠤᠰᠢᠭᠤ ᠵᠡᠷᠭᠡ ᠭᠠᠵᠠᠷ ᠨᠤᠳᠤᠭ ᠤᠨ ᠰᠦᠮ᠎ᠡ ᠬᠡᠶᠢᠳ ᠤᠨ ᠵᠢᠷᠤᠭ᠂ ᠣᠪᠣᠭ᠎ᠠ᠂ ᠮᠣᠩᠭᠤᠯ ᠭᠡᠷ᠂ ᠬᠤᠪᠢ ᠠᠶᠢᠯ ᠤᠨ ᠠᠪᠲᠠᠷ᠎ᠠ ᠬᠤᠷᠭᠤ ᠲᠡᠷᠢᠬᠦᠳᠡᠨ ᠢ ᠰᠢᠨᠡᠳᠬᠡᠨ ᠵᠢᠷᠤᠵᠤ ᠪᠤᠳᠤᠬᠤ ᠠᠵᠢᠯ ᠢ ᠬᠢᠵᠦ᠂ ᠪᠣᠰᠣᠳ ᠲᠤ ︽ᠤᠷᠠᠨ ᠭᠠᠷ ᠲᠠᠢ ᠶᠢᠩ ᠶᠢᠩ︾ ᠭᠡᠮᠡᠨ ᠲᠠᠭᠠᠰᠢᠶᠠᠭᠳᠠᠨ ᠦᠨᠡᠯᠡᠭᠳᠡᠬᠦ ᠪᠣᠯᠵᠡᠢ᠃     ᠭᠡᠷ ᠢᠶᠠᠨ ᠶᠠᠭᠠᠬᠢᠵᠦ ᠴᠤᠬᠴᠠᠯᠠᠨ᠎ᠠ ᠬᠡᠳᠡᠭ ᠪᠤᠯ ᠤᠬᠠᠭᠠᠨ ᠰᠠᠮᠪᠠᠭ᠎ᠠ ᠪᠠᠨ ᠶᠠᠭᠠᠬᠢᠵᠦ ᠵᠠᠷᠤᠨ᠎ᠠ ᠬᠡᠳᠡᠭ ᠤᠨ ᠦᠢᠯᠡᠳᠦᠯ᠃ ᠦᠪᠡᠷ ᠤᠨ ᠤᠷᠤᠨ ᠬᠡᠷ ᠢᠶᠠᠨ ᠥᠪᠡᠷ ᠤᠨ ᠰᠠᠨᠠᠭ᠎ᠠ ᠪᠣᠳᠣᠯ᠂ ᠤᠷᠠᠨ ᠭᠠᠷ᠂ ᠨᠠᠨᠳᠢᠨ ᠬᠦᠴᠦ ᠬᠥᠳᠡᠯᠮᠦᠷᠢ ᠪᠠᠷ ᠢᠶᠠᠨ ᠵᠠᠰᠠᠨ ᠴᠢᠮᠡᠭᠯᠡᠬᠦ ᠶᠢᠨ ᠠᠮᠵᠢᠯᠲᠠ ᠲᠥᠷᠥᠭᠳᠡᠯ ᠪᠦᠷ ᠴᠦ ᠬᠤᠪᠢᠨ ᠳᠠᠭᠠᠨ ᠪᠠᠶᠢᠬᠤ ᠨᠢ ᠭᠠᠷᠴᠠᠭ᠎ᠠ ᠦᠬᠡᠢ᠃ ᠶᠢᠩ ᠶᠢᠩ ᠤᠨ ᠦᠪᠡᠷ ᠢᠶᠠᠨ ᠵᠠᠰᠠᠵᠤ ᠴᠢᠮᠡᠭᠰᠡᠨ ᠭᠡᠷ ᠦᠷᠬᠦᠬᠡᠨ ᠳᠤᠨᠢ ᠲᠡᠬᠦᠨ ᠤ ᠬᠡᠷᠭᠡᠢ ᠲᠠᠢ ᠪᠠᠨ ᠠᠮᠢᠳᠤᠷᠠᠯ ᠳᠠᠭᠠᠨ ᠵᠣᠷᠢᠭᠰᠠᠨ ᠬᠦᠰᠡᠯ ᠵᠣᠷᠢᠯᠲᠠ᠂ ᠴᠡᠯᠮᠡᠭ᠂ ᠴᠢᠨᠡᠭᠡᠯᠢᠭ ᠬᠤᠶᠡᠷ ᠦᠬᠢᠨ ᠳᠡᠭᠡᠨ ᠬᠦᠰᠡᠭᠰᠡᠨ ᠬᠦᠰᠡᠯ ᠮᠥᠷᠥᠭᠡᠳᠦᠯ ᠢ ᠨᠢ ᠲᠦᠯᠦᠬᠡᠯᠡᠭᠰᠡᠨ ᠤᠷᠠᠯᠠᠯ ᠤᠨ ᠵᠦᠢᠯᠡᠰ ᠶᠡᠭᠡ ᠪᠤᠢ᠃ ︽ᠥᠪᠡᠷ ᠤᠨ ᠵᠠᠰᠠᠵᠦ ᠴᠢᠮᠡᠭᠰᠡᠨ ᠭᠡᠷ ᠦᠷᠦᠬᠡ ᠪᠠᠨ ᠣᠷᠣᠨ ᠳᠠᠭᠠᠨ ᠬᠡᠪᠲᠡᠭᠡᠳ ᠬᠠᠷᠠᠬᠤ ᠳᠤ ᠴᠦ ᠲᠤᠩ ᠲᠠᠭᠠᠳᠠᠢ᠂ ᠰᠡᠳᠬᠢᠯ ᠬᠠᠨᠤᠮᠵᠢᠳᠡᠢ ᠰᠠᠨᠠᠬᠳᠠᠬᠤ ᠶᠤᠮ︾ ᠭᠡᠵᠦ ᠶᠢᠩ ᠶᠢᠩ ᠢᠨᠢᠶᠡᠮᠰᠦᠭᠯᠡᠨ ᠶᠠᠷᠢᠨ᠎ᠠ᠃ ᠡᠨᠡ ᠨᠢ ᠶᠠᠷᠢᠶᠡᠨ ᠦᠬᠡᠢ ᠪᠠᠶᠠᠷ ᠤᠨ ᠮᠥᠰᠢᠶᠡᠯ᠂ ᠵᠢᠷᠭᠠᠯ ᠤᠨ ᠢᠨᠢᠶᠡᠳᠦ᠂ ᠪᠠᠭ᠋ᠠᠷᠬᠠᠯ ᠤᠮᠤᠬᠰᠢᠯ ᠪᠠᠶᠢᠯ᠎ᠠ᠃
 
ᠢᠷᠡᠯᠲᠡ᠄ ᠠᠯᠠᠱᠠ ᠶᠢᠨ ᠡᠳᠦᠷ ᠤᠨ ᠰᠦ᠋‌‍ᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号