ᠨᠦᠢᠷ ᠲᠤᠳᠠᠪᠡᠯ ᠡᠪᠡᠳᠴᠢᠨ ᠳᠤ ᠨᠡᠷᠪᠡᠭᠳᠡᠨ᠎ᠡ
ᠨᠡᠶᠢᠲᠡᠯᠡᠭᠰᠡᠨ ᠴᠠᠭ᠄
2021/7/15
     ᠡᠷᠡᠭᠦᠯ ᠴᠢᠭᠢᠷᠠᠭ ᠵᠠᠯᠠᠭᠤᠴᠤᠳ ᠲᠤ ᠠᠪᠴᠤ ᠬᠡᠯᠡᠪᠡᠯ᠂ ᠰᠥᠨᠢᠵᠢᠨ ᠤᠨᠳᠠᠬᠤ ᠦᠭᠡᠢ ᠰᠠᠭᠤᠪᠡᠯ ᠪᠡᠶ᠎ᠡ ᠶᠢᠨ ᠬᠢᠨᠢ ᠴᠢᠰᠤᠨ ᠳᠣᠲᠣᠷᠠᠬᠢ ᠠᠯᠽᠧᠶ᠋ᠢᠮᠧᠷ ᠡᠪᠡᠳᠴᠢᠨ ᠤ ᠠᠮᠢᠳᠤ ᠪᠣᠳᠠᠰ ᠤᠨ ᠲᠡᠮᠳᠡᠭ ᠪᠤᠳᠠᠰ ᠨᠡᠮᠡᠭᠳᠡᠬᠦ ᠪᠣᠯᠤᠨ᠎ᠠ ᠭᠡᠳᠡᠭ ᠢ ᠰᠸᠧᠳᠧᠨ ᠤ ᠰᠤᠳᠤᠯᠭᠠᠨ ᠤ ᠠᠵᠢᠯᠲᠠᠨ ᠰᠢᠨ᠎ᠡ ᠪᠠᠷ ᠤᠯᠵᠤ ᠮᠡᠳᠡᠵᠡᠢ᠃ ᠬᠠᠮᠢᠶ᠎ᠠ ᠪᠦᠬᠦᠢ ᠥᠭᠦᠯᠡᠯ ᠨᠢ ᠣᠷᠴᠢᠮᠬᠠᠨ ᠠᠮᠧᠷᠢᠺᠠ ᠶᠢᠨ ︽ᠮᠡᠳᠡᠷᠡᠯ ᠤᠨ ᠤᠬᠠᠭᠠᠨ︾ ᠰᠡᠳᠬᠦᠯ ᠲᠡᠭᠡᠷ᠎ᠡ ᠨᠡᠶᠢᠲᠡᠯᠡᠭᠳᠡᠪᠡ᠃      ᠰᠸᠧᠳᠧᠨ ᠤ ᠰᠤᠳᠤᠯᠤᠭᠴᠢᠳ ᠳᠤᠮᠳᠠᠴᠢ ᠪᠠᠷ 22 ᠨᠠᠰᠤ ᠲᠠᠢ ᠪᠦᠭᠡᠳ ᠪᠡᠶ᠎ᠡ ᠶᠢᠨ ᠬᠦᠨᠳᠦ ᠨᠢ ᠬᠡᠪ ᠤᠨ 15 ᠡᠷᠡᠭᠲᠡᠶ ᠶᠢ ᠰᠣᠩᠭᠤᠵᠤ᠂ ᠡᠩ ᠤᠨ ᠦᠶ᠎ᠡ ᠳᠤ ᠲᠡᠳᠡᠨ ᠢ ᠴᠦᠮ 7 ᠴᠠᠭ — 9 ᠴᠠᠭ ᠬᠠᠨᠳᠠᠯ᠎ᠠ ᠤᠨᠲᠠᠭᠤᠯᠬᠤ ᠲᠤᠷᠰᠢᠯᠳᠠ ᠬᠢᠪᠡ᠃ ᠰᠤᠳᠤᠯᠭᠠᠨ ᠤ ᠳ᠋ᠦᠩ ᠠᠴᠠ ᠦᠵᠡᠪᠡᠯ᠂ ᠲᠤᠷᠰᠢᠯᠳᠡ ᠳᠤ ᠤᠷᠤᠯᠴᠠᠬᠰᠠᠳ ᠢ ᠨᠢᠭᠡ ᠰᠥᠨᠢ ᠤᠨᠲᠠᠭᠤᠯᠤᠬᠰᠠᠨ ᠦᠭᠡᠢ ︵ᠳ᠋ᠧᠩ ᠤᠨ ᠭᠡᠷᠡᠯ ᠤᠨ ᠳᠣᠤᠷ᠎ᠠ ᠣᠷᠣᠨ ᠳᠡᠭᠡᠷ᠎ᠡ ᠨᠢ ᠰᠠᠭᠤᠯᠭᠠᠨ ᠲᠣᠭᠯᠠᠭᠠᠮ ᠨᠠᠭᠠᠳᠤᠭᠤᠯᠬᠤ᠂ ᠺᠢᠨᠣ᠋ ᠦᠵᠡᠬᠦᠯᠬᠦ ᠪᠤᠶᠤ ᠵᠣᠭᠤᠭᠳᠠᠭᠤᠯᠬᠤ︶ ᠳᠤ ᠲᠡᠳᠡᠨ ᠤ ᠴᠢᠰᠤᠨ ᠳᠣᠲᠣᠷᠠᠬᠢ Tau ᠤᠭᠤᠷᠠᠭ ᠤᠨ ᠳᠤᠮᠳᠠᠴᠢ ᠬᠡᠮᠵᠢᠶ᠎ᠡ 17% ᠪᠠᠷ ᠨᠡᠮᠡᠭᠳᠡᠭᠰᠡᠨ ᠪᠠᠶᠢᠪᠠ᠂ ᠨᠢᠭᠡ ᠰᠥᠨᠢ ᠬᠠᠨᠳᠠᠯ᠎ᠠ ᠤᠨᠲᠠᠭᠤᠯᠤᠬᠰᠠᠨ ᠳᠤ ᠴᠢᠰᠤᠨ ᠳᠣᠲᠣᠷᠠᠬᠢ Tau ᠤᠭᠤᠷᠠᠭ ᠤᠨ ᠳᠤᠮᠳᠠᠴᠢ ᠬᠡᠮᠵᠢᠶ᠎ᠡ ᠨᠢ ᠵᠥᠪᠬᠡᠨ 2% ᠢᠶᠠᠷ ᠨᠡᠮᠡᠭᠳᠡᠵᠡᠶ᠃      ᠠᠯᠽᠧᠶ᠋ᠢᠮᠧᠷ ᠡᠪᠡᠳᠴᠢᠨ ᠳᠤ ᠨᠡᠷᠪᠡᠭᠳᠡᠭᠰᠡᠳ ᠤᠨ ᠨᠢᠭᠡ ᠵᠦᠢᠯ ᠤᠨ ᠡᠪᠡᠳᠴᠢᠨ ᠤ ᠵᠦᠢ ᠶᠢᠨ ᠬᠤᠪᠢᠷᠠᠯᠲᠠ ᠪᠣᠯ ᠲᠠᠷᠢᠬᠢᠨ ᠳᠣᠲᠣᠷᠠᠬᠢ Tau ᠤᠭᠤᠷᠠᠭ ᠨᠢ ᠬᠡᠲᠦᠷᠬᠡᠢ ᠹᠣᠰᠹᠣᠷ ᠬᠦᠴᠢᠯᠵᠢᠯᠳᠡ ᠲᠠᠢ ᠪᠤᠯᠵᠤ᠂ ᠡᠰ ᠤᠨ ᠳᠣᠲᠣᠷ᠎ᠠ ᠨᠢ ᠮᠡᠳᠡᠷᠡᠯ ᠤᠨ ᠡᠬᠢ ᠰᠢᠷᠬᠡᠭᠯᠢᠭ ᠤᠪᠤᠭᠠᠷᠠᠨ ᠣᠷᠢᠶᠠᠯᠳᠤᠬᠤ ᠶᠢᠨ ᠤᠯᠠᠮ ᠢᠶᠠᠷ ᠮᠡᠳᠡᠷᠡᠯ ᠤᠨ ᠡᠬᠢ ᠰᠢᠷᠬᠡᠭᠯᠢᠭ ᠰᠢᠷᠢᠯᠳᠦᠨ ᠤᠷᠢᠶᠠᠯᠳᠤᠬᠰᠠᠨ ᠠᠴᠠ ᠪᠤᠯᠵᠤ ᠮᠡᠳᠡᠷᠡᠯ ᠤᠨ ᠡᠰ ᠢ ᠦᠬᠦᠭᠦᠯᠬᠦ ᠪᠠ ᠲᠠᠨᠢᠨ ᠮᠡᠳᠡᠬᠦᠢ ᠶᠢᠨ ᠴᠢᠳᠠᠪᠤᠷᠢ ᠶᠢᠨ ᠬᠠᠷᠰᠢᠯᠠᠵᠤ ᠪᠠᠶᠢᠳᠠᠭ ᠲᠠᠢ ᠨᠢᠭᠲᠠ ᠬᠤᠯᠪᠤᠭ᠎ᠠ ᠲᠠᠢ᠃ ᠡᠭᠦᠨ ᠠᠴᠠ ᠡᠮᠦᠨᠡᠭᠢ ᠰᠤᠳᠤᠯᠭᠠᠨ ᠳᠤ᠂ ᠨᠠᠰᠤᠲᠠᠶᠢᠴᠤᠳ ᠢ ᠤᠨᠲᠠᠭᠤᠯᠬᠤ ᠦᠭᠡᠢ ᠳᠤ ᠬᠦᠷᠪᠡᠯ ᠲᠠᠷᠢᠬᠢᠨ ᠨᠤᠭᠤᠰᠤᠨ ᠤ ᠰᠢᠩᠭᠡᠨ ᠳᠣᠲᠣᠷᠠᠬᠢ Tau ᠤᠭᠤᠷᠠᠭ ᠤᠨ ᠬᠡᠮᠵᠢᠶ᠎ᠡ ᠨᠢ ᠨᠡᠮᠡᠭᠳᠡᠵᠦ᠂ ᠲᠣᠯᠣᠭᠠᠶ ᠶᠢᠨ ᠰᠢᠷᠬ᠎ᠠ ᠪᠠᠰᠠ ᠴᠢᠰᠤᠨ ᠳᠣᠲᠣᠷᠠᠬᠢ Tau ᠤᠭᠤᠷᠠᠭ ᠤᠨ ᠬᠡᠮᠵᠢᠶ᠎ᠡ ᠶᠢ ᠨᠡᠮᠡᠭᠳᠡᠭᠦᠯᠦᠨ᠎ᠡ ᠬᠡᠳᠡᠭ ᠢ ᠢᠯᠡᠷᠡᠬᠦᠯᠪᠡ᠃      ᠥᠭᠦᠯᠡᠯ ᠢ ᠬᠠᠮᠳᠤᠷᠠᠨ ᠪᠢᠴᠢᠭᠰᠡᠨ ᠵᠣᠬᠢᠶᠠᠭᠴᠢ᠂ ᠰᠸᠧᠳᠧᠨ ᠤ ᠦᠫᠰᠠᠯᠨ ᠶᠡᠭᠡ ᠰᠤᠷᠭᠠᠭᠤᠯᠢ ᠶᠢᠨ ᠴᠣᠨᠠᠰᠤᠨ · ᠰᠤᠳᠨᠤᠰ᠂ ᠴᠢᠰᠤᠨ ᠳᠣᠲᠣᠷᠠᠬᠢ Tau ᠤᠭᠤᠷᠠᠭ ᠤᠨ ᠬᠡᠮᠵᠢᠶ᠎ᠡ ᠳᠡᠭᠡᠭᠰᠢᠯᠡᠬᠦ ᠨᠢ ᠶᠡᠭᠡ ᠲᠠᠷᠢᠬᠢᠨ ᠳᠠᠬᠢ Tau ᠤᠭᠤᠷᠠᠭ ᠤᠨ ᠬᠡᠮᠵᠢᠶ᠎ᠡ ᠶᠢ ᠳᠡᠭᠡᠭᠰᠢᠯᠡᠬᠦᠯᠵᠦ ᠮᠡᠳᠡᠨ᠎ᠡ᠂ ᠭᠡᠪᠡᠴᠦ ᠮᠡᠳᠡᠷᠡᠯ ᠤᠨ ᠬᠥᠳᠡᠯᠭᠡᠭᠡᠨ ᠠᠴᠠ ᠡᠭᠦᠰᠦᠭᠰᠡᠨ Tau ᠤᠭᠤᠷᠠᠭ ᠢ ᠶᠡᠭᠡ ᠲᠠᠷᠢᠬᠢᠨ ᠠᠴᠠ ᠴᠡᠪᠡᠷᠯᠡᠨ ᠠᠷᠢᠯᠭᠠᠵᠦ ᠴᠦ ᠮᠡᠳᠡᠨ᠎ᠡ᠂ ᠡᠶᠢᠮᠦ ᠠᠴᠠ ᠪᠠᠰᠠ ᠤᠨᠲᠠᠬᠤ ᠨᠢ ᠵᠢᠮ᠎ᠡ ᠬᠠᠤᠯᠢ ᠥᠬᠡᠶ ᠪᠣᠯᠪᠡᠯ ᠠᠯᠽᠧᠶ᠋ᠢᠮᠧᠷ ᠡᠪᠡᠳᠴᠢᠨ ᠳᠤ ᠨᠡᠷᠪᠡᠭᠳᠡᠬᠦ ᠲᠦᠭᠰᠢᠭᠦᠷᠢ ᠶᠢ ᠨᠡᠮᠡᠭᠳᠡᠭᠦᠯᠬᠦ ᠡᠰᠡᠬᠦ ᠶᠢ ᠴᠢᠨᠠᠬᠰᠢᠳᠠ ᠰᠤᠳᠤᠯᠬᠤ ᠴᠢᠬᠤᠯᠠᠲᠠᠶ ᠪᠠᠶᠢᠨ᠎ᠠ ᠬᠡᠵᠦ ᠬᠡᠯᠡᠪᠡ᠃
 
ᠢᠷᠡᠯᠲᠡ᠄ ᠠᠯᠠᠱᠨ ᠵᠡᠬᠦᠨ ᠬᠤᠰᠢᠭᠤᠨ ᠤ ᠠᠷᠠᠳ ᠤᠨ ᠵᠠᠰᠠᠭ ᠤᠨ ᠤᠷᠲᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号