ᠬᠤᠯᠨ ᠶᠢ ᠪᠠᠷᠠᠭᠠᠳᠠᠵᠦ ᠶᠠᠪᠤᠭᠰᠠᠭᠠᠷ ᠬᠠᠶᠢᠷᠠᠳᠠᠢ ᠡᠵᠢ ᠲᠠᠢ ᠪᠠᠨ ᠤᠴᠠᠷᠠᠯ᠎ᠠ | | | ᠬᠦᠪᠤᠯᠵᠡᠭᠰᠡᠨ ᠡᠬᠦᠯᠠᠨ ᠤ ᠲᠤᠮᠳᠠᠭᠤᠷ ᠬᠠᠷᠠᠭᠳᠠᠬᠤ ᠬᠦᠪᠴᠢᠯᠡᠭᠰᠡᠨ ᠬᠦᠭᠡ ᠠᠭᠤᠯᠨ ᠶᠢᠨ ᠪᠠᠷᠠᠭᠤᠨ | ᠦᠵᠦᠬᠦᠷ ᠲᠤ ᠪᠠᠶᠢᠭ᠎ᠠ ᠦᠨᠳᠡᠭᠡᠨ ᠴᠠᠭᠠᠨ ᠮᠤᠩᠭᠤᠯ ᠭᠡᠷ ᠲᠤ ᠤᠷᠤᠬᠤᠯᠠᠷ ᠡᠭᠡ ᠦᠬᠢᠨ ᠬᠤᠶᠠᠷ ᠠᠴᠠ ᠦᠭᠡᠷ᠎ᠠ | ᠬᠦᠮᠦᠨ ᠪᠠᠶᠢᠭᠰᠠᠨ ᠦᠭᠡᠢ᠃ ᠠᠶᠠᠨ ᠤ ᠵᠠᠮ ᠳᠤ ᠲᠡᠮᠡᠭᠡ ᠪᠠᠨ ᠠᠯᠳᠠᠵᠦ ᠬᠠᠶᠢᠵᠦ ᠲᠦᠭᠡᠷᠢᠭᠰᠡᠨ ᠢᠶᠠᠷ ᠤᠪᠯᠠᠨ ᠴᠠᠢ | ᠶᠢ ᠨᠢ ᠤᠤᠭᠤᠵᠦ ᠰᠠᠭᠤᠭ᠎ᠠ ᠱᠠᠯᠪᠢᠩ᠂ | —— ᠲᠠᠨ ᠤ ᠴᠢᠨᠢ ᠠᠯᠢ ᠬᠤᠰᠢᠭᠤ ᠨᠤᠲᠤᠭ ᠤᠨ ᠬᠠᠷᠢᠶᠠᠲᠤ ᠪᠤᠢ︖ ᠭᠡᠯ᠎ᠠ᠃ | —— ᠤᠷᠠᠳ ᠤᠨ ᠬᠤᠶᠢᠲᠤ ᠬᠦᠩ ᠤᠨ ᠬᠤᠰᠢᠭᠤᠨ ᠤ ᠠᠶᠢᠯ ᠪᠠᠶᠢᠨ᠎ᠠ ᠭᠡᠵᠦ ᠡᠭᠡ ᠨᠢ ᠭᠡᠯᠡᠭᠡᠳ᠂ ᠴᠠᠢ | ᠠᠶᠠᠭᠠᠯᠨ ᠭᠡᠳ ᠦᠬᠢᠨ ᠳᠡᠭᠡᠨ ᠨᠢᠲᠤ ᠪᠠᠷ ᠲᠤᠬᠢᠶᠠᠯᠠᠪᠠ᠃ | —— ᠵᠡᠬᠦᠨᠳᠡᠢ ᠬᠠᠷᠠᠭᠳᠠᠵᠦ ᠪᠠᠶᠢᠭ᠎ᠠ ᠬᠠᠷ᠎ᠠ ᠠᠭᠤᠯᠨ ᠶᠠᠮᠠᠷ ᠨᠠᠷᠠ ᠲᠠᠢ ᠪᠤᠢ︖ | —— ᠪᠠᠯ ᠠᠭᠤᠯᠨ ᠭᠡᠳᠡᠭ᠃ ᠮᠠᠨ ᠤ ᠬᠢ ᠨᠤᠲᠤᠭ ᠤᠨ ᠵᠠᠬ᠎ᠠ ᠪᠠᠷ ᠰᠠᠭᠤᠵᠦ ᠪᠠᠶᠢᠭ᠎ᠠ ᠶᠤᠮ᠃ ᠠᠳᠡ | ᠠᠴᠠ ᠪᠠᠷᠠᠭᠤᠨᠰᠢ ᠪᠠᠨ ᠠᠯᠠᠱᠨ ᠬᠤᠱᠤᠳ ᠤᠨ ᠬᠢᠵᠠᠭᠠᠷ ᠲᠤ ᠤᠷᠤᠨ᠎ᠠ᠃ | —— ᠪᠦᠬᠦᠯᠢ ᠰᠦᠨᠢ ᠪᠠᠷ ᠲᠦᠭᠡᠷᠢᠵᠦ ᠶᠠᠪᠤᠭᠠᠳ ᠬᠠᠮᠢᠭ᠎ᠠ ᠢᠷᠡᠭᠰᠡᠨ ᠢ ᠴᠤ ᠮᠡᠳᠡᠬᠦ ᠪᠠᠨ ᠪᠤᠯᠢᠯ᠎ᠠ᠃ | ᠨᠦᠬᠦᠳ ᠢᠶᠠᠨ ᠨᠢᠭᠡ ᠡᠲᠤᠷ ᠬᠦᠯᠢᠶᠠᠬᠦ ᠠᠴᠠ ᠦᠭᠡᠷ᠎ᠠ ᠠᠷᠭ᠎ᠠ ᠦᠭᠡᠢ ᠪᠤᠯᠵᠠᠢ ᠭᠡᠵᠦ ᠬᠤᠯᠠᠭᠠᠢ ᠵᠡᠯᠡᠭᠡᠢ ᠶᠢᠨ ᠮᠦᠷ | ᠢ ᠬᠤᠳᠠᠯ ᠦᠭᠡ ᠪᠠᠷ ᠪᠠᠯᠯᠠᠪᠠ ᠭᠡᠰᠡᠨ ᠱᠠᠯᠪᠢᠩ᠂ ᠡᠷᠬᠢᠬᠦᠦ ᠨᠤᠶᠢᠷ ᠲᠤ ᠨᠠᠮ ᠴᠤᠬᠢᠭᠳᠠᠨ ᠮᠠᠭᠤᠵᠢᠷᠠᠵᠦ ᠪᠠᠶᠢᠬᠤ | ᠪᠠᠨ ᠬᠠᠯᠬᠠᠯᠠᠭᠰᠠᠨ ᠴᠤ ᠬᠠᠵᠠᠭᠤᠯᠳᠠᠬᠤ ᠦᠭᠡᠢ ᠪᠠᠶᠢᠵᠦ ᠴᠢᠳᠠᠭᠰᠠᠨ ᠦᠭᠡᠢ᠃ | ᠡᠷᠡᠭᠲᠡᠢ ᠬᠦᠮᠦᠨ ᠤ ᠪᠠᠷᠬᠢᠯ ᠲᠠᠭᠤᠨ ᠳᠤ ᠰᠤᠴᠢᠨ ᠰᠡᠷᠢᠭᠡᠳ ᠨᠢᠲᠤ ᠵᠠᠪᠰᠠᠷᠯᠠᠨ ᠬᠠᠷᠠᠪᠠᠯ ᠨᠠᠷᠨ ᠬᠠᠨ᠎ᠠ ᠶᠢᠨ | ᠲᠤᠯᠤᠭᠠᠢ ᠲᠠᠪᠠᠵᠠᠢ᠃ | ᠬᠠᠩᠬᠠᠶᠢᠭᠰᠠᠨ ᠬᠠᠷ᠎ᠠ ᠡᠪᠤᠭᠡᠨ ᠬᠤᠶᠢᠮᠤᠷ ᠢᠶᠠᠨ ᠰᠠᠭᠤᠵᠦ ᠭᠠᠩᠰᠠ ᠲᠡᠮᠠᠬᠢ ᠪᠠᠨ ᠲᠠᠳᠠᠨ ᠠᠮᠨ ᠬᠠᠮᠠᠷ ᠢᠶᠠᠷ | ᠢᠶᠠᠨ ᠤᠲᠤᠭ᠎ᠠ ᠮᠠᠨᠠᠷᠠᠭᠤᠯᠤᠨ ᠪᠠᠶᠢᠵᠠᠢ᠃ | ᠵᠤᠯᠪᠢ ᠬᠠᠶᠢᠭᠰᠠᠨ ᠬᠦᠮᠦᠨ᠂ ᠲᠠᠯ᠎ᠠ ᠳᠤ ᠬᠠᠶᠢᠬᠤ ᠠᠴᠠ ᠪᠢᠰᠢ᠂ ᠠᠶᠢᠯ ᠳᠤ ᠰᠠᠭᠤᠭᠠᠳ ᠶᠠᠭᠤ ᠬᠢᠬᠦ ᠪᠤᠢ | ᠭᠡᠵᠦ ᠱᠠᠯᠪᠢᠩ ᠲᠡᠷᠨ ᠠᠶᠢᠯ ᠠᠴᠠ ᠮᠤᠷᠳᠠᠨ ᠶᠠᠪᠤᠵᠠᠢ᠃ | ᠬᠦᠦ ᠮᠢᠨᠢ ᠶᠠᠪᠤᠭᠠᠳ ᠤᠳᠠᠴᠢᠬᠠᠯ᠎ᠠ᠂ ᠰᠤᠷᠠᠭ ᠴᠤ ᠦᠭᠡᠢ᠂ ᠰᠡᠬᠦᠳᠡᠷ ᠴᠤ ᠦᠭᠡᠢ ᠵᠢᠯᠢᠢᠭᠡᠳ ᠭᠡᠲᠤᠨ | ᠰᠠᠷ᠎ᠠ᠂ ᠬᠠᠭᠠᠰ ᠵᠢᠯ ᠢᠯᠡᠬᠦᠦ ᠪᠤᠯᠴᠢᠬᠠᠯ᠎ᠠ᠂ ᠤᠲᠤ ᠪᠤᠯᠳᠠᠯ᠎ᠠ ᠬᠦᠷᠦᠭᠡᠳ ᠢᠷᠡᠳᠡᠭ ᠦᠭᠡᠢ ᠨᠢ ᠶᠠᠭᠤᠨ ᠰᠤᠨᠢᠨ | ᠵᠢᠭᠲᠡᠢ ᠭᠡᠷᠡᠭ ᠪᠤᠢ᠃ ᠰᠦᠨᠢ ᠬᠤᠳᠠ ᠶᠢᠨ ᠵᠠᠬ᠎ᠠ ᠳᠤ ᠬᠦᠮᠦᠨ ᠤ ᠬᠠᠨᠢᠶᠠᠬᠤ ᠲᠠᠭᠤᠨ ᠰᠤᠨᠤᠰᠤᠭᠳᠠᠪᠠ᠃ ᠬᠦᠦ | ᠮᠢᠨᠢ ᠬᠦᠷᠦᠭᠡᠳ ᠢᠷᠡᠪᠠ ᠤᠤ᠃ ᠪᠢᠰᠢ ᠪᠠᠶᠢᠵᠠᠢ᠂ ᠪᠠᠰᠠ ᠯᠨ ᠬᠤᠨᠢ ᠲᠤᠷᠬᠢᠯᠠᠵᠦ ᠰᠢᠤ᠃ ᠭᠡᠷ ᠤᠨ ᠬᠠᠶᠠᠭᠠᠨ | ᠳᠤ ᠬᠦᠯ ᠤᠨ ᠴᠢᠮᠡᠭᠡ ᠰᠤᠨᠤᠰᠳᠠᠯ᠎ᠠ᠂ ᠡᠨ᠋ᠨ ᠴᠤ ᠯᠠᠪ ᠲᠠᠢ ᠮᠦᠨ᠃ ᠡ ᠬᠠᠷᠠᠯᠨ᠂ ᠡᠷᠤᠭᠡᠨ ᠤᠭᠤᠰᠤᠷ ᠰᠠᠯᠬᠢᠨ | ᠳᠤ ᠲᠡᠷᠪᠡᠭᠡᠳ ᠪᠠᠶᠢᠬᠤ ᠪᠤᠯᠤᠯᠲᠡᠢ᠃ ᠭᠠᠯ ᠲᠠᠭᠤᠯᠠᠯ᠎ᠠ ᠰᠢᠥ ᠪᠠᠶᠢᠵᠠ᠂ ᠦᠭᠡᠬᠦ ᠲᠤᠰᠤ ᠡᠷᠬᠦᠶ᠎ᠠ᠂ ᠬᠦᠪᠠᠬᠦᠨ ᠢ | ᠮᠢᠨᠢ ᠡᠷᠳᠡᠭᠡᠨ ᠨᠠᠭᠠᠰᠢ ᠢᠷᠡᠬᠦᠯᠦᠭᠡᠴᠢ ︕ ᠭᠠᠯ ᠤᠨ ᠪᠤᠷᠬᠠᠨ ᠮᠢᠨᠢ ᠠᠪᠤᠭᠠᠷᠠᠢ ︕ ᠤᠸ᠋ᠮ ᠮᠨ ᠬᠤᠩ︕ | ᠤᠸ᠋ᠮ ᠮᠨ ᠬᠤᠩ ︕ ᠤᠸ᠋ᠮ ᠮᠨ ᠬᠤᠩ ︕ ᠭᠡᠳ ᠭᠠᠵᠠᠭ᠎ᠠ ᠭᠠᠷᠴᠦ ᠲᠤᠯᠤᠭᠠᠨ ᠪᠤᠷᠬᠠᠨ᠂ ᠬᠤᠷᠮᠤᠰᠳᠠ | ᠲᠡᠭᠷᠢ ᠳᠡᠭᠡᠨ ᠲᠠᠭᠠᠳᠬᠠᠨ ᠵᠠᠯᠪᠠᠷᠢᠵᠦ ᠮᠦᠷᠬᠦᠭᠡᠳ ᠭᠡᠪᠳᠡᠬᠦ ᠯᠨ ᠶᠤᠮ ᠪᠠ᠂ ᠤᠷᠲᠤ ᠰᠦᠨᠢ ᠶᠢ ᠪᠠᠰᠠᠯᠠ | ᠦᠩᠭᠡᠷᠡᠬᠦ ᠪᠤᠯᠤᠯ᠎ᠠ ᠳ᠋ᠠ᠃ | ᠡᠨ᠋ᠨ ᠮᠠᠭᠤ ᠬᠠᠷ᠎ᠠ ᠱᠠᠭᠠᠭ ᠴᠤ ᠬᠦᠷᠳᠡᠯ᠎ᠠ ᠱᠤᠨᠲᠤᠶᠢᠭᠠᠳ᠂ ᠶᠠᠭ ᠯᠨ ᠬᠦᠯ ᠳᠤ ᠤᠷᠤᠵᠦ ᠶᠠᠪᠤᠭ᠎ᠠ ᠬᠦᠦ | ᠮᠢᠨᠢ ᠰᠢᠭ᠋ ᠬᠠᠷᠠᠭᠳᠠᠨ᠎ᠠ ᠭᠡᠭᠴᠢ᠃ ᠮᠠᠭᠤ ᠡᠵᠢ ᠴᠤ ᠴᠢᠨᠢ ᠮᠠᠩᠭᠠᠲᠤᠷ ︵ᠮᠠᠷᠭᠠᠰᠢ︶ ᠦᠷᠦᠭᠡᠨ ᠪᠠᠰᠠ ᠯᠨ | ᠬᠤᠨᠤᠭᠤᠳᠠ ᠴᠠᠢ ᠪᠠᠨ ᠤᠤᠭᠤᠬᠤ ᠪᠤᠯᠤᠯ᠎ᠠ ᠪᠤᠯᠳᠠᠢ᠃ ᠬᠤᠭᠤᠯᠨ ᠤᠮᠳᠠᠭᠠᠨ ᠤ ᠰᠢᠪᠬᠠᠷᠤᠤ ᠴᠤ ᠶᠠᠭᠠᠬᠢᠬᠤ ᠪᠤᠢ᠂ | ᠦᠯ ᠲᠠᠷᠤᠳᠠᠭ ᠯᠨ ᠶᠤᠮ᠃ ᠬᠦᠦ ᠮᠢᠨᠢ ᠬᠦᠷᠴᠦ ᠢᠷᠡᠭᠡᠳ ᠬᠦᠯᠦᠰᠤᠨ ᠤ ᠦᠨᠦᠷ ᠢᠶᠠᠨ ᠨᠢᠭᠡ | ᠦᠨᠦᠷᠯᠡᠬᠦᠯᠴᠢᠭᠡᠪᠠᠯ ᠡᠯᠢᠭᠡ ᠵᠢᠷᠤᠭᠡ ᠮᠢᠨᠢ ᠲᠠᠶᠢᠳᠬᠤᠷᠠᠬᠤ ᠰᠠᠨ᠂᠂᠂᠂ | ᠭᠠᠳᠠᠭ᠎ᠠ ᠨᠢ ᠲᠦᠰ ᠬᠢᠬᠦ ᠰᠢᠭ ᠪᠤᠯᠪᠠ᠃ ᠨᠠᠭᠤᠷ ᠤᠨ ᠤᠰᠤ ᠮᠦᠰᠦ ᠲᠡᠯᠪᠠᠷᠡᠵᠦ ᠪᠠᠶᠢᠭ᠎ᠠ ᠪᠢᠵᠠ ᠭᠡᠳᠡᠯ᠎ᠠ | ᠬᠦᠮᠦᠨ ᠬᠠᠨᠢᠶᠠᠭᠠᠳ ᠬᠦᠦ ᠨᠢ ᠤᠷᠤᠵᠦ ᠢᠷᠡᠯ᠎ᠠ᠃ | —— ᠡᠵᠢ ᠮᠢᠨᠢ ᠰᠠᠶᠢᠬᠠᠨ ᠰᠠᠭᠠᠳᠠᠵᠦ ᠪᠠᠶᠢᠪᠠ ᠤᠤ ᠭᠡᠳ ᠬᠦᠦ ᠨᠢ ᠬᠦᠯᠦᠰᠤ ᠪᠠᠨ ᠠᠷᠴᠢᠨ | ᠢᠨᠢᠶᠡᠮᠰᠦᠭᠯᠡᠪᠠ᠃ ᠮᠠᠨᠲᠤ ᠰᠠᠶᠢᠨ ᠪᠠᠶᠢᠵᠦ᠂ ᠭᠠᠷ ᠬᠦᠯ ᠪᠦᠲᠤᠨ᠂ ᠬᠦᠳᠡᠷ ᠴᠢᠬᠢᠷᠠᠭ ᠭᠡᠪ ᠢᠶᠠᠷ ᠢᠶᠠᠨ ᠬᠠᠨᠠᠷᠠᠨ | ᠪᠠᠶᠢᠪᠠᠴᠦ ᠴᠢᠷᠠᠢ ᠨᠢ ᠬᠠᠷᠠᠯᠠᠨ ᠬᠠᠴᠠᠷ ᠨᠢ ᠰᠢᠭᠤᠭᠳᠠᠭᠰᠠᠨ ᠭᠡᠮᠡᠷ ᠰᠠᠭᠤᠷᠢ ᠶᠠᠭᠡᠲᠡᠢ ᠬᠠᠮᠠᠷ ᠨᠢ ᠰᠡᠬᠦᠳᠡᠷ | ᠲᠠᠳᠠᠭᠠᠳ᠂ ᠦᠷᠦ ᠡᠪᠠᠳᠬᠦ ᠪᠤᠯᠪᠠᠴᠦ ᠵᠢᠷᠤᠭᠡᠨ ᠠᠴᠠ ᠶᠠᠭᠤ ᠨᠢᠭᠡ ᠶᠢ ᠠᠪᠴᠦ ᠬᠠᠶᠠᠭᠰᠠᠨ ᠮᠡᠲᠤ ᠲᠤᠲᠤᠷ᠎ᠠ ᠨᠢ | ᠤᠩᠭᠤᠶᠢᠭᠰᠠᠨ ᠡᠭᠡ ᠨᠢ ᠪᠠᠶᠠᠰᠤᠨ ᠮᠦᠰᠢᠶᠠᠵᠠᠢ᠃ | —— ᠰᠠᠶᠢᠨ ᠰᠠᠭᠤᠵᠦ ᠪᠠᠶᠢᠯ᠎ᠠ᠂ ᠰᠠᠨᠠᠭ᠎ᠠ ᠪᠠᠭ᠋ᠠᠨ ᠵᠤᠪᠠᠯ᠎ᠠ᠂ ᠬᠦᠦ ᠮᠢᠨᠢ ᠰᠠᠶᠢᠨ ᠶᠠᠪᠤᠪᠠ ᠤᠤ︖ | ᠬᠠᠮᠢᠭ᠎ᠠ ᠬᠦᠷᠦᠭᠡᠳ ᠢᠷᠡᠪᠠ ᠳ᠋ᠠ︖ | —— ᠠᠷᠤ ᠬᠠᠯᠬ᠎ᠠ ᠪᠠᠷ ᠡᠷᠭᠢᠭᠡᠳ ᠢᠷᠡᠯ᠎ᠠ᠂ ᠡᠵᠢ ᠲᠠ ᠤᠷᠤᠢ ᠶᠢᠨ ᠪᠤᠳᠠᠭ᠎ᠠ ᠪᠠᠨ ᠢᠳᠡᠭᠡᠲᠤᠢ | ᠬᠤᠭᠤᠰᠤᠨ ᠢᠶᠠᠷ ᠬᠦᠯᠢᠶᠠᠵᠦ ᠰᠠᠭᠤᠨ᠎ᠠ ᠤᠤ︖ | —— ᠤᠲᠤ ᠯᠨ ᠴᠤᠬᠤᠮ ᠶᠠᠭᠤᠮ᠎ᠠ ᠢᠳᠡᠮᠠᠷ ᠪᠠᠶᠢᠨ᠎ᠠ᠃ ᠴᠢ ᠪᠠᠰᠠ ᠬᠤᠭᠤᠰᠤᠨ ᠢᠶᠠᠷ ᠲᠠᠨᠤᠵᠦ ᠶᠠᠪᠤᠭ᠎ᠠ | ᠪᠢᠵᠠ᠃ ᠠᠯᠢ ᠬᠦᠦ ᠮᠢᠨᠢ ᠴᠠᠢ᠃ | ᠬᠦᠦ ᠨᠢ ᠲᠤᠰᠴᠦ ᠠᠪᠤᠭᠰᠠᠨ ᠠᠶᠠᠭ᠎ᠠ ᠪᠠᠨ ᠲᠠᠯᠪᠢᠭᠠᠳ ᠲᠠᠪᠬᠢᠨ ᠭᠠᠷᠤᠯ᠎ᠠ᠃ | —— ᠦᠭᠡᠢ ᠡᠨ᠋ᠨ ᠴᠢᠨᠢ ᠬᠦᠷᠤᠭᠡᠰᠤᠨ ᠤ ᠮᠢᠬ᠎ᠠ ᠪᠢᠰᠢ ᠯᠨ ᠪᠠᠶᠢᠨ᠎ᠠ᠂ ᠴᠢ ᠮᠢᠨᠢ ᠶᠠᠭᠤ ᠪᠠᠨ ᠠᠪᠴᠦ | ᠠᠪᠴᠢᠷᠠᠪᠠ︖ | —— ᠦᠭᠡᠷ ᠤᠨ ᠮᠢᠬ᠎ᠠ ᠤᠯᠵᠦ ᠢᠷᠡᠯ᠎ᠠ᠃ | —— ᠠ ᠬᠠᠶᠢᠷᠬᠠᠨ ᠡ᠂ ᠦᠭᠡᠷ ᠤᠨ ᠮᠢᠬ᠎ᠠ ᠤᠯᠵᠦ ᠬᠦᠷᠳᠡᠨ᠎ᠠ ᠭᠡᠭᠴᠢ ᠬᠠᠮᠢᠭ᠎ᠠ ᠪᠤᠢ᠃ ᠬᠦᠦ ᠮᠢᠨᠢ | ᠠᠶᠢᠯ ᠳᠤ ᠦᠭᠡᠷ ᠵᠠᠷᠤᠪᠠ ᠤᠤ︖ | ᠠᠶᠢᠯ ᠳᠤ ᠦᠭᠡᠷ ᠵᠠᠷᠤᠭᠰᠠᠨ ᠬᠦᠮᠦᠨ ᠠᠷᠠᠰᠤ ᠶᠢ ᠨᠢ ᠲᠦᠭᠡ ᠬᠢᠷᠢᠲᠡᠢ ᠤᠭᠲᠤᠯᠵᠦ ᠠᠪᠬᠤ ᠠᠴᠠ ᠭᠠᠳᠠᠨ᠎ᠠ | ᠠᠮᠠᠨ ᠬᠦᠵᠦᠬᠦᠦ᠂ ᠠᠳᠠᠭ ᠰᠡᠭᠡᠷ ᠡᠬᠢᠨ ᠨᠢᠷᠤᠭᠤ᠂ ᠪᠤᠭᠤᠨᠢ ᠬᠠᠪᠢᠷᠭ᠎ᠠ ᠭᠡᠳ ᠲᠠᠯ᠎ᠠ ᠪᠦᠷᠢ ᠠᠴᠠ ᠨᠢ ᠵᠢᠭᠠᠬᠠᠨ | ᠠᠪᠳᠠᠭ ᠶᠤᠰᠤᠲᠡᠢ ᠭᠡᠵᠦ ᠡᠭᠡ ᠨᠢ ᠲᠡᠭᠡᠵᠦ ᠪᠤᠲᠤᠭᠰᠠᠨ ᠪᠠᠶᠢᠵᠠᠢ᠃ | ᠬᠦᠦ ᠨᠢ ᠬᠠᠷᠢᠨ ᠲᠤᠬᠤ ᠪᠠᠨ ᠮᠠᠭᠠᠵᠢᠵᠦ ᠢᠨᠢᠶᠡᠮᠰᠦᠭᠯᠡᠭᠡᠳ᠂ ᠠᠷᠭᠠᠯᠢ ᠠᠩᠨᠠᠭᠰᠠᠨ᠂ ᠠᠲᠤᠭᠤ ᠬᠦᠭᠡᠭᠡᠭᠰᠡᠨ᠂ | ᠦᠭᠡᠷ ᠬᠤᠯᠠᠭᠠᠶᠢᠯᠠᠭᠰᠠᠨ᠂ ᠮᠢᠬ᠎ᠠ ᠠᠪᠤᠭᠰᠠᠨ ᠠᠯᠢ ᠪᠠᠶᠢᠭᠰᠠᠨ ᠢᠶᠠᠨ ᠦᠨ᠋ᠨᠨ ᠢᠶᠠᠷ ᠨᠢ ᠲᠤᠭᠠᠴᠢᠨ ᠶᠠᠷᠢᠭᠠᠳ᠂ | ᠬᠦᠮᠦᠨ ᠤ ᠨᠢᠭᠤᠴᠠ ᠶᠢ ᠵᠠᠳᠠᠷᠠᠭᠤᠯᠬᠤ ᠦᠭᠡᠢ ᠭᠡᠵᠦ ᠲᠡᠭᠷᠢ ᠲᠤ ᠲᠠᠩᠭᠠᠷᠢᠭ ᠲᠠᠯᠪᠢᠨ ᠠᠮᠠᠯᠲᠤᠭᠰᠠᠨ ᠶᠤᠮ ᠭᠡᠳ | ᠠᠭᠤᠴᠢᠯᠠᠯ ᠬᠦᠰᠡᠭᠰᠡᠨ ᠬᠠᠷᠠᠴᠠ ᠪᠠᠷ ᠡᠵᠢ ᠪᠠᠨ ᠰᠢᠷᠳᠡᠵᠦ᠂ ᠮᠢᠬ᠎ᠠ ᠲᠡᠶᠢᠯᠤᠩᠬᠦᠢ ᠠᠶᠠᠭ᠎ᠠ ᠲᠠᠢ ᠪᠤᠳᠠᠭ᠎ᠠ ᠪᠠᠨ | ᠲᠤᠰᠤᠨ ᠠᠪᠤᠯ᠎ᠠ᠃ | —— ᠬᠦᠮᠦᠨ ᠬᠠᠷᠢᠶᠠᠪᠠᠯ ᠠᠮᠨ ᠰᠤᠨᠳᠠᠭ᠂ ᠬᠤᠯᠠᠭᠠᠢ ᠬᠢᠪᠠᠯ ᠭᠠᠷ ᠰᠤᠨᠳᠠᠭ ᠶᠤᠮ ᠳ᠋ᠠ᠃ ᠬᠦᠦ ᠮᠢᠨᠢ | ᠶᠠᠭᠤᠨ ᠳᠤ ᠢᠢᠮᠤ ᠪᠤᠵᠠᠷ ᠨᠢᠬᠦᠯ ᠲᠠᠢ ᠶᠠᠭᠤᠮ᠎ᠠ ᠶᠢ ᠬᠢᠭᠰᠡᠨ ᠪᠤᠢ᠂ ᠨᠢᠭᠡ ᠦᠭᠡᠷ ᠢ ᠭᠤᠷᠪᠠ ᠲᠠᠬᠢᠨ ᠢᠶᠠᠷ | ᠲᠦᠯᠦᠵᠦ ᠦᠭᠬᠦᠭᠰᠡᠨ ᠪᠤᠯ ᠨᠢᠬᠦᠯ ᠨᠢᠮᠭᠡᠷᠡᠬᠦ ᠪᠢᠵᠠ᠂ ᠲᠡᠭᠡᠪᠠᠴᠦ ᠲᠠᠬᠢᠵᠦ ᠯᠨ ᠪᠢᠳᠡᠭᠡᠢ ᠬᠦᠮᠦᠨ ᠤ ᠶᠠᠭᠤᠮᠠᠨ ᠳᠤ | ᠭᠠᠷ ᠬᠦᠷᠭᠡ ᠳ᠋ᠠ᠃ ᠬᠤᠭᠤᠯᠨ ᠪᠤᠯᠬᠤ ᠦᠭᠡᠢ ᠬᠤᠤᠷ ᠪᠤᠯᠬᠤ ᠴᠤ ᠭᠠᠶᠢᠭᠤᠢ᠂ ᠶᠠᠭᠤᠮ᠎ᠠ ᠪᠠᠨ ᠠᠯᠳᠠᠭᠰᠠᠨ | ᠬᠦᠮᠦᠨ ᠠᠷᠪᠠᠨ ᠠᠶᠤᠯ ᠲᠠᠢ᠂ ᠠᠪᠤᠭᠰᠠᠨ ᠬᠦᠮᠦᠨ ᠨᠢᠭᠡ ᠠᠶᠤᠯ ᠲᠠᠢ ᠭᠡᠳᠡᠭ ᠶᠤᠮ᠂ ᠠᠳᠠᠭ ᠰᠡᠬᠦᠯ ᠳᠤ ᠦᠪᠠᠷ | ᠢᠶᠠᠨ ᠴᠤ ᠲᠠᠮᠤ ᠳᠤ ᠤᠨᠠᠨ᠎ᠠ ᠰᠢᠤ᠃ | ᠬᠦᠦ ᠶᠢᠨ ᠢᠶᠠᠨ ᠮᠦᠩᠬᠦ ᠡᠪᠤᠷᠲᠤᠯᠠᠵᠦ ᠮᠢᠬ᠎ᠠ ᠡᠬᠦᠷᠤᠭᠡᠳ ᠢᠷᠡᠭᠰᠡᠨ ᠳᠤᠨᠢ ᠭᠡᠲᠤᠢ ᠪᠠᠷ ᠪᠠᠶᠠᠷᠯᠠᠭᠰᠠᠨ | ᠪᠤᠯᠪᠠᠴᠦ ᠡᠭᠡ ᠨᠢ ᠡᠲᠤᠷ ᠦᠨᠵᠢᠯ ᠦᠭᠡᠢ ᠰᠠᠨᠠᠭ᠎ᠠ ᠠᠯᠳᠠᠨ ᠰᠠᠭᠤᠳᠠᠭ ᠪᠤᠯᠵᠠᠢ᠃ ᠭᠡᠲᠤᠨ ᠡᠲᠤᠷ ᠤᠨ ᠡᠮᠤᠨ᠎ᠠ | ᠨᠤᠷᠲᠤᠭ ᠢᠷᠡᠭᠡᠳ ᠶᠠᠪᠤᠬᠤ ᠳᠠᠭᠠᠨ᠂ ᠮᠢᠭᠳᠡᠷᠢ ᠶᠢ ᠭᠠᠳᠠᠭ᠎ᠠ ᠪᠠᠨ ᠠᠪᠠᠴᠢᠵᠦ ᠬᠤᠨᠢᠴᠢᠨ ᠢᠶᠠᠨ ᠪᠤᠯᠭᠠᠨ᠎ᠠ᠂ ᠦᠭᠡᠢ | ᠪᠤᠯ ᠮᠠᠯ ᠢᠶᠠᠨ ᠪᠤᠴᠠᠭᠠᠵᠦ ᠠᠪᠤᠨ᠎ᠠ ᠭᠡᠳ ᠰᠢᠲᠤ ᠵᠠᠭᠤᠵᠦ ᠪᠠᠶᠢᠭᠰᠠᠨ ᠢ ᠬᠦᠦ ᠳᠡᠭᠡᠨ ᠭᠡᠯᠡᠵᠦ ᠴᠢᠳᠠᠭ᠎ᠠ ᠦᠭᠡᠢ᠃ | —— ᠡᠵᠢ ᠶᠠᠭᠤᠨ ᠳᠤ ᠰᠠᠨᠠᠭ᠎ᠠ ᠠᠯᠳᠠᠭᠠᠳ ᠪᠠᠶᠢᠨ᠎ᠠ ᠪᠤᠢ︖ | —— ᠦᠭᠡᠢ ᠪᠢᠵᠠ᠃ ᠦᠭᠡᠢ ᠴᠤ ᠭᠡᠵᠦ ᠨᠤᠷᠳᠤᠭ ᠤᠨ ᠬᠠᠶᠠᠭᠠᠨ ᠳᠤ ᠪᠠᠭᠤᠬᠤ ᠦᠭᠡᠢ ᠪᠠᠶᠢᠬᠤ ᠶᠢᠨ | ᠠᠷᠭ᠎ᠠ ᠦᠭᠡᠢ ᠪᠤᠯᠵᠠᠢ᠃ | —— ᠬᠦᠮᠦᠨ ᠤ ᠬᠠᠶᠠᠭ᠎ᠠ ᠲᠦᠰᠢᠬᠦ ᠦᠭᠡᠢ ᠴᠤ ᠭᠡᠰᠡᠨ ᠪᠢᠳᠡ ᠠᠮᠢᠲᠤᠷᠠᠵᠦ ᠴᠢᠳᠠᠨ᠎ᠠ᠃ | —— ᠬᠤᠶᠠᠷ ᠵᠢᠯ ᠪᠤᠯᠤᠭᠠᠳ ᠨᠤᠶᠢᠲᠠᠨ ᠬᠠᠮᠬᠤᠤᠯ ᠠᠴᠠ ᠬᠤᠯᠨ ᠵᠠᠶᠢᠯᠠᠶ᠎ᠠ᠃ ᠭᠡᠲᠤᠨ ᠮᠠᠯ ᠢᠶᠠᠨ | ᠵᠢᠭᠤᠷᠠᠯᠲᠤᠵᠦ ᠪᠠᠶᠢᠭᠰᠠᠨ ᠴᠠᠭ ᠲᠤ ᠬᠠᠮᠢᠭ᠎ᠠ ᠪᠠᠶᠢᠭᠰᠠᠨ ᠴᠤ ᠠᠳᠠᠯᠢ ᠪᠢᠵᠠ᠃ | —— ᠮᠠᠨ ᠤ ᠬᠤᠳᠠ ᠶᠢ ᠬᠠᠷᠠᠯᠠᠭᠤᠯᠤᠭᠰᠠᠨ ᠶᠤᠮ ᠴᠢᠨᠢ ᠬᠤᠨᠢ ᠮᠠᠯ ᠢᠶᠠᠨ ᠲᠠᠭᠤᠭᠠᠳ ᠬᠤᠯᠨ ᠶᠠᠪᠤᠶ᠎ᠠ᠃ | —— ᠲᠡᠭᠡᠵᠦ ᠪᠤᠯᠬᠤ ᠦᠭᠡᠢ ᠰᠢᠤ᠂ ᠬᠦᠦ ᠮᠢᠨᠢ᠃ ᠲᠡᠮᠡᠭᠡᠨ ᠬᠦᠵᠦᠬᠦᠦ ᠤᠷᠲᠤ ᠪᠤᠯᠪᠠᠴᠦ ᠵᠢᠷᠭᠤᠭᠠᠨ | ᠦᠶ᠎ᠠ ᠲᠠᠢ᠂ ᠲᠠᠤᠯᠠᠢ ᠶᠢᠨ ᠰᠡᠬᠦᠯ ᠤᠬᠤᠷ ᠪᠤᠯᠪᠠᠴᠦ ᠶᠠᠰᠤ ᠲᠠᠢ ᠰᠢᠤ᠃ ᠪᠤᠯᠬᠤ ᠪᠠᠷ ᠪᠤᠲᠤᠭᠰᠠᠨ ᠴᠤ ᠬᠦᠭᠡᠭᠡ | ᠡᠪᠤᠯ ᠤᠨ ᠳ᠋ᠦᠩ ᠳᠤ ᠬᠠᠮᠢᠭ᠎ᠠ ᠨᠡᠬᠦᠨᠠ ᠪᠤᠢ᠂ ᠦᠴᠦᠭᠡᠳᠦᠷ ᠰᠦᠨᠢ ᠶᠢᠨ ᠡᠨ᠋ᠨ ᠴᠠᠰᠤᠨ ᠤ ᠲᠠᠷᠤᠭᠰᠠᠨ ᠭᠡᠵᠦ ᠡ᠃ | ᠪᠤᠳᠠ ᠮᠠᠯ ᠪᠤᠯ ᠪᠠᠰᠠ ᠨᠢᠭᠡ ᠤᠬᠠᠭᠠᠨ ᠪᠤᠢ᠃ ᠪᠤᠭ ᠮᠠᠯ ᠢ ᠬᠠᠰᠢᠶᠠᠨ ᠠᠴᠠ ᠰᠠᠯᠭᠠᠪᠠᠯ ᠲᠤᠷᠠᠰᠬ᠎ᠠ ︵ᠠᠷᠠᠰᠤ︶ | ᠶᠢ ᠨᠢ ᠬᠠᠭᠤᠯᠤᠨ᠎ᠠ ᠯᠨ ᠭᠡᠰᠡᠨ ᠦᠭᠡ᠃ ᠭᠡᠨ ᠤ ᠴᠤ ᠪᠤᠯᠤᠭ᠂ ᠬᠠᠯᠠᠭᠤᠨ ᠬᠤᠰᠢᠭᠤᠳᠠᠨ ᠢ ᠲᠡᠭᠡᠵᠦ ᠲᠠᠮᠤᠯᠠᠭᠠᠳ | ᠶᠠᠭᠠᠬᠢᠨ᠎ᠠ ᠳ᠋ᠠ᠃ | —— ᠲᠡᠭᠡᠪᠠᠯ ᠬᠠᠪᠤᠷ ᠪᠤᠯᠤᠭᠠᠳ ᠰᠡᠪ ᠮᠡᠳᠡᠭᠳᠡᠯ ᠦᠭᠡᠢ ᠨᠡᠬᠦᠵᠦ ᠶᠠᠪᠤᠶ᠎ᠠ᠃ | —— ᠴᠢ ᠪᠢᠳᠡ ᠬᠤᠶᠠᠷ ᠤᠨ ᠴᠢᠷᠠᠢ ᠪᠠᠷ ᠬᠦᠮᠦᠨ ᠤ ᠠᠯᠠᠭᠠᠨ ᠠᠴᠠ ᠭᠠᠷᠴᠦ ᠴᠢᠳᠠᠬᠤ ᠪᠤᠯᠪᠠ ᠤᠤ᠂ | ᠲᠡᠬᠦᠨ ᠤ ᠤᠷᠤᠨ ᠳᠤ ᠰᠢᠯᠤᠭᠤᠬᠠᠨ ᠲᠠᠨᠤᠪᠠᠯ ᠲᠡᠭᠡᠷ᠎ᠠ ᠪᠤᠢ᠃ | ᠡᠭᠡ ᠬᠦᠪᠠᠬᠦᠨ ᠬᠤᠶᠠᠷ ᠢᠩᠬᠢᠵᠦ ᠭᠡᠯᠡᠯᠴᠡᠭᠡᠳ ᠬᠦᠦ ᠨᠢ ᠭᠠᠭᠴᠠ ᠲᠡᠮᠡᠭᠡ ᠪᠠᠨ ᠬᠦᠲᠤᠯᠵᠦ᠂ ᠬᠦᠨᠠᠰᠤ | ᠤᠯᠵᠦ ᠢᠷᠡᠬᠦ ᠪᠠᠷ ᠬᠤᠯᠨ ᠶᠢᠨ ᠠᠶᠠᠨ ᠳᠤ ᠭᠠᠷᠴᠠᠢ᠃ ᠭᠡᠲᠤᠨ ᠡᠲᠤᠷ ᠶᠠᠪᠤᠭᠠᠳ ᠲᠠᠷᠢᠶᠠᠯᠠᠩ ᠤᠨ ᠠᠰᠠᠷ ᠲᠤ | ᠬᠦᠷᠦᠭᠡᠳ ᠠᠪᠴᠦ ᠶᠠᠪᠤᠭ᠎ᠠ ᠮᠦᠩᠬᠦ ᠪᠠᠷ ᠢᠶᠠᠨ ᠬᠤᠶᠠᠷ ᠰᠤᠮᠠᠯ ᠪᠤᠳᠠᠭ᠎ᠠ ᠰᠤᠯᠢᠵᠦ ᠠᠪᠴᠦ ᠢᠷᠡᠭᠡᠳ ᠡᠵᠢ ᠲᠠᠢ | ᠪᠠᠨ ᠠᠮᠢᠲᠤᠷᠠᠵᠦ ᠰᠠᠭᠤᠵᠦ ᠪᠠᠶᠢᠵᠠᠢ᠃ ᠡᠬᠦᠨ ᠤ ᠵᠡᠷᠭᠡᠴᠡᠭᠡ ᠪᠠᠷ ᠵᠡᠭᠡᠷ᠎ᠠ ᠬᠦᠷᠦᠭᠡᠰᠤ᠂ ᠦᠨᠡᠭᠡ ᠲᠠᠤᠯᠠᠢ ᠠᠯᠠᠵᠦ | ᠠᠩ ᠬᠦᠷᠦᠭᠡ ᠬᠢᠵᠦ᠂ ᠬᠦᠮᠦᠨ ᠤ ᠪᠠ ᠦᠪᠠᠷ ᠤᠨ ᠭᠡᠲᠤᠨ ᠲᠡᠮᠡᠭᠡ ᠪᠠᠨ ᠬᠦᠲᠤᠯᠤᠨ ᠠᠶᠠᠨ ᠶᠠᠪᠤᠵᠦ ᠲᠠᠪᠤᠰᠤ | ᠲᠡᠭᠡᠭᠡᠪᠤᠷᠢᠯᠠᠨ ᠠᠮᠢᠲᠤᠷᠠᠵᠦ ᠪᠠᠶᠢᠵᠠᠢ᠃ | ︵ᠦᠷᠭᠦᠯᠵᠢᠯᠡᠯ᠄ ᠮᠢᠭᠳᠡᠷᠢ ᠬᠦᠦ ᠪᠠᠨ ᠦᠰᠭᠡᠵᠦ ᠭᠤᠯᠤᠮᠳᠠ ᠪᠠᠨ ᠤᠯᠠᠮᠵᠢᠯᠠᠭᠰᠠᠨ︶ | |