ᠮᠤᠲ᠋ᠤᠷ ᠢᠶᠠᠷ ᠯᠾᠠᠰᠠ ᠵᠦᠭ
ᠨᠡᠶᠢᠲᠡᠯᠡᠭᠰᠡᠨ ᠴᠠᠭ᠄
2021/7/14
      ︽᠁ ᠮᠤᠲ᠋ᠤᠷ ᠲᠡᠷᠭᠡ ᠪᠠᠷ 11 ᠡᠳᠤᠷ ᠲᠤ 7000 ᠺᠢᠯᠤᠮᠧᠲᠷ ᠠᠶᠠᠯᠠᠯ᠎ᠠ︾ ᠭᠡᠳ ᠤᠷᠬᠢᠯ ᠮᠠᠨᠢ ᠠᠵᠢᠯ ᠤᠨ ᠴᠢᠯᠦᠭᠡ ᠪᠠᠷ ᠠᠯᠤᠰ ᠬᠤᠯᠠ ᠯᠾᠠᠰᠠ ᠬᠤᠲᠠ ᠶᠢ ᠵᠤᠷᠢᠭᠰᠠᠨ ᠢᠶᠠᠨ ᠡᠷᠬᠢᠴᠡᠬᠦᠯᠦᠨ ᠬᠠᠨᠤᠮᠵᠢᠲᠠᠶᠢᠬᠠᠨ ᠢᠨᠢᠶᠡᠨ᠎ᠡ᠃ ᠤᠷᠬᠢᠯ ᠪᠣᠯ ᠠᠯᠠᠱᠠ ᠠᠶᠢᠮᠠᠭ ᠤᠨ ︽ᠱᠤᠩᠬᠤᠷ︾ ᠰᠤᠷᠭᠠᠨ ᠬᠦᠮᠦᠵᠢᠯ ᠬᠡᠮᠡᠬᠦ ᠡᠵᠡᠩᠨᠡᠯᠳᠡ ᠶᠢᠨ ᠭᠠᠵᠠᠷ ᠤᠨ ᠬᠠᠷᠢᠭᠤᠴᠠᠯᠭᠠᠲᠠᠨ ᠤ ᠨᠢᠬᠡ᠂ ᠦᠪᠡᠷ ᠲᠡᠭᠡᠨ ᠤᠶᠢᠯᠡᠰ ᠪᠤᠰᠬᠠᠵᠦ ᠶᠠᠪᠤᠭ᠎ᠠ ᠠᠪᠢᠶᠠᠰᠤᠯᠢᠭ ᠵᠠᠯᠠᠭᠤ ᠶᠤᠮ ᠃ ᠤᠶᠢᠷ᠎ᠡ ᠳᠤ ᠲᠡᠷᠡ ᠮᠠᠨᠢ ᠭᠠᠭᠴᠠᠭᠠᠷ ᠮᠤᠲ᠋ᠤᠷ ᠤᠨᠤᠵᠦ᠂ ᠠᠯᠤᠰ ᠬᠤᠯᠠ ᠯᠾᠠᠰᠠ ᠬᠤᠲᠠ ᠳᠤ ᠬᠦᠷᠴᠦ᠂ ᠭᠠᠨᠵᠤᠭ᠎ᠠ ᠲᠦᠭᠦᠷᠡᠩ ᠬᠠᠷᠢᠵᠦ ᠢᠷᠡᠵᠡᠢ᠃ ︽ᠵᠠᠮ ᠵᠠᠭᠤᠷ᠎ᠡ ᠪᠤᠷᠤᠭᠠᠨ ᠲᠠᠢ᠂ ᠮᠦᠨᠳᠦᠷ ᠲᠠᠢ᠂ ᠬᠠᠶᠠ ᠨᠢᠭᠡ ᠴᠠᠰᠦ ᠲᠤᠬᠢᠶᠠᠯᠳᠤᠭᠰᠠᠨ ᠴᠤ ᠮᠠᠰᠢ ᠤᠳᠬ᠎ᠠ ᠠᠭᠤᠯᠭ᠎ᠠ ᠲᠠᠢ ᠠᠶᠠᠯᠠᠯ ᠪᠤᠯᠤᠯ᠎ᠠ︾ ᠭᠡᠵᠦ ᠲᠡᠷᠡ ᠮᠠᠨᠢ ᠶᠠᠷᠢᠨ᠎ᠡ᠃       ᠶᠡᠷᠤᠨᠢ ᠮᠤᠲ᠋ᠤᠷ ᠢᠶᠠᠷ ᠠᠶᠠᠯᠠᠬᠤ ᠳᠤ ᠮᠠᠰᠢ ᠲᠤᠷ᠎ᠡ ᠪᠠᠭ᠋ᠠᠲᠠᠢ ᠪᠠᠶᠢᠭᠰᠠᠨ ᠳᠠᠭᠠᠨ ᠤᠷᠬᠢᠯ ᠮᠠᠨᠢ ᠨᠢᠳᠤᠨᠤᠨ ᠤ ᠠᠷᠪᠠᠨ ᠰᠠᠷ᠎ᠠ ᠳᠤ ᠮᠤᠲ᠋ᠤᠷ ᠲᠡᠷᠭᠡᠨ ᠤ ᠦᠨᠡᠮᠯᠡᠯ ᠰᠢᠯᠭᠠᠵᠦ ᠠᠪᠤᠭᠠᠳ ᠦᠨᠦ ᠵᠢᠯ ᠤᠨ ᠭᠤᠷᠪᠠᠨ ᠰᠠᠷ᠎ᠠ ᠳᠤ ᠰᠠᠨᠠᠭᠠᠨ ᠳᠤ ᠲᠠᠭᠠᠷᠠᠭᠰᠠᠨ ᠮᠤᠲ᠋ᠤᠷ ᠲᠡᠷᠭᠡ ᠲᠠᠢ ᠪᠤᠯᠵᠦ᠂ ᠮᠦᠨ ᠮᠤᠲ᠋ᠤᠷ ᠲᠡᠷᠭᠡᠨ ᠤ ᠠᠶᠠᠯᠠᠯ ᠢᠶᠠᠨ ᠡᠵᠡᠨ᠎ᠡ ᠬᠤᠰᠢᠭᠤ᠂ ᠭᠠᠨ ᠨᠠᠨ ᠵᠡᠷᠭᠡ ᠭᠠᠵᠠᠷ ᠢᠶᠠᠷ ᠡᠬᠢᠯᠡᠬᠦᠯᠦᠨ ᠭᠠᠷ ᠲᠠᠰᠬᠠᠵᠦ᠂ ᠲᠤᠷᠰᠢᠯᠭ᠎ᠠ ᠬᠤᠷᠠᠮᠳᠤᠭᠤᠯᠤᠭᠰᠠᠨ ᠪᠠᠶᠢᠯ᠎ᠠ᠃ ᠲᠦᠷᠦᠬᠦᠴᠢ ᠶᠢᠨ ᠬᠡᠳᠦ ᠤᠳᠠᠭᠠᠨ ᠤ ᠠᠶᠠᠯᠠᠯ ᠮᠠᠰᠢ ᠠᠶᠠᠲᠠᠢ ᠰᠠᠨᠠᠭᠳᠠᠬᠤ ᠪᠠᠷ ᠲᠡᠬᠦᠨ ᠳᠤ ︽ᠯᠾᠠᠰᠠ ᠬᠤᠲᠠ ᠶᠢ ᠵᠤᠷᠢᠶ᠎ᠡ᠂ ᠪᠤᠳᠠᠯᠠ ᠤᠷᠳᠤᠨ ᠢ ᠬᠠᠷᠠᠶ᠎ᠠ︾ ᠭᠡᠬᠦ ᠪᠤᠳᠤᠯ ᠲᠦᠷᠤᠵᠦ᠂ ᠰᠠᠷ᠎ᠠ ᠶᠢᠨ ᠲᠦᠷᠦᠭᠦᠲᠠᠢ ᠪᠡᠯᠡᠳᠭᠡᠯ ᠬᠢᠵᠦ ᠡᠬᠢᠯᠡᠭᠰᠡᠨ ᠪᠠᠶᠢᠪᠠ᠃ ᠠᠩᠬ᠎ᠠ ᠮᠤᠲ᠋ᠤᠷ ᠢᠶᠠᠷ ᠡᠶᠢᠮᠤ ᠬᠤᠯᠡ ᠭᠠᠵᠠᠷ ᠠᠶᠠᠯᠠᠬᠤ ᠪᠠᠷ ᠪᠤᠯᠤᠭᠰᠠᠨ ᠲᠡᠷᠡ ᠮᠠᠨᠢ ᠮᠤᠲ᠋ᠤᠷ ᠲᠡᠷᠭᠡᠨ ᠤ ᠮᠠᠰᠢᠨ ᠲᠤᠨᠤᠭ ᠤᠨ ᠡᠯᠡᠭᠳᠡᠯ᠂ ᠵᠠᠮ ᠵᠠᠭᠤᠷ᠎ᠡ ᠬᠡᠷᠡᠭᠰᠡᠬᠦ ᠪᠠᠭᠠᠵᠢ ᠲᠤᠨᠤᠭ᠂ ᠵᠠᠮ ᠱᠤᠭᠤᠮ᠂ ᠬᠤᠨᠤᠭᠯᠠᠬᠤ ᠭᠠᠵᠠᠷ ᠵᠡᠷᠭᠡ ᠪᠠᠨ ᠨᠠᠷᠢᠨ ᠪᠤᠳᠤᠵᠦ ᠲᠤᠭᠳᠠᠭᠠᠭᠠᠳ᠂ 6 ᠰᠠᠷ᠎ᠠ ᠶᠢᠨ 28 ᠤ ᠡᠳᠤᠷ ᠠᠯᠠᠱᠠ ᠠᠶᠢᠮᠠᠭ  ᠤᠨ ᠪᠠᠶᠠᠨᠬᠤᠲᠠ ᠠᠴᠠ ᠮᠤᠷᠳᠡᠵᠦ ᠯᠾᠠᠰᠠ ᠬᠤᠲᠠ ᠵᠦᠭ ᠠᠶᠠᠯᠠᠯ ᠢᠶᠠᠨ ᠡᠬᠢᠯᠡᠭᠦᠯᠦᠭᠰᠡᠨ ᠪᠠᠶᠢᠪᠠ᠃ ᠢᠩᠬᠢᠭᠡᠳ ᠨᠢᠭᠡ ᠬᠦᠮᠦᠨ᠂ ᠨᠢᠭᠡ ᠮᠤᠲ᠋ᠤᠷ᠂ ᠠᠶᠠᠨ ᠵᠠᠮ ᠤᠨ ᠰᠠᠶᠢᠬᠠᠨ ᠦᠵᠡᠮᠵᠢ ᠶᠢ ᠰᠤᠨᠢᠷᠬᠠᠨ᠂ ᠴᠠᠰᠤ ᠪᠤᠷᠤᠭᠠᠨ᠂ ᠬᠦᠢᠲᠡᠨ ᠮᠦᠨᠳᠦᠷ ᠢ ᠲᠤᠭᠤᠯᠵᠦ᠂ ᠦᠪᠦᠷ ᠮᠤᠩᠭᠤᠯ᠂ ᠨᠢᠩᠰᠢᠶᠠ᠂ ᠭᠠᠨᠰᠤ᠂ ᠬᠦᠬᠡᠨᠡᠭᠤᠷ᠂ ᠲᠦᠪᠠᠳ ᠵᠡᠷᠭᠡ ᠲᠠᠪᠤᠨ ᠮᠤᠵᠢ ᠤᠷᠤᠨ ᠢ ᠠᠯᠤᠰᠯᠠᠨ᠂ 7 ᠰᠠᠷ᠎ᠠ ᠶᠢᠨ 1 ᠤ ᠡᠳᠤᠷ ᠵᠤᠷᠢᠭᠰᠠᠨ ᠭᠠᠵᠠᠷ ᠯᠾᠠᠰᠠ ᠬᠤᠲᠠ ᠳᠤ ᠬᠦᠷᠦᠭᠰᠡᠨ ᠪᠠᠶᠢᠨ᠎ᠠ᠃ ᠲᠡᠷᠡ ᠮᠠᠨᠢ ᠵᠠᠮ ᠵᠠᠭᠤᠷ᠎ᠡ ᠭᠤᠯᠮᠤᠳ᠂ ᠺᠦᠨᠯᠦᠨ ᠨᠢᠷᠤᠭᠤ᠂ ᠬᠦᠬᠡᠰᠢᠯᠢ᠂ ᠲᠠᠩᠭᠤᠯᠠ᠂ ᠠᠮᠳᠤᠤ ᠵᠡᠷᠭᠡ ᠭᠠᠵᠠᠷ ᠢᠶᠠᠷ ᠦᠩᠭᠡᠷᠡᠬᠦ ᠳᠤ ᠨᠢᠭᠡ ᠤᠳᠠᠭᠠᠨ ᠤ ᠴᠠᠰᠦ᠂ ᠲᠠᠪᠤ ᠤᠳᠠᠭᠠᠨ ᠤ ᠮᠦᠨᠳᠦᠷ ᠢ ᠲᠤᠭᠤᠯᠵᠦ᠂ ᠵᠠᠮ ᠵᠠᠭᠤᠷ᠎ᠡ ᠪᠠᠰᠠ ᠮᠦᠨᠳᠤᠷ ᠠᠴᠠ ᠪᠤᠯᠵᠦ ᠮᠤᠲ᠋ᠤᠷ ᠠᠴᠠ ᠪᠠᠨ ᠤᠶᠢᠴᠢᠵᠡᠢ᠃ ᠴᠠᠭ ᠠᠭᠠᠷ ᠤᠨ ᠪᠠᠶᠢᠳᠠᠯ ᠲᠡᠬᠦᠨ ᠳᠤ ᠪᠠᠭ᠎ᠠ ᠪᠤᠰᠤ ᠬᠠᠷᠰᠢ ᠰᠠᠭᠠᠳ ᠠᠪᠴᠢᠷᠠᠭᠰᠠᠨ ᠴᠤ ᠪᠦᠷᠢᠨ ᠪᠡᠯᠡᠳᠭᠡᠯ ᠲᠠᠢ ᠠᠶᠠᠨ ᠳᠤ ᠭᠠᠷᠤᠭᠰᠡᠨ ᠤᠴᠢᠷ ᠠᠴᠠ ᠲᠡᠷᠡ ᠮᠠᠨᠢ ᠲᠦᠪᠡᠭᠳᠡᠯ ᠪᠦᠬᠦᠨ ᠢ ᠢᠯᠡᠨ ᠲᠠᠪᠠᠵᠦ ᠪᠠᠶᠢᠭᠠᠳ ᠵᠤᠷᠢᠭᠰᠠᠨ ᠭᠠᠵᠠᠷ ᠲᠠᠭᠠᠨ ᠡᠰᠡᠨ ᠮᠡᠨᠲᠤ ᠤᠴᠢᠭᠰᠠᠨ ᠪᠠᠶᠢᠯ᠎ᠠ᠃
     ᠵᠠᠮ ᠵᠠᠭᠤᠷ᠎ᠡ ᠶᠢᠨ ᠨᠠᠭᠤᠷ ᠣᠰᠤ᠂ ᠠᠭᠤᠯᠡ ᠨᠢᠷᠤᠭᠤᠳ ᠤᠨ ᠭᠤᠶᠢᠲᠡ ᠰᠦᠷᠯᠢᠭ ᠦᠵᠡᠮᠵᠢ ᠲᠡᠬᠦᠨ ᠳᠤ ᠡᠷᠴᠢ ᠬᠦᠴᠦ ᠬᠠᠩᠭᠠᠭᠰᠠᠭᠠᠷ ᠁ ᠢᠯᠠᠩᠭᠤᠶ᠎ᠡ ᠵᠢᠷᠦᠭᠠᠴᠢ ᠶᠢᠨ ᠮᠡᠷᠭᠡᠵᠢᠯ ᠢᠶᠠᠷ ᠰᠤᠷᠭᠠᠭᠤᠯᠢ ᠲᠡᠭᠦᠰᠦᠭᠰᠡᠨ ᠲᠡᠬᠦᠨ ᠳᠤ ᠡᠳᠡᠭᠡᠷ ᠪᠦᠬᠦᠨ ᠨᠢ ᠪᠤᠷᠤ ᠮᠠᠲ᠋ᠧᠷᠢᠶᠠᠯ ᠪᠤᠯᠵᠦ᠂ ᠴᠡᠭᠡᠵᠢᠨ ᠳᠤ ᠬᠠᠳᠠᠩᠰᠢᠨ᠎ᠡ᠃ ᠭᠠᠵᠠᠷ ᠪᠤᠯᠭᠠᠨ ᠢᠶᠠᠷ ᠦᠩᠭᠡᠷᠡᠬᠦ ᠳᠤ ᠲᠡᠷᠡ ᠭᠠᠵᠠᠷ ᠤᠨ ᠬᠢᠨᠢ ᠰᠤᠶᠤᠯ ᠢᠷᠭᠡᠨᠰᠢᠯ᠂ ᠵᠡᠩ ᠲᠠᠳᠬᠠᠯ ᠲᠡᠬᠦᠨ ᠳᠤ ᠶᠠᠭᠤ ᠨᠢᠬᠡ ᠶᠢ ᠰᠡᠳᠬᠢᠬᠦᠯᠵᠦ᠂ ᠵᠠᠮ ᠵᠠᠭᠤᠷ᠎ᠡ ᠶᠢᠨ ᠰᠢᠨ᠎ᠡ ᠲᠠᠨᠢᠯᠴᠠᠭᠰᠠᠨ ᠮᠤᠲ᠋ᠤᠷᠴᠢᠨ ᠨᠠᠶᠢᠵᠠ ᠨᠠᠷ ᠲᠡᠭᠦᠨ ᠤ ᠢᠳᠡᠭᠡᠯ ᠵᠤᠷᠢᠭ ᠢ ᠬᠦᠪᠴᠢᠯᠡᠨ᠎ᠡ᠃ ᠤᠷᠬᠢᠯ ᠠᠶᠠᠯᠠᠯ ᠢᠶᠠᠨ ᠡᠬᠢᠯᠡᠬᠦᠯᠬᠦ ᠠᠴᠠ ᠡᠮᠤᠨ᠎ᠡ ᠪᠠᠭᠤᠳᠠᠯᠯᠠᠵᠦ ᠬᠤᠨᠤᠭᠯᠠᠬᠤ ᠵᠠᠮ ᠱᠤᠭᠤᠮ ᠢᠶᠠᠨ ᠲᠤᠭᠳᠠᠭᠠᠭᠰᠠᠨ ᠪᠤᠯᠬᠤᠷ ᠰᠦᠨᠢ ᠲᠦᠯᠢ ᠪᠠᠷ ᠵᠠᠮ ᠬᠦᠬᠡᠬᠡᠬᠦ᠂ ᠬᠡᠭᠡᠷ᠎ᠡ ᠬᠦᠳᠡᠭᠡ ᠪᠠᠭᠤᠳᠠᠯᠯᠠᠬᠤ ᠪᠠᠶᠢᠳᠠᠯ ᠦᠬᠡᠢ ᠪᠦᠭᠡᠳ ᠲᠡᠭᠦᠨ ᠤ ᠤᠴᠢᠭᠰᠠᠨ ᠭᠠᠵᠠᠷ ᠪᠤᠯᠭᠠᠨ ᠬᠠᠯᠠᠭᠤᠮᠰᠤᠭ ᠬᠦᠮᠦᠰ ᠲᠠᠭᠠᠷᠠᠯᠳᠤᠵᠦ᠂ ᠤᠷᠤᠢ ᠪᠦᠷᠢ ᠬᠠᠯᠠᠭᠤᠨ ᠬᠤᠭᠤᠯᠡ ᠲᠠᠢ᠂ ᠠᠶᠠᠨ ᠤ ᠵᠤᠭᠤᠭ ᠲᠠᠢ ᠰᠠᠶᠢᠬᠠᠨ ᠠᠶᠠᠯᠠᠯ ᠪᠤᠯᠤᠭᠰᠠᠨ ᠪᠠᠶᠢᠯ᠎ᠠ᠃ ᠲᠡᠷᠡ ᠮᠠᠨᠢ ᠮᠤᠲ᠋ᠤᠷᠴᠢᠨ ᠤ ᠪᠠᠭᠤᠳᠠᠯ ᠳᠤ ᠪᠠᠭᠤᠳᠠᠯᠯᠠᠳᠠᠭ ᠠᠴᠠ ᠲᠡᠷᠭᠡ ᠤᠨᠤᠭ᠎ᠠ ᠵᠤᠭᠰᠤᠭᠠᠬᠤ ᠳᠤ ᠬᠢᠯᠪᠡᠷ ᠪᠠᠶᠢᠵᠦ᠂ ᠪᠠᠶᠢᠩᠭᠤ ᠵᠠᠮ ᠨᠢᠭᠡᠲᠠᠢ ᠮᠤᠲ᠋ᠤᠷᠴᠢᠨ ᠤᠯᠤᠰ ᠲᠤᠬᠢᠶᠠᠯᠳᠤᠵᠦ᠂ ᠬᠤᠭᠤᠷᠤᠨᠲᠤ ᠪᠠᠨ ᠵᠠᠮ ᠵᠠᠭᠤᠷ᠎ᠡ ᠶᠢᠨ ᠦᠩᠭᠡᠷᠡᠯᠲᠡ ᠶᠠᠪᠤᠳᠠᠯ ᠢᠶᠠᠨ ᠬᠤᠪᠢᠶᠠᠯᠴᠠᠨ ᠲᠦᠳᠡᠯ ᠦᠬᠡᠢ ᠨᠠᠶᠢᠵᠠ ᠪᠤᠯᠤᠯᠴᠠᠬᠰᠠᠨ ᠰᠠᠶᠢᠬᠠᠨ ᠶᠠᠪᠤᠳᠠᠯ ᠰᠡᠳᠬᠢᠯ ᠢ ᠨᠢ ᠪᠠᠶᠠᠰᠬᠠᠨ᠎ᠠ᠃ ᠢᠩᠬᠢᠭᠡᠳ ᠲᠦᠷᠪᠡᠨ ᠡᠳᠤᠷ ᠤᠨ ᠴᠠᠭ ᠬᠡᠷᠡᠭᠰᠡᠨ ᠯᠾᠠᠰᠠ ᠬᠤᠲᠠ ᠳᠤ ᠬᠦᠷᠴᠡᠢ᠃ ᠦᠪᠡᠷ ᠤᠨ ᠬᠠᠷᠠᠶ᠎ᠡ᠂ ᠲᠤᠭᠤᠷᠢᠶ᠎ᠡ ᠭᠡᠵᠦ ᠰᠠᠨᠠᠭᠰᠠᠨ ᠪᠤᠳᠠᠯᠡ ᠤᠷᠳᠤᠨ ᠳᠤ ᠤᠴᠢᠭᠰᠠᠨ ᠪᠠᠶᠢᠯ᠎ᠠ᠃ ᠪᠤᠳᠠᠯᠡ ᠤᠷᠳᠤᠨ ᠤ ᠰᠦᠨ ᠴᠠᠭᠠᠨ ᠭᠡᠷᠡᠮ᠂ ᠭᠦᠷᠡᠩ ᠤᠯᠠᠭᠠᠨ ᠤᠷᠦ᠋ᠢᠳ ᠰᠦᠷᠯᠢᠭ ᠱᠤᠮᠲᠠᠢ ᠬᠠᠷᠠᠬᠳᠠᠬᠤ ᠳᠤ ᠲᠡᠷᠡ ᠠᠷᠭ᠎ᠠ ᠦᠭᠡᠢ ᠶᠡᠭᠡ ᠲᠤᠭᠳᠤᠯᠵᠦ ᠪᠠᠶᠠᠷᠯᠠᠭᠰᠠᠨ ᠠᠵᠢ᠃      ᠢᠩᠬᠢᠭᠡᠳ ᠵᠤᠷᠢᠭᠰᠠᠨ ᠭᠠᠵᠠᠷ ᠲᠠᠭᠠᠨ ᠬᠦᠷᠦᠭᠰᠡᠨ ᠤᠷᠬᠢᠯ ᠮᠠᠨᠢ ᠬᠤᠶᠠᠷ ᠡᠳᠤᠷ ᠲᠤᠭᠤᠷᠢᠵᠦ ᠵᠤᠭᠠᠯᠠᠭᠰᠠᠨ ᠢᠶᠠᠨ ᠲᠠᠬᠢᠨ ᠨᠤᠲᠤᠭ ᠵᠦᠭ ᠢᠶᠠᠨ ᠵᠢᠯᠤᠭᠤ ᠵᠠᠯᠠᠵᠠᠢ᠃ ᠲᠡᠷᠡ ᠮᠠᠨᠢ ᠨᠠᠭᠠᠰᠢ ᠴᠠᠭᠠᠰᠢ 11 ᠡᠳᠤᠷ ᠢ ᠬᠡᠷᠡᠭᠰᠡᠨ 7000 ᠺᠢᠯᠤᠮᠧᠲᠷ ᠠᠶᠠᠯᠠᠭᠠᠳ᠂ 7 ᠰᠠᠷ᠎ᠠ ᠶᠢᠨ 9 ᠤ ᠡᠳᠤᠷ ᠠᠯᠠᠱᠠ ᠨᠤᠲᠤᠭ ᠲᠠᠭᠠᠨ ᠭᠠᠨᠵᠤᠭ᠎ᠠ ᠲᠦᠭᠦᠷᠡᠩ ᠬᠠᠷᠢᠵᠦ ᠢᠷᠡᠵᠡᠢ᠃      ᠡᠳᠦᠬᠡ ᠬᠡᠳᠦ ᠬᠤᠨᠤᠵᠦ᠂ ᠠᠶᠠᠨ ᠤ ᠴᠢᠯᠡᠭᠡ ᠲᠠᠶᠢᠯᠤᠬᠳᠠᠵᠦ ᠪᠤᠯᠤᠭ᠎ᠠ ᠦᠭᠡᠢ ᠴᠤ ᠠᠬᠢᠭᠠᠳ ᠠᠶᠠᠯᠠᠬᠤ ᠶᠤᠮᠰᠠᠨ ᠭᠡᠬᠦ ᠪᠤᠳᠣᠯ ᠲᠡᠭᠦᠨ ᠤ ᠰᠡᠳᠬᠢᠯ ᠳᠤ ᠠᠬᠢᠨ ᠤᠷᠭᠤᠬᠰᠠᠨ ᠠᠪᠠᠢ ᠁
 
ᠢᠷᠡᠯᠲᠡ᠄ ᠠᠯᠠᠱᠠ ᠶᠢᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号