ᠤᠶᠤᠨᠯᠢᠭ ᠬᠡᠷᠡᠭᠯᠡᠭᠳᠡᠬᠦ ᠠᠮᠢᠳᠤᠷᠠᠯ ᠤᠨ 15 ᠠᠷᠭ᠎ᠠ ᠳᠡᠮ
ᠨᠡᠶᠢᠲᠡᠯᠡᠭᠰᠡᠨ ᠴᠠᠭ᠄
2021/7/14
     1. ᠵᠤᠬᠢᠰᠬᠤ ᠶᠢ ᠳᠦᠷᠭᠡᠨ ᠵᠤᠭᠰᠤᠭᠠᠬᠤ ᠠᠷᠭ᠎ᠠ ᠵᠤᠬᠢᠰᠬᠤ ᠦᠶᠡᠰ ᠤᠰᠤ ᠤᠤᠭᠤᠪᠠᠯ ᠰᠠᠶᠢᠨ᠂ ᠤᠤᠭᠤᠬᠤ ᠳᠠᠭᠠᠨ ᠠᠮᠠᠨ ᠳᠤᠳᠤᠷᠠᠬᠢ ᠤᠰᠤ ᠪᠠᠨ ᠭᠡᠳᠤ ᠬᠤᠪᠢᠶᠠᠵᠤ ᠵᠠᠯᠬᠢᠪᠡᠯ ᠵᠤᠬᠢᠰᠬᠤ ᠶᠢ ᠵᠤᠭᠰᠤᠭᠠᠴᠢᠬᠠᠨ᠎ᠠ᠂ ᠭᠡᠷᠪᠡ ᠭᠡᠷᠡᠭ ᠲᠤ ᠬᠦᠷᠬᠦ ᠦᠭᠡᠢ ᠪᠤᠯ ᠳᠡᠭᠡᠷᠡᠬᠢ ᠶᠤᠰᠤᠭᠠᠷ ᠳᠠᠬᠢᠨ ᠨᠢᠭᠡ ᠤᠳᠠᠭ᠎ᠠ ᠬᠢᠪᠡᠯ ᠳᠠᠷᠤᠢ ᠳᠤᠤᠷ᠎ᠠ ᠨᠢ ᠵᠤᠭᠰᠤᠴᠢᠬᠠᠨ᠎ᠠ᠃      2. ᠬᠦᠵᠤᠭᠦᠦ ᠡᠪᠡᠳᠬᠦ ᠶᠢ ᠨᠠᠮᠳᠠᠭᠠᠬᠤ ᠠᠷᠭ᠎ᠠ ︵落枕︶ ᠳᠡᠷ᠎ᠡ ᠪᠠᠨ ᠡᠪ ᠦᠭᠡᠢ ᠳᠡᠷᠡᠯᠡᠵᠦ ᠬᠦᠵᠦᠭᠦᠦ ᠬᠦᠰᠢᠵᠤ ᠡᠪᠡᠳᠪᠡᠯ ᠤᠷᠢᠳᠠᠪᠠᠷ ᠤᠷᠤᠨ ᠳᠡᠭᠡᠷ᠎ᠡ ᠪᠠᠨ ᠳᠡᠭᠡᠭᠰᠢ ᠪᠠᠨ ᠬᠠᠷᠠᠵᠤ ᠭᠡᠪᠳᠡᠡ᠂ ᠬᠦᠵᠦᠭᠦᠨ ᠤ ᠪᠤᠯᠴᠢᠩ ᠢᠶᠠᠨ ᠰᠤᠯᠠ ᠳᠠᠯᠪᠢᠨ᠂ ᠳᠠᠬᠢᠨ ᠬᠠᠯᠠᠭᠤᠨ ᠠᠯᠴᠢᠭᠤᠷ ᠢᠶᠠᠷ ᠡᠪᠡᠳᠭᠦ ᠭᠠᠵᠠᠷ ᠲᠠᠭᠠᠨ ᠬᠠᠯᠠᠭᠠᠵᠤ ᠳᠠᠯᠪᠢᠨ᠎ᠠ᠂ ᠡᠳᠤᠷ ᠲᠤ ᠭᠡᠳᠤᠨ ᠤᠳᠠᠭ᠎ᠠ ᠬᠠᠯᠠᠭᠠᠪᠠᠯ ᠨᠡᠩ ᠰᠠᠶᠢᠨ᠃      3. ᠨᠦᠢᠷ ᠬᠤᠯᠵᠢᠬᠤ ᠶᠢ ᠰᠡᠷᠭᠡᠶᠢᠯᠡᠬᠦ ᠠᠷᠭ᠎ᠠ ᠼᠤ᠋ ᠲᠠᠢ ᠬᠠᠯᠠᠭᠤᠨ ᠤᠰᠤ ᠪᠠᠷ ᠬᠦᠯ ᠢᠶᠠᠨ ᠤᠬᠢᠶᠠᠨ᠎ᠠ᠂ ᠢᠡᠭᠬᠢᠬᠦ ᠳᠡᠭᠡᠨ ᠤᠨᠳᠠᠬᠤ ᠠᠴᠠ ᠪᠠᠨ ᠡᠮᠦᠨ᠎ᠡ ᠴᠠᠢ᠂ ᠺᠤᠹᠧ ᠪᠠᠭ᠎ᠠ ᠤᠤᠭᠤᠵᠤ᠂ ᠳᠠᠷᠢᠬᠢ ᠪᠠᠭ᠎ᠠ ᠬᠡᠷᠡᠭᠯᠡᠵᠦ᠂ ᠦᠭᠡ ᠪᠠᠨ ᠪᠠᠭ᠎ᠠ ᠶᠠᠷᠢᠪᠠᠯ ᠵᠤᠬᠢᠨ᠎ᠠ᠃      4. ᠰᠢᠳᠤ ᠬᠠᠪᠢᠷᠬᠤ ᠶᠢ ᠵᠠᠰᠬᠠᠤ ᠠᠷᠭ᠎ᠠ ᠡᠳᠤᠷ ᠪᠦᠷᠢ ᠤᠨᠳᠠᠬᠤ ᠠᠴᠠ ᠪᠠᠨ ᠡᠮᠦᠨ᠎ᠡ ᠵᠦᠷᠵᠢ ᠶᠢᠨ ᠬᠠᠯᠢᠰᠤ ᠶᠢ ᠲᠦᠭᠦᠭᠡᠢ ᠪᠠᠷ ᠨᠢ ᠢᠳᠡᠵᠦ᠂ 2 ᠠᠴᠠ 3 ᠡᠳᠤᠷ ᠵᠠᠯᠭᠠᠪᠠᠷ ᠢᠳᠡᠪᠡᠯ ᠲᠤᠮᠤ ᠬᠦᠮᠤᠨ ᠪᠤᠶᠤ ᠭᠡᠦᠭᠡᠳ ᠤᠨ ᠰᠢᠳᠤ ᠬᠠᠪᠢᠷᠬᠤ ᠶᠢ ᠵᠠᠰᠠᠴᠢᠬᠠᠨ᠎ᠠ᠃      5. ᠭᠤᠰᠢᠭᠤᠨ ᠢ ᠳᠦᠷᠭᠡᠨ ᠨᠠᠮᠳᠠᠭᠠᠬᠤ ᠠᠷᠭ᠎ᠠ ᠭᠤᠰᠢᠭᠤᠨ ᠢᠳᠡᠭᠡᠨ ᠢᠳᠡᠵᠦ ᠠᠮᠠ ᠬᠠᠯᠠᠭᠠᠳ ᠪᠤᠯᠬᠤ ᠦᠭᠡᠢ ᠪᠤᠯ ᠳᠠᠪᠤᠰᠤ ᠪᠠᠷ ᠠᠮᠠ ᠪᠠᠨ ᠵᠠᠶᠢᠯᠠᠪᠠᠯ ᠭᠤᠰᠢᠭᠤᠨ ᠢ ᠳᠦᠷᠭᠡᠨ ᠨᠠᠮᠳᠠᠭᠠᠵᠤ ᠴᠢᠳᠠᠨ᠎ᠠ᠃      6. ᠴᠤᠬᠤᠶᠢᠳᠠᠭᠰᠠᠨ ᠦᠨᠳᠡᠭᠡ ᠶᠢ ᠭᠡᠷᠴᠢᠬᠦ ᠠᠷᠭ᠎ᠠ ᠴᠤᠬᠤᠶᠢᠳᠠᠭᠰᠠᠨ ᠦᠨᠳᠡᠭᠡ ᠶᠢ ᠭᠡᠷᠴᠢᠬᠦ ᠳᠡᠭᠡᠨ ᠬᠢᠳᠤᠭ᠎ᠠ ᠪᠠᠨ ᠬᠠᠯᠠᠭᠤᠨ ᠤᠰᠤ ᠪᠠᠷ ᠬᠠᠯᠠᠭᠠᠪᠠᠯ ᠭᠡᠷᠴᠢᠭᠳᠡᠭᠰᠡᠨ ᠭᠡᠰᠡᠭ ᠨᠢ ᠬᠢᠳᠤᠭᠠᠨ ᠳᠤ ᠨᠠᠭᠠᠯᠳᠤᠬᠤ ᠦᠭᠡᠢ᠂ ᠤᠳᠠᠰᠤ ᠪᠠᠷ ᠦᠨᠳᠡᠭᠡ ᠶᠢ ᠵᠦᠰᠦᠭᠦ ᠨᠢ ᠪᠠᠰᠠᠴᠤ ᠨᠢᠭᠡᠨ ᠵᠦᠢᠳᠠᠢ ᠠᠷᠭ᠎ᠠ ᠪᠤᠯᠤᠨ᠎ᠠ᠃      7. ᠤᠮᠳᠠᠭᠠᠨ ᠤ ᠰᠤᠷᠤᠭᠤᠯ ᠭᠤᠤᠷᠰᠤ ᠶᠢ ᠳᠡᠮᠳᠠᠢ ᠬᠡᠷᠡᠭᠯᠡᠬᠦ ᠠᠷᠭ᠎ᠠ ᠰᠤᠷᠤᠭᠤᠯ ᠭᠤᠤᠷᠰᠤ ᠶᠢᠨ ᠵᠦᠭᠡᠯᠡᠨ ᠠᠴᠠ ᠪᠤᠯᠵᠤ ᠤᠮᠳᠠᠭᠠᠨ ᠤ ᠰᠦᠯᠢᠶᠤᠤ ᠪᠦᠷᠭᠦᠪᠴᠢ ᠶᠢ ᠴᠤᠭᠤᠯᠵᠤ ᠴᠢᠳᠠᠬᠤ ᠦᠭᠡᠢ ᠪᠤᠯ ᠰᠤᠷᠤᠭᠤᠯ ᠭᠤᠤᠷᠰᠤ ᠪᠠᠨ ᠳᠤᠮᠳᠠ ᠠᠴᠠ ᠨᠢ ᠨᠤᠭᠤᠯᠵᠤ᠂ ᠨᠤᠭᠤᠯᠤᠭᠰᠠᠨ ᠭᠡᠰᠡᠭ ᠢᠶᠠᠷ ᠨᠢ ᠰᠦᠯᠢᠶᠤᠤ ᠶᠢ ᠴᠤᠭᠤᠯᠪᠠᠯ ᠠᠮᠠᠷᠬᠠᠨ ᠴᠤᠭᠤᠯᠴᠢᠬᠠᠨ᠎ᠠ᠃      8. ᠰᠦ ᠪᠠᠨ ᠠᠰᠭᠠᠬᠤ ᠶᠢ ᠰᠡᠷᠭᠡᠶᠢᠯᠡᠬᠦ ᠠᠷᠭ᠎ᠠ ᠵᠢᠷᠤᠭ ᠲᠤ ᠢᠯᠡᠷᠭᠡᠶᠢᠯᠡᠭᠰᠡᠨ ᠰᠢᠭ ᠢᠶᠠᠷ ᠴᠤᠭᠤᠯᠤᠭᠰᠠᠨ ᠨᠦᠭᠡ ᠶᠢ ᠨᠢ ᠴᠤᠮᠤ ᠠᠴᠠ ᠵᠠᠶᠢᠳᠠᠢ ᠪᠤᠯᠭᠠᠪᠠᠯ ᠪᠤᠯᠴᠢᠬᠠᠨ᠎ᠠ᠃      9. ᠪᠠᠨᠠᠨᠠ ᠶᠢᠨ ᠰᠤᠷᠭᠤᠭ ᠢ ᠬᠠᠳᠠᠭᠠᠯᠠᠬᠤ ᠠᠷᠭ᠎ᠠ ᠪᠠᠨᠠᠨᠠ ᠶᠢᠨ ᠴᠦᠡᠭᠭᠦᠷᠦᠭ ᠢ ᠰᠦᠯᠢᠶᠤᠤ ᠪᠠᠷ ᠪᠤᠭᠤᠭᠠᠳ ᠳᠠᠯᠪᠢᠪᠠᠯ ᠰᠢᠨ᠎ᠡ ᠰᠤᠷᠭᠤᠭ ᠢ ᠨᠢ ᠬᠠᠳᠠᠭᠠᠯᠠᠵᠤ ᠴᠢᠳᠠᠨ᠎ᠠ᠃      10. ᠦᠨᠳᠡᠭᠡ ᠴᠢᠨᠠᠬᠤ ᠳᠡᠮᠳᠠᠢ ᠠᠷᠭ᠎ᠠ ᠦᠨᠳᠡᠭᠡ ᠪᠠᠨ ᠤᠷᠢᠳᠠᠪᠠᠷ ᠬᠦᠢᠳᠡᠨ ᠤᠰᠤᠨ ᠳᠤ ᠭᠡᠰᠡᠭ ᠳᠠᠯᠪᠢᠵᠤ ᠬᠠᠯᠠᠭᠤᠨ ᠤᠰᠤᠨ ᠳᠤ ᠬᠢᠵᠤ ᠴᠢᠨᠠᠪᠠᠯ ᠬᠠᠯᠢᠰᠤ ᠨᠢ ᠬᠠᠭᠠᠷᠠᠬᠤ ᠦᠭᠡᠢ ᠮᠦᠷᠳᠡᠭᠡᠨ ᠠᠮᠠᠷᠬᠠᠨ ᠱᠠᠭᠠᠷᠠᠨ᠎ᠠ      11. ᠳ᠋ᠧᠹᠦ᠋ ᠶᠢ ᠬᠦᠯᠳᠡᠭᠡᠭᠦᠷ ᠲᠤ ᠰᠤᠷᠭᠤᠭ ᠢᠶᠠᠷ ᠨᠢ ᠬᠠᠳᠠᠭᠠᠯᠠᠬᠤ ᠠᠷᠭ᠎ᠠ ᠳ᠋ᠧᠹᠦ᠋ ᠶᠢ ᠰᠢᠭᠤᠳ ᠬᠦᠯᠳᠡᠭᠡᠭᠦᠷ ᠲᠤ ᠳᠠᠯᠪᠢᠪᠠᠯ ᠤᠰᠤ ᠨᠢ ᠠᠮᠠᠷᠬᠠᠨ ᠭᠠᠷᠬᠤ ᠮᠦᠷᠳᠡᠭᠡᠨ ᠠᠮᠳᠠ ᠨᠢ ᠴᠤ ᠮᠠᠭᠤᠳᠠᠳᠠᠭ᠃ ᠭᠡᠷᠪᠡ ᠤᠰᠤᠨ ᠳᠤ ᠬᠢᠵᠤ ᠬᠦᠯᠳᠡᠭᠡᠭᠦᠷ ᠲᠤ ᠳᠠᠯᠪᠢᠪᠠᠯ ᠰᠤᠷᠭᠤᠭ ᠠᠮᠳᠠ ᠶᠢ ᠨᠢ ᠬᠠᠳᠠᠭᠠᠯᠠᠵᠤ ᠴᠢᠳᠠᠨ᠎ᠠ᠃      12. ᠦᠵᠤᠮ ᠢᠳᠡᠬᠦ ᠤᠷᠠᠨ ᠳᠡᠮ ᠦᠵᠤᠮ ᠤᠨ ᠬᠠᠯᠢᠰᠤ ᠶᠢ ᠠᠪᠬᠤ ᠳᠤ ᠤᠷᠢᠳᠠᠪᠠᠷ ᠬᠦᠯᠳᠡᠭᠡᠭᠦᠷ ᠲᠤ ᠳᠠᠯᠪᠢᠨ ᠳᠠᠬᠢᠨ ᠳᠠᠪᠤᠰᠤ ᠲᠠᠢ ᠤᠰᠤ ᠪᠠᠷ ᠭᠡᠳᠤᠨ ᠮᠢᠨᠦ᠋ᠲ ᠳᠡᠪᠳᠤᠭᠡᠪᠡᠯ ᠬᠠᠯᠢᠰᠤ ᠨᠢ ᠠᠮᠠᠷᠬᠠᠨ ᠱᠠᠭᠠᠷᠠᠴᠢᠬᠠᠨ᠎ᠠ᠃      13. ᠭᠡᠷᠴᠢᠭᠰᠡᠨ ᠵᠢᠮᠢᠰ ᠢ ᠢᠰᠤᠯᠳᠤᠬᠦ ᠠᠴᠠ ᠰᠡᠷᠭᠡᠶᠢᠯᠡᠬᠦ ᠠᠷᠭ᠎ᠠ ᠵᠢᠮᠢᠰ ᠤᠨ ᠬᠠᠯᠢᠰᠤ ᠶᠢ ᠠᠪᠤᠭᠰᠠᠨ ᠤ ᠳᠠᠷᠠᠭ᠎ᠠ ᠠᠭᠠᠷ ᠤᠨ ᠳᠤᠮᠳᠠ ᠠᠮᠠᠷᠬᠠᠨ ᠢᠰᠤᠯᠳᠤᠵᠤ᠂ ᠦᠡᠭᠭᠡ ᠨᠢ ᠬᠦᠷᠡᠩ ᠪᠤᠯᠳᠠᠭ᠃ ᠡᠭᠦᠨ ᠠᠴᠠ ᠰᠡᠷᠭᠡᠶᠢᠯᠡᠶ᠎ᠡ ᠭᠡᠪᠡᠯ ᠬᠠᠯᠢᠰᠤ ᠦᠭᠡᠢ ᠵᠢᠮᠢᠰ ᠢᠶᠠᠨ ᠬᠦᠷᠦᠭᠡᠭᠰᠡᠨ ᠪᠤᠴᠠᠯᠤᠭᠰᠠᠨ ᠤᠰᠤᠨ ᠳᠤ ᠬᠢᠪᠡᠯ ᠵᠢᠮᠢᠰ ᠤᠨ ᠦᠡᠭᠭᠡ ᠨᠢ ᠬᠤᠪᠢᠷᠠᠬᠤ ᠦᠭᠡᠢ ᠮᠦᠷᠳᠡᠭᠡᠨ ᠰᠢᠨ᠎ᠡ ᠰᠤᠷᠭᠤᠭ ᠢᠶᠠᠷ ᠨᠢ ᠪᠠᠶᠢᠯᠭᠠᠳᠠᠭ᠃      14. ᠭᠠᠷ ᠤᠳᠠᠰᠤᠨ ᠤ ᠲᠤᠨᠤᠭᠯᠠᠯ ᠤᠨ ᠤᠳᠠᠰᠤ ᠶᠢ ᠴᠡᠪᠡᠷᠯᠡᠬᠦ ᠠᠷᠭ᠎ᠠ ︵数据线︶ ᠴᠠᠭᠠᠨ ᠦᠡᠭᠭᠡ ᠲᠠᠢ ᠭᠠᠷ ᠤᠳᠠᠰᠤᠨ ᠤ ᠲᠤᠨᠤᠭᠯᠠᠯ ᠤᠨ ᠤᠳᠠᠰᠤ ᠪᠠ ᠰᠤᠨᠤᠰᠤᠭᠤᠷ ᠤᠨ ᠤᠳᠠᠰᠤ ᠨᠢ ᠠᠮᠠᠷᠬᠠᠨ ᠭᠬᠢᠷᠳᠦᠭᠳᠡᠬᠦ ᠪᠤᠯᠬᠤᠷ ᠠᠯᠴᠢᠭᠤᠷ ᠳᠡᠭᠡᠷ᠎ᠡ ᠪᠡᠶ᠎ᠡ ᠤᠬᠢᠶᠠᠬᠤ ᠰᠢᠩᠭᠡᠨ ᠢ ᠭᠡᠳᠤ ᠳᠤᠰᠤᠭᠠᠵᠤ ᠠᠷᠴᠢᠪᠠᠯ ᠭᠬᠢᠷ ᠨᠢ ᠠᠮᠠᠷᠬᠠᠨ ᠭᠠᠷᠴᠢᠬᠠᠨ᠎ᠠ᠃      15. ᠪᠡᠶ᠎ᠡ ᠤᠬᠢᠶᠠᠬᠤ ᠳᠠᠰᠤᠯᠭ᠎ᠠ ᠶᠢᠨ ᠴᠠᠩᠳᠤᠭᠰᠠᠨ ᠳᠤᠯᠢ ᠶᠢ ᠠᠷᠴᠢᠬᠤ ᠠᠷᠭ᠎ᠠ ᠤᠰᠤᠨ ᠠᠭᠤᠷ ᠪᠦᠷᠭᠦᠭᠰᠡᠨ ᠲᠤᠯᠢ ᠶᠢ ᠬᠠᠭᠤᠷᠠᠢ ᠨᠦᠢᠳᠠᠨ ᠠᠯᠴᠢᠭᠤᠷ ᠢᠶᠠᠷ ᠶᠠᠭᠠᠬᠢᠵᠤ ᠠᠷᠴᠢᠭᠰᠠᠨ ᠴᠤ ᠲᠤᠩᠭᠠᠯᠠᠭ ᠪᠤᠯᠵᠤ ᠴᠢᠳᠠᠬᠤ ᠦᠭᠡᠢ᠂ ᠲᠡ ᠭᠡᠷᠪᠡ ᠳᠤᠯᠢᠨ ᠳᠡᠭᠡᠷ᠎ᠡ ᠰᠠᠪᠤᠡᠭ ᠳᠦᠷᠬᠢᠵᠤ ᠠᠯᠴᠢᠭᠤᠷ ᠢᠶᠠᠷ ᠠᠷᠴᠢᠪᠠᠯ ᠭᠡᠭᠡᠨ ᠳᠤᠩᠭᠠᠯᠠᠭ ᠪᠤᠯᠵᠤ ᠴᠢᠳᠠᠨ᠎ᠠ᠃  
 
ᠢᠷᠡᠯᠲᠡ᠄ ᠠᠯᠠᠱᠨ ᠵᠡᠬᠦᠨ ᠬᠤᠰᠢᠭᠤᠨ ᠤ ᠠᠷᠠᠳ ᠤᠨ ᠵᠠᠰᠠᠭ ᠤᠨ ᠤᠷᠲᠦᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号