ᠰᠢ ᠶᠢᠨ ᠫᠢᠩ ᠬᠦᠭᠵᠢᠵᠦ ᠪᠠᠶᠢᠭ᠎ᠠ ᠤᠯᠤᠰ ᠤᠳ ᠤᠨ ᠬᠠᠮᠲᠤᠷᠠᠯᠴᠠᠭ᠎ᠠ ᠶᠢᠨ ᠲᠤᠰᠠᠯᠠᠮᠵᠢ ᠶᠢᠨ ᠰᠠᠭᠤᠷᠢ ᠮᠦᠩᠭᠦ ᠪᠤᠯᠤᠨ ᠬᠦᠭᠵᠢᠵᠦ ᠪᠠᠶᠢᠭ᠎ᠠ ᠤᠯᠤᠰ ᠤᠳ ᠤᠨ ᠬᠠᠮᠲᠤᠷᠠᠯᠴᠠᠭ᠎ᠠ ᠬᠢᠭᠡᠳ ᠬᠦᠭᠵᠢᠯᠲᠡ ᠶᠢᠨ ᠲᠡᠭᠡᠲᠦ ᠰᠤᠷᠭᠠᠭᠤᠯᠢ ᠪᠠᠶᠢᠭᠤᠯᠤᠭᠲᠠᠭᠰᠠᠠ 5 ᠵᠢᠯ ᠤᠨ ᠤᠢ ᠳᠤ ᠪᠠᠶᠠᠷ ᠤᠨ ᠵᠠᠬᠢᠳᠠᠯ ᠢᠯᠡᠭᠡᠪᠡ
ᠨᠡᠶᠢᠲᠡᠯᠡᠭᠰᠡᠨ ᠴᠠᠭ᠄
2021/7/13
     ᠰᠢᠨᠬᠤᠸᠠ ᠬᠤᠷᠢᠶᠠᠠ ᠤ ᠪᠡᠭᠡᠵᠢᠩ ᠤᠨ 7 ᠰᠠᠷ᠎ᠠ ᠶᠢᠨ 8 ᠤ ᠴᠠᠬᠢᠯᠭᠠᠠ ᠮᠡᠲᠡᠭᠡ  7 ᠰᠠᠷ᠎ᠠ ᠶᠢᠨ 8 ᠤ ᠡᠳᠦᠷ᠂ ᠤᠯᠤᠰ ᠤᠨ ᠲᠡᠷᠢᠭᠦᠯᠡᠭᠴᠢ ᠰᠢ ᠶᠢᠨ ᠫᠢᠩ ᠬᠦᠭᠵᠢᠵᠦ ᠪᠠᠶᠢᠭ᠎ᠠ ᠤᠯᠤᠰ ᠤᠳ ᠤᠨ ᠬᠠᠮᠲᠤᠷᠠᠯᠴᠠᠭ᠎ᠠ ᠶᠢᠨ ᠲᠤᠰᠠᠯᠠᠮᠵᠢ ᠶᠢᠨ ᠰᠠᠭᠤᠷᠢ ᠮᠦᠩᠭᠦ ᠪᠤᠯᠤᠨ ᠬᠦᠭᠵᠢᠵᠦ ᠪᠠᠶᠢᠭ᠎ᠠ ᠤᠯᠤᠰ ᠤᠳ ᠤᠨ ᠬᠠᠮᠲᠤᠷᠠᠯᠴᠠᠭ᠎ᠠ ᠬᠢᠭᠡᠳ ᠬᠦᠭᠵᠢᠯᠲᠡ ᠶᠢᠨ ᠲᠡᠭᠡᠲᠦ ᠰᠤᠷᠭᠠᠭᠤᠯᠢ ᠪᠠᠶᠢᠭᠤᠯᠤᠭᠲᠠᠭᠰᠠᠠ 5 ᠵᠢᠯ ᠤᠨ ᠤᠢ ᠳᠤ ᠪᠠᠶᠠᠷ ᠤᠨ ᠵᠠᠬᠢᠳᠠᠯ ᠢᠯᠡᠭᠡᠪᠡ᠃      ᠰᠢ ᠶᠢᠨ ᠫᠢᠩ᠂ 5 ᠵᠢᠯ ᠤᠨ ᠲᠤᠷᠰᠢ᠂ ᠬᠦᠭᠵᠢᠵᠦ ᠪᠠᠶᠢᠭ᠎ᠠ ᠤᠯᠤᠰ ᠤᠳ ᠤᠨ ᠬᠠᠮᠲᠤᠷᠠᠯᠴᠠᠭ᠎ᠠ ᠶᠢᠨ ᠲᠤᠰᠠᠯᠠᠮᠵᠢ ᠶᠢᠨ ᠰᠠᠭᠤᠷᠢ ᠮᠦᠩᠭᠦ ᠬᠦᠭᠵᠢᠵᠦ ᠪᠠᠶᠢᠭ᠎ᠠ ᠤᠯᠤᠰ ᠤᠳ ᠤᠨ 2030 ᠤᠨ ᠤ ᠦᠷᠬᠦᠯᠵᠢᠯᠡᠬᠦ ᠬᠦᠭᠵᠢᠯᠲᠠ ᠶᠢᠨ ᠵᠦᠪᠯᠡᠬᠦ ᠵᠦᠢᠯ ᠢ ᠨᠠᠶᠢᠲᠠᠪᠤᠷᠢᠵᠢᠭᠤᠯᠬᠤ᠂ ᠬᠦᠮᠦᠯᠢᠭ ᠦᠵᠡᠯ ᠤᠨ ᠬᠢᠮᠤᠷᠠᠯ ᠢ ᠠᠷᠭᠠᠴᠠᠭᠠᠬᠤ᠂ ᠶᠠᠲᠠᠭᠤ ᠬᠦᠴᠢᠷᠲᠠᠯᠲᠠᠢ ᠬᠦᠮᠦᠨ ᠠᠮᠠ ᠶᠢ ᠴᠦᠭᠡᠳᠭᠡᠬᠦ ᠪᠠ ᠬᠦᠭᠵᠢᠯᠲᠠ ᠶᠢ ᠪᠡᠶᠡᠯᠡᠭᠦᠯᠬᠦ ᠶᠢ ᠢᠲᠡᠪᠬᠢᠲᠠᠢ ᠲᠡᠮᠵᠢᠵᠦ᠂ ᠬᠦᠭᠵᠢᠵᠦ ᠪᠠᠶᠢᠭ᠎ᠠ ᠤᠯᠤᠰ ᠤᠳ ᠤᠨ ᠬᠠᠮᠲᠤᠷᠠᠯᠴᠠᠭ᠎ᠠ ᠬᠢᠭᠡᠳ ᠬᠦᠭᠵᠢᠯᠲᠡ ᠶᠢᠨ ᠲᠡᠭᠡᠲᠦ ᠰᠤᠷᠭᠠᠭᠤᠯᠢ ᠨᠢ ᠲᠤᠮᠲᠠᠲᠤ ᠤᠯᠤᠰ ᠪᠤᠯᠤᠨ ᠬᠦᠭᠵᠢᠵᠦ ᠪᠠᠶᠢᠭ᠎ᠠ ᠤᠯᠤᠰ ᠤᠳ ᠤᠨ ᠲᠦᠷᠦ ᠶᠢ ᠵᠠᠰᠠᠵᠦ ᠵᠠᠰᠠᠭ ᠢ ᠡᠷᠬᠢᠯᠡᠬᠦ ᠲᠤᠷᠰᠢᠯᠭ᠎ᠠ ᠶᠢ ᠬᠤᠪᠢᠶᠠᠯᠴᠠᠬᠤ ᠶᠢᠨ ᠲᠦᠯᠦᠭᠡ ᠵᠢᠳᠭᠦᠵᠦ᠂ ᠦᠷᠭᠡᠡ ᠤᠯᠠᠠ ᠬᠦᠭᠵᠢᠵᠦ ᠪᠠᠶᠢᠭ᠎ᠠ ᠤᠯᠤᠰ ᠤᠳ ᠲᠤ ᠵᠠᠰᠠᠭ ᠤᠨ ᠤᠷᠲᠤᠨ ᠤ ᠬᠠᠮᠢᠶᠠᠷᠤᠯᠲᠠ ᠶᠢᠨ ᠲᠡᠭᠡᠲᠦ ᠲᠡᠰ ᠤᠨ ᠴᠢᠲᠠᠪᠤᠷᠢᠲᠠᠠ ᠢ ᠬᠦᠮᠦᠵᠢᠭᠦᠯᠵᠦ ᠦᠭᠴᠡᠢ᠃ ᠰᠠᠭᠤᠷᠢ ᠮᠦᠩᠭᠦ ᠪᠤᠯᠤᠨ ᠲᠡᠭᠡᠲᠦ ᠰᠤᠷᠭᠠᠭᠤᠯᠢ ᠨᠢ ᠬᠦᠭᠵᠢᠵᠦ ᠪᠠᠶᠢᠭ᠎ᠠ ᠤᠯᠤᠰ ᠤᠳ ᠤᠨ ᠬᠠᠮᠲᠤᠷᠠᠯᠴᠠᠭ᠎ᠠ ᠶᠢ ᠠᠬᠢᠭᠤᠯᠬᠤ ᠳᠤ ᠴᠢᠬᠤᠯᠠ ᠦᠢᠯᠡᠲᠦᠯ ᠦᠵᠡᠭᠦᠯᠵᠠᠢ ᠭᠡᠵᠦ ᠵᠢᠭᠠᠵᠦ ᠭᠠᠷᠭᠠᠪᠠ᠃      ᠰᠢ ᠶᠢᠨ ᠫᠢᠩ᠂ ᠳᠤᠮᠳᠠᠳᠤ ᠤᠯᠤᠰ ᠳᠤᠷᠠᠲᠠᠶ᠎ᠠ ᠦᠷᠭᠡᠨ ᠤᠯᠠᠨ ᠬᠦᠭᠵᠢᠵᠦ ᠪᠠᠶᠢᠭ᠎ᠠ ᠤᠯᠤᠰ ᠤᠳ ᠲᠠᠢ ᠬᠠᠮᠲᠤ ᠪᠠᠷ᠂ ᠬᠦᠭᠵᠢᠵᠦ ᠪᠠᠶᠢᠭ᠎ᠠ ᠤᠯᠤᠰ ᠤᠳ ᠤᠨ ᠬᠠᠮᠲᠤᠷᠠᠯᠴᠠᠭ᠎ᠠ ᠶᠢᠨ ᠳᠠᠯᠳᠠ ᠬᠦᠴᠦᠨ ᠢ ᠴᠢᠨᠠᠭᠰᠢᠳᠠ ᠪᠠᠳᠠᠷᠠᠭᠤᠯᠵᠤ᠂ ᠬᠦᠭᠵᠢᠯᠲᠡ ᠶᠢᠨ ᠠᠵᠠ ᠳᠤᠬᠢᠶᠠᠯ ᠢ ᠬᠠᠮᠲᠤ ᠪᠠᠷ ᠡᠳ᠋ᠯᠡᠨ᠎ᠡ᠃ ᠬᠦᠭᠵᠢᠵᠦ ᠪᠠᠶᠢᠭ᠎ᠠ ᠤᠯᠤᠰ ᠤᠳ ᠤᠨ ᠬᠠᠮᠲᠤᠷᠠᠯᠴᠠᠭ᠎ᠠ ᠶᠢᠨ ᠲᠤᠰᠠᠯᠠᠮᠵᠢ ᠶᠢᠨ ᠰᠠᠭᠤᠷᠢ ᠮᠦᠡᠭᠬᠦ ᠪᠠᠷ ᠦᠷᠭᠦᠯᠵᠢᠯᠡᠨ ᠭᠦᠭᠵᠢᠵᠦ ᠪᠠᠶᠢᠭ᠎ᠠ ᠤᠯᠤᠰ ᠤᠳ ᠢ ᠬᠠᠪᠰᠤᠷᠴᠤ ᠦᠷᠭᠦᠯᠵᠢᠯᠡᠬᠦ ᠬᠦᠭᠵᠢᠯᠲᠡ ᠶᠢ ᠪᠡᠶᠡᠯᠡᠭᠦᠯᠵᠦ᠂ ᠬᠦᠭᠵᠢᠵᠦ ᠪᠠᠶᠢᠭ᠎ᠠ ᠤᠯᠤᠰ ᠤᠳ ᠤᠨ ᠬᠠᠮᠲᠤᠷᠠᠯᠴᠠᠭ᠎ᠠ ᠬᠢᠭᠡᠳ ᠬᠦᠭᠵᠢᠯᠲᠡ ᠶᠢᠨ ᠳᠡᠭᠡᠳᠦ ᠰᠤᠷᠭᠠᠭᠤᠯᠢ ᠶᠢᠨ ᠬᠢᠨ ᠭᠦᠭᠵᠢᠵᠦ ᠪᠠᠶᠢᠭ᠎ᠠ ᠤᠯᠤᠰ ᠤᠳ ᠤᠨ ᠳᠡᠭᠡᠲᠦ ᠳᠡᠰ ᠤᠨ ᠴᠢᠳᠠᠪᠤᠷᠢᠲᠠᠨ ᠢ ᠬᠦᠮᠦᠵᠢᠭᠦᠯᠬᠦ ᠰᠠᠭᠤᠷᠢᠨ ᠪᠤᠯᠤᠨ ᠰᠤᠳᠤᠯᠭᠠᠨ ᠰᠤᠯᠢᠯᠴᠠᠭᠠᠨ ᠤ ᠲᠠᠪᠴᠠᠩ ᠢ ᠦᠷᠭᠦᠯᠵᠢᠯᠡᠨ ᠰᠠᠶᠢᠲᠤᠷ ᠪᠠᠶᠢᠭᠤᠯᠵᠤ᠂ ᠬᠦᠮᠦᠨ ᠲᠦᠷᠦᠯᠬᠢᠲᠡᠨ ᠤ ᠬᠤᠪᠢ ᠵᠠᠶᠠᠭᠠᠨ ᠤ ᠬᠠᠮᠲᠤ ᠶᠢᠨ ᠴᠤᠭᠴᠠ ᠶᠢᠨ ᠪᠠᠶᠢᠭᠤᠯᠤᠯᠲᠠ ᠶᠢ ᠠᠬᠢᠭᠤᠯᠬᠤ ᠳᠤ ᠨᠡᠩ ᠶᠡᠭᠡ ᠬᠤᠪᠢ ᠨᠡᠮᠡᠷᠢ ᠦᠵᠡᠭᠦᠯᠬᠦ ᠶᠢ ᠬᠦᠰᠡᠵᠦ ᠪᠠᠶᠢᠨ᠎ᠠ ᠭᠡᠵᠦ ᠴᠢᠬᠤᠯᠠᠴᠢᠯᠠᠪᠠ᠃      ᠬᠦᠭᠵᠢᠵᠦ ᠪᠠᠶᠢᠭ᠎ᠠ ᠤᠯᠤᠰ ᠤᠳ ᠤᠨ ᠬᠠᠮᠲᠤᠷᠠᠯᠴᠠᠭ᠎ᠠ ᠶᠢᠨ ᠲᠤᠰᠠᠯᠠᠮᠵᠢ ᠶᠢᠨ ᠰᠠᠭᠤᠷᠢ ᠮᠦᠡᠭᠭᠦ ᠪᠤᠯᠤᠨ ᠬᠦᠭᠵᠢᠵᠦ ᠪᠠᠶᠢᠭ᠎ᠠ ᠤᠯᠤᠰ ᠤᠳ ᠤᠨ ᠬᠠᠮᠲᠤᠷᠠᠯᠴᠠᠭ᠎ᠠ ᠬᠢᠭᠡᠳ ᠬᠦᠭᠵᠢᠯᠲᠡ ᠶᠢᠨ ᠳᠡᠭᠡᠲᠦ ᠰᠤᠷᠭᠠᠭᠤᠯᠢ ᠪᠠᠶᠢᠭᠤᠯᠤᠭᠳᠠᠭᠰᠠᠨ 5 ᠵᠢᠯ ᠤᠨ ᠤᠢ ᠶᠢ ᠳᠤᠷᠠᠰᠬᠠᠬᠤ ᠠᠵᠢᠯᠯᠠᠭ᠎ᠠ ᠲᠤᠰ ᠡᠳᠦᠷ ᠪᠡᠭᠡᠵᠢᠩ ᠳᠤ ᠶᠠᠪᠤᠭᠳᠠᠵᠤ᠂ ᠤᠯᠤᠰ ᠤᠨ ᠤᠯᠠᠨ ᠤᠯᠤᠰ ᠤᠨ ᠬᠦᠭᠵᠢᠯᠲᠡ ᠬᠠᠮᠲᠤᠷᠠᠯᠴᠠᠭ᠎ᠠ ᠶᠢᠨ ᠵᠠᠬᠢᠷᠭ᠎ᠠ ᠪᠤᠯᠤᠨ ᠬᠤᠳᠠᠯᠳᠤᠭᠠᠨ ᠤ ᠶᠠᠪᠤᠳᠠᠯ ᠤᠨ ᠶᠠᠮᠤᠨ ᠬᠠᠮᠲᠤᠷᠠᠨ ᠡᠷᠬᠢᠯᠡᠪᠡ᠃
 
ᠢᠷᠡᠯᠲᠡ᠄ ᠦᠪᠦᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号