ᠡᠯᠵᠢᠬᠡᠨ ᠰᠦ ᠪᠠᠷ ᠡᠯᠪᠡᠭ ᠤᠷᠤᠯᠭ᠎ᠠ ᠡᠬᠦᠳᠦᠨ᠎ᠡ
ᠨᠡᠶᠢᠲᠡᠯᠡᠭᠰᠡᠨ ᠴᠠᠭ᠄
2021/7/13
     ᠠᠭᠠᠬᠢᠮ᠎ᠠ ᠬᠠᠯᠠᠭᠤᠨ ᠵᠤᠨ ᠤ ᠡᠳᠦᠷ᠂ ᠡᠩᠬᠦᠯ ᠲᠤᠩᠬᠤᠯ ᠲᠠᠢ ᠬᠦᠳᠡᠭᠡ ᠶᠢᠨ ᠵᠠᠮ ᠢᠶᠠᠷ ᠲᠤᠭᠤᠰᠤ ᠲᠠᠳᠠᠭᠤᠯᠤᠨ ᠲᠠᠪᠬᠢᠭᠤᠯᠤᠭᠰᠠᠭᠠᠷ ᠠᠯᠠᠱᠠ ᠪᠠᠷᠭᠤᠨ ᠬᠤᠰᠢᠭᠤᠨ ᠤ ᠠᠯᠳ᠋ᠬᠠᠤᠪᠤᠭ᠎ᠠ ᠪᠠᠯᠭᠠᠰᠤᠨ ᠤ ᠵᠡᠯᠡᠪᠦ᠋ᠬᠡᠷᠢᠭ ᠭᠠᠴᠠᠭᠠᠨ ᠤ ᠮᠠᠯᠴᠢᠨ ᠠᠯᠳ᠋ᠬᠠᠠᠭᠤᠯᠠ ᠶᠢᠨ ᠬᠢ ᠶᠢ ᠵᠤᠷᠢᠯ᠎ᠠ᠃ ᠪᠢᠴᠢᠭᠳᠡᠢ ᠶᠢᠨ ᠤᠪᠤᠭ᠎ᠠ ᠶᠢ ᠪᠠᠷᠠᠯᠠᠬᠰᠠᠨ ᠬᠠᠷ᠎ᠠ ᠦᠵᠦᠬᠦᠷ ᠬᠡᠮᠡᠬᠦ ᠭᠠᠵᠠᠷ ᠰᠠᠭᠤᠭ᠎ᠠ ᠡᠨᠡ ᠠᠶᠢᠯ ᠨᠢᠳᠤᠨᠤᠨ ᠵᠢᠯ ᠠᠴᠠ ᠡᠯᠵᠢᠬᠡᠨ ᠤ ᠰᠦ ᠰᠠᠭᠠᠵᠦ ᠵᠠᠬ᠎ᠠ ᠳᠤ ᠪᠤᠷᠤᠯᠠᠭᠤᠯᠤᠭᠠᠳ ᠨᠡᠯᠢᠶᠡᠳ ᠤᠷᠤᠯᠭ᠎ᠠ ᠡᠬᠦᠳᠴᠦ ᠠᠵᠦ ᠠᠮᠢᠳᠤᠷᠠᠯ ᠢᠶᠠᠨ ᠦᠭᠡᠳᠡ ᠲᠠᠳᠠᠵᠦ ᠶᠠᠪᠤᠭ᠎ᠠ ᠰᠤᠷᠠᠭ ᠢᠶᠠᠷ ᠲᠡᠳᠡᠨᠡᠶᠢᠬᠢ ᠶᠢ ᠰᠤᠷᠪᠤᠯᠵᠢᠯᠠᠬᠤ ᠪᠠᠷ ᠤᠴᠢᠭᠰᠠᠨ ᠨᠢ ᠡᠨᠡ ᠶᠤᠮ᠃ ᠡᠨᠡ ᠨᠤᠳᠤᠭ ᠲᠤ ᠡᠷᠳᠡ ᠪᠤᠷᠤᠭᠠᠨ ᠤᠷᠤᠵᠦ ᠰᠠᠶᠢᠬᠠᠨ ᠵᠤᠨ ᠤ ᠦᠩᠭᠡ ᠵᠠᠰᠠᠭᠰᠠᠨ ᠪᠤᠯᠪᠠᠴᠤ ᠴᠠᠭ ᠠᠭᠤᠷ ᠠᠭᠠᠬᠢᠮ᠎ᠠ ᠬᠠᠯᠠᠭᠤᠨ ᠤᠴᠢᠷ ᠠᠴᠠ ᠡᠪᠡᠰᠦ ᠨᠤᠭᠤᠭ᠎ᠠ ᠬᠠᠳᠠᠮᠠᠷ ᠶᠠᠩᠵᠦ ᠤᠷᠤᠭᠰᠠᠨ ᠬᠠᠷᠠᠭᠳᠠᠨ᠎ᠠ᠃      ᠶᠡᠷᠦᠨᠢ ᠡᠯᠵᠢᠭᠡᠨ ᠰᠦ ᠶᠢ ᠬᠠᠨᠢᠶᠠᠳᠤ᠂ ᠡᠯᠢᠭᠡ ᠠᠭᠤᠰᠬᠢ ᠵᠠᠰᠠᠬᠤ ᠪᠠᠷ ᠰᠠᠶᠢᠨ ᠪᠦᠭᠡᠳ ᠬᠦᠮᠦᠨ ᠤ ᠪᠡᠶ᠎ᠡ ᠶᠢᠨ ᠲᠠᠷᠬᠠᠯᠠᠭ᠎ᠠ ᠰᠠᠶᠢᠵᠢᠷᠠᠭᠤᠯᠳᠠᠭ ᠬᠡᠵᠦ ᠤᠯᠠᠨ ᠬᠦᠮᠦᠨ ᠠᠴᠠ ᠰᠤᠨᠤᠰᠤᠭᠰᠠᠨ ᠪᠤᠯᠪᠠᠴᠤ ᠡᠯᠵᠢᠭᠡ ᠬᠠᠷᠢᠭᠤᠯᠠᠵᠦ ᠰᠠᠭᠠᠬᠤ ᠬᠦᠮᠦᠨ ᠮᠠᠨ ᠤ ᠨᠤᠳᠤᠭ ᠢᠶᠠᠷ ᠬᠤᠪᠤᠷ ᠪᠠᠶᠢᠳᠠᠭ᠃ ᠨᠢᠳᠦᠨᠦᠨ ᠵᠢᠯ ᠬᠠᠨᠢᠶᠠᠳᠤ ᠲᠠᠭᠰᠢᠭᠤᠷ ᠲᠤ ᠤᠷᠢᠶᠠᠯᠳᠤᠭᠠᠳ ᠡᠳᠡᠬᠡᠷᠡᠵᠦ ᠪᠤᠯᠬᠤ ᠦᠭᠡᠢ ᠵᠦᠳᠡᠷᠡᠵᠦ ᠪᠠᠶᠢᠬᠤ ᠳᠤ ᠨᠠᠶᠢᠵᠠ ᠨᠠᠷ ᠮᠢᠨᠢ ᠡᠯᠵᠢᠭᠡᠨ ᠰᠦ ᠠᠪᠴᠤ ᠤᠤᠭᠤ ᠬᠡᠵᠦ ᠵᠠᠬᠢᠯ᠎ᠠ᠃ ᠬᠠᠮᠢᠭ᠎ᠠ ᠠᠴᠠ ᠡᠯᠵᠢᠭᠡᠨ ᠰᠦ ᠤᠯᠳᠠᠭ ᠪᠢᠯᠡ ᠬᠡᠮᠡᠨ ᠪᠠᠶᠠᠨᠬᠤᠳᠠ ᠶᠢᠨ ᠲᠡᠬᠦᠷᠭᠡ ᠳᠤ ᠭᠠᠭᠴᠠ ᠡᠯᠵᠢᠭᠡ ᠰᠠᠭᠠᠳᠠᠭ ᠠᠶᠢᠯ ᠳᠤ ᠬᠠᠶᠢᠵᠦ ᠬᠦᠷᠬᠦ ᠳᠤ ︽ᠡᠯᠵᠢᠬᠡᠨ ᠰᠦ ᠪᠠᠶᠢᠬᠤ ᠦᠭᠡᠢ︾ ᠬᠡᠰᠡᠨ ᠦᠭᠡ ᠲᠤᠭᠤᠯᠤᠭᠰᠠᠨ ᠶᠤᠮᠰᠠᠨ᠃ ᠠᠶᠢᠯ ᠤᠨ ᠡᠵᠡᠨ ᠲᠠᠢ ᠵᠤᠭᠤᠭᠳᠠᠬᠤ ᠵᠠᠭᠤᠷ᠎ᠠ ᠠᠷᠤ ᠠᠷᠤ ᠠᠴᠠ ᠪᠠᠨ ᠪᠦᠭᠰᠢᠨ ᠬᠠᠨᠢᠶᠠᠯᠭᠠᠬᠤ ᠳᠤ ᠲᠦᠪᠡᠭᠳᠡᠢ ᠰᠠᠨᠠᠭᠳᠠᠭᠰᠠᠨ ᠤᠤ᠂ ᠠᠯᠢ ᠡᠰᠡᠪᠡᠯ ᠦᠷᠦ ᠡᠪᠡᠳᠦᠭᠰᠡᠨ ᠤᠤ ᠪᠤᠤ ᠮᠡᠳᠡ᠂ ᠬᠦᠯᠳᠡᠭᠡᠬᠦᠷ ᠢᠶᠠᠨ ᠠᠭᠤᠳᠠᠯᠯᠠᠵᠦ ᠪᠠᠶᠢᠭᠠᠳ ᠭᠠᠭᠴᠠ ᠯᠤᠩᠬᠤ ᠰᠦ ᠬᠠᠶᠢᠷᠠᠯᠠᠭᠰᠠᠨ ᠢᠶᠠᠨ ︽ᠲᠠᠬᠢᠵᠦ ᠢᠷᠡᠬᠦ ᠬᠡᠷᠡᠭ ᠦᠭᠡᠢ᠂ ᠴᠠᠭᠠᠨ᠎ᠠ ᠨᠢ ᠪᠠᠶᠢᠬᠤ ᠦᠭᠡᠢ︾ ᠬᠡᠵᠦ ᠶᠠᠷᠢᠭᠰᠠᠨ ᠢ ᠪᠤᠳᠤᠭᠠᠳ ᠡᠯᠵᠢᠭᠡᠨ ᠰᠦ ᠬᠡᠳᠡᠭ ᠴᠢᠨᠢ ᠶᠡᠭᠡ ᠯᠡ ᠬᠤᠪᠤᠷ ᠶᠠᠭᠤᠮ᠎ᠠ ᠪᠠᠶᠢᠨ᠎ᠠ ᠬᠡᠮᠡᠨ ᠤᠶᠢᠯᠠᠭᠠᠵᠦ ᠪᠢᠯᠡ᠃      ᠤᠯᠠᠨ ᠲᠠᠪᠤᠨ ᠵᠦᠢᠯ ᠢ ᠡᠷᠬᠢᠴᠡᠬᠦᠯᠦᠨ ᠶᠠᠪᠤᠭᠰᠠᠭᠠᠷ ᠠᠭᠤᠯᠠ ᠶᠢᠨ ᠬᠤᠷᠮᠤᠢ ᠳᠤ ᠰᠠᠭᠤᠷᠢᠰᠢᠭᠰᠠᠨ ᠲᠤᠬᠢᠯᠢᠭ ᠪᠠᠭᠤᠴᠠ ᠲᠠᠢ ᠠᠶᠢᠯ ᠳᠤ ᠪᠠᠭᠤᠯ᠎ᠠ᠃ ᠬᠡᠷ ᠤᠨ ᠡᠵᠡᠨ ᠠᠯᠳ᠋ᠬᠠᠠᠭᠤᠯᠠ ᠬᠡᠷᠬᠡᠢ ᠰᠠᠷᠠᠨᠳᠠᠢ ᠲᠠᠢ ᠬᠤᠶᠠᠭᠤᠯᠠ ᠪᠢᠳᠠᠨ ᠢ ᠤᠭᠳᠤᠵᠦ ᠠᠪᠤᠪᠠ᠃ 150 ᠲᠡᠭᠰᠢ ᠲᠦᠷᠪᠡᠯᠵᠢᠨ ᠮᠧᠲᠷ ᠲᠤᠭᠤᠰᠬᠠᠨ ᠪᠠᠶᠢᠰᠢᠩ ᠲᠠᠢ᠂ ᠬᠡᠷ ᠤᠷᠤᠨ ᠢᠶᠠᠨ ᠡᠪᠯᠢᠭᠭᠡᠨ ᠵᠠᠰᠠᠵᠦ ᠲᠤᠳᠤᠮᠳᠠᠭᠠᠳ ᠰᠠᠭᠤᠷᠢᠰᠢᠭᠰᠠᠨ ᠨᠢ ᠠᠵᠢᠯᠴᠢ ᠠᠶᠢᠯ ᠤᠨ ᠰᠢᠨᠵᠢ ᠲᠠᠢ᠃ ᠠᠯᠳ᠋ᠬᠠᠠᠭᠤᠯᠠ ᠪᠤᠯ ᠡᠨᠡ ᠨᠤᠳᠤᠭ ᠲᠤ ᠲᠦᠷᠦᠵᠦ ᠦᠰᠦᠭᠡᠳ᠂ ᠭᠠᠯ ᠭᠤᠯᠤᠮᠳᠠ ᠪᠠᠨ ᠮᠠᠨᠠᠵᠦ ᠰᠠᠭᠤᠭ᠎ᠠ ᠬᠦᠮᠦᠨ᠂ ᠤᠳᠤ ᠬᠡᠷᠭᠡᠢ ᠲᠠᠢ ᠪᠠᠨ ᠡᠨᠡ ᠨᠤᠳᠤᠭ ᠲᠤ ᠲᠠᠪᠢ ᠭᠠᠷᠤᠢ ᠲᠡᠮᠡᠭᠡ᠂ ᠴᠦᠬᠡᠪᠦᠷᠢ ᠢᠮᠠᠭ᠎ᠠ ᠬᠠᠷᠢᠭᠤᠯᠠᠨ ᠠᠮᠢᠳᠤᠷᠠᠵᠦ ᠂ ᠭᠡᠤᠬᠡᠨ ᠨᠢ ᠬᠦᠬᠡᠬᠤᠳᠠ ᠳᠤ ᠶᠡᠭᠡ ᠰᠤᠷᠭᠠᠭᠤᠯᠢ ᠳᠤ ᠰᠤᠷᠤᠯᠴᠠᠵᠦ ᠪᠠᠶᠢᠭ᠎ᠠ ᠶᠢ ᠠᠶᠢᠯ ᠳᠤ ᠤᠷᠤᠨ ᠴᠠᠶᠢᠯᠠᠵᠦ ᠰᠠᠭᠤᠬᠤ ᠵᠠᠭᠤᠷ᠎ᠠ ᠤᠶᠢᠯᠠᠭᠠᠵᠦ ᠠᠪᠤᠯ᠎ᠠ᠃      ᠪᠢᠳᠠᠨ ᠢ ᠢᠷᠡᠬᠦ ᠰᠤᠷᠠᠭ ᠢᠶᠠᠷ ᠦᠷᠯᠦᠭᠡᠬᠦᠷ ᠲᠤᠷᠦ᠋ᠢᠯᠠᠬᠰᠠᠨ ︵ᠨᠤᠳᠤᠬ ᠤᠨ ᠭᠡᠯᠡᠯᠭᠡ᠂ ᠡᠯᠵᠢᠭᠡ ᠲᠥᠯᠯᠡᠬᠦ ᠶᠢ ᠪᠠᠰᠠ ᠲᠤᠳᠠᠷᠠᠶᠢᠯᠠᠬᠰᠠᠨ᠂ ᠤᠨᠠᠭᠠᠯᠠᠬᠰᠠᠨ ᠬᠡᠵᠦ ᠨᠤᠳᠤᠭ ᠨᠤᠳᠤᠭ ᠤᠨ ᠬᠢᠨ ᠠᠳᠠᠯᠢ ᠪᠤᠰᠤ ᠪᠠᠷ ᠬᠡᠯᠡᠳᠡᠭ︶ ᠬᠡᠳᠦ ᠶᠢ ᠨᠢ ᠬᠤᠪᠢᠨ ᠳᠤᠨᠢ ᠬᠠᠰᠢᠶᠠᠯᠠᠭᠰᠠᠨ ᠪᠤᠯᠬᠤᠷ ᠰᠠᠭᠠᠬᠤ ᠴᠠᠭ ᠨᠢ ᠤᠶᠢᠷᠠᠳᠴᠤ᠂ ᠪᠢᠳᠠ ᠬᠡᠷ ᠤᠨ ᠡᠵᠡᠨ ᠲᠠᠢ ᠴᠤᠭ ᠬᠠᠰᠢᠶᠠᠨ ᠳᠤᠨᠢ ᠬᠦᠷᠦᠯ᠎ᠡ᠃ ᠬᠠᠰᠢᠶᠠᠨ ᠳᠠᠭᠠᠨ ᠠᠷᠪᠠ ᠭᠠᠷᠤᠢ ᠡᠯᠵᠢᠭᠡ ᠬᠤᠷᠢᠵᠦ᠂ ᠰᠠᠶ᠋ᠢᠬᠠᠨ ᠲᠤᠷᠦ᠋ᠢᠯᠠᠬᠰᠠᠨ ᠲᠠᠪᠤ ᠨᠢ ᠬᠠᠰᠢᠶᠠᠨ ᠤ ᠭᠠᠳᠠᠨ᠎ᠠ ᠬᠤᠷᠢᠭᠳᠠᠭᠰᠠᠨ ᠲᠤᠷᠤᠢ ︵ᠨᠤᠳᠤᠬ ᠤᠨ ᠭᠡᠯᠯᠡᠭᠡ᠂ ᠡᠯᠵᠢᠬᠡᠨ ᠤ ᠲᠦᠯ ᠢ ᠲᠤᠳᠠᠷᠠᠢ ᠭᠡᠳᠡᠭ ᠪᠤᠯ ᠪᠠᠰᠠ ᠤᠨᠠᠭ᠎ᠠ ᠬᠡᠵᠦ ᠴᠦ ᠬᠡᠯᠡᠬᠦ ᠨᠢ ᠪᠤᠢ︶ ᠪᠠᠨ ᠦᠭᠡᠶᠢᠯᠡᠨ ᠦᠨᠦᠷᠯᠡᠨ᠎ᠡ᠃ ᠮᠠᠯ ᠠᠮᠢᠳᠠᠨ ᠤᠯᠠᠨ ᠬᠦᠮᠦᠨ ᠤ ᠪᠠᠷ᠎ᠠ ᠬᠠᠷᠠᠪᠠᠯ ᠦᠷᠬᠦᠵᠦ ᠨᠠᠳᠬᠤᠳᠠᠭ ᠪᠤᠯᠪᠠᠴᠤ ᠰᠠᠭᠠᠵᠦ ᠰᠤᠷᠤᠭᠰᠠᠨ ᠨᠢ ᠬᠠᠷᠢᠨ ᠬᠦᠮᠦᠨ ᠠᠴᠠ ᠦᠷᠬᠦᠬᠦ ᠦᠭᠡᠢ᠂ ᠲᠡᠬᠡᠰᠦ ᠬᠠᠵᠠᠭᠠᠷ ᠵᠠᠷᠤᠯ ᠦᠭᠡᠢ ᠲᠦᠳᠡᠭᠡᠨ ᠵᠠᠭᠤᠷ᠎ᠠ ᠲᠠᠪᠤᠨ ᠡᠯᠵᠢᠬᠡ ᠠᠴᠠ ᠬᠠᠭᠠᠰ ᠰᠠᠭᠤᠯᠭ᠎ᠠ ᠰᠦ ᠰᠠᠭᠠᠵᠦ ᠠᠪᠤᠯ᠎ᠠ᠃ ᠡᠯᠵᠢᠬᠡ ᠪᠠᠨ ᠬᠤᠶᠠᠷ ᠴᠠᠭ ᠤᠷᠴᠢᠮ ᠲᠤᠷᠤᠢ ᠠᠴᠠ ᠨᠢ ᠰᠠᠯᠭᠠᠵᠦ ᠬᠤᠷᠢᠬᠤ ᠳᠤ ᠨᠢᠭᠡ ᠤᠳᠠᠭ᠎ᠠ ᠰᠠᠭᠠᠵᠦ᠂ ᠡᠳᠦᠷ ᠲᠤ ᠬᠤᠶᠠᠷ ᠤᠳᠠᠭ᠎ᠠ ᠰᠠᠭᠠᠳᠠᠭ ᠪᠤᠯᠬᠤᠷ ᠲᠠᠪᠤᠨ ᠡᠯᠵᠢᠬᠡ ᠠᠴᠠ ᠪᠠᠨ ᠡᠳᠦᠷ ᠲᠤ ᠠᠷᠪᠠ ᠭᠠᠷᠤᠢ ᠵᠢᠩ ᠰᠦ ᠰᠠᠭᠠᠳᠠᠭ ᠬᠡᠨ᠎ᠡ᠃      ︽ᠰᠠᠶᠢᠨ ᠰᠠᠭᠠᠬᠤ ᠶᠤᠮ ᠪᠤᠯ ᠤᠷᠤᠯᠭ᠎ᠠ ᠴᠤ ᠪᠤᠯ ᠰᠠᠶᠢᠨ ᠪᠠᠶᠢᠨ᠎ᠠ᠃ ᠬᠤᠷᠢᠨ ᠵᠢᠩ ᠤᠨ ᠰᠦᠨ ᠤ ᠵᠠᠬᠢᠶᠠᠯᠠᠭ᠎ᠠ ᠢᠷᠡᠬᠦ ᠳᠤ ᠪᠢᠳᠠ ᠨᠢᠭᠡ ᠡᠳᠦᠷ ᠬᠠᠭᠠᠰ ᠲᠤ ᠰᠠᠭᠠᠵᠦ ᠬᠦᠢᠴᠡᠭᠡᠭᠡᠳ ᠬᠦᠷᠬᠡᠵᠦ ᠦᠭᠳᠡᠭ᠃ ᠡᠯᠵᠢᠭᠡ ᠪᠠᠨ ᠰᠠᠭᠠᠵᠦ ᠰᠦ ᠶᠢ ᠨᠢ ᠪᠤᠷᠤᠯᠠᠭᠤᠯᠬᠤ ᠠᠶᠢᠯ ᠡᠨᠡ ᠬᠠᠪᠢ ᠪᠠᠷ ᠪᠠᠶᠢᠳᠠᠭ ᠦᠭᠡᠢ ᠪᠤᠯᠬᠤᠷ ᠵᠠᠬᠢᠶᠠᠯᠠᠭ᠎ᠠ ᠠᠷᠪᠢᠨ ᠲᠤᠰᠳᠠᠭ᠃ ᠵᠠᠷᠢᠮ ᠳᠠᠭᠠᠨ ᠠᠯᠠᠱᠠ ᠵᠡᠬᠦᠨ ᠬᠤᠰᠢᠭᠤ᠂ ᠡᠵᠡᠨ᠎ᠡ ᠬᠤᠰᠢᠭᠤᠨ ᠠᠴᠠ ᠴᠤ ᠵᠠᠬᠢᠶᠠᠯᠠᠭ᠎ᠠ ᠢᠷᠡᠳᠡᠭ ᠰᠢᠤ︾ ᠬᠡᠵᠦ ᠠᠯᠳ᠋ᠬᠠᠠᠭᠤᠯᠠ ᠶᠠᠷᠢᠯ᠎ᠠ᠃ ᠡᠯᠵᠢᠭᠡ ᠪᠤᠯ ᠵᠢᠯ ᠪᠤᠯᠭᠠᠨ ᠤ 5 ᠰᠠᠷ᠎ᠠ ᠶᠢᠨ ᠰᠢᠨᠡᠳ ᠠᠴᠠ 7 ᠰᠠᠷ᠎ᠠ ᠶᠢᠨ ᠲᠤᠮᠳᠠᠴᠢ ᠪᠤᠯᠳᠠᠯ᠎ᠠ ᠲᠦᠯᠯᠡᠳᠡᠭ ᠠᠮᠢᠳᠠᠨ ᠪᠤᠯᠬᠤᠷ ᠶᠠᠭ ᠬᠠᠪᠤᠷ ᠤᠨ ᠶᠠᠭᠠᠷᠠᠤ ᠴᠠᠭ ᠢ ᠦᠩᠭᠡᠷᠡᠬᠦᠯᠦᠭᠡᠳ ᠰᠠᠭᠠᠵᠦ ᠡᠬᠢᠯᠡᠨ᠂ ᠡᠪᠦᠯ ᠤᠨ ᠡᠬᠢᠨ ᠪᠤᠯᠳᠠᠯ᠎ᠠ ᠰᠢᠷᠬᠢᠳᠡᠯ᠎ᠡ ᠨᠢ ᠰᠠᠭᠠᠵᠦ ᠪᠤᠯᠳᠠᠭ ᠠᠵᠢ᠃ ᠠᠯᠳ᠋ᠬᠠᠭᠤᠯᠠ ᠶᠢᠨ ᠬᠢ ᠬᠤᠷᠢ ᠭᠠᠷᠤᠢ ᠡᠯᠵᠢᠭᠡ ᠲᠠᠢ᠃ ᠤᠳᠤ ᠭᠠᠳᠠᠨ᠎ᠠ ᠪᠠᠨ 5 ᠰᠠᠭᠠᠵᠦ᠂ ᠬᠡᠬᠡᠷ᠎ᠡ ᠲᠦᠯᠯᠡᠭᠰᠡᠨ ᠢᠶᠠᠨ ᠪᠦᠬᠦᠳᠡ ᠶᠢ ᠴᠤᠭᠯᠠᠭᠤᠯᠪᠠᠯ ᠪᠠᠷᠤᠭ ᠵᠢᠯ ᠳᠡᠭᠡᠨ ᠠᠷᠪᠠᠭᠠᠳ ᠢ ᠨᠢ ᠰᠠᠭᠠᠵᠦ ᠠᠰᠢᠭ ᠤᠷᠤᠯᠭ᠎ᠠ ᠤᠯᠵᠦ ᠴᠢᠳᠠᠳᠠᠭ ᠪᠠᠶᠢᠨ᠎ᠠ᠃
           ᠠᠯᠳ᠋ᠬᠠᠠᠭᠤᠯᠠ ᠶᠢᠨ ᠬᠢ ᠰᠤᠮᠤᠨ ᠲᠦᠪ ᠠᠴᠠ ᠬᠤᠷᠢᠭᠠᠳ ᠺᠢᠯᠤᠮᠧᠲᠷ ᠵᠠᠶᠢᠳᠠᠢ ᠰᠠᠭᠤᠷᠢᠰᠢᠵᠦ ᠪᠠᠶᠢᠭ᠎ᠠ ᠤᠴᠢᠷ ᠠᠴᠠ ᠬᠡᠷᠪᠡ ᠰᠦ ᠶᠢᠨ ᠵᠠᠬᠢᠶᠠᠯᠠᠭ᠎ᠠ ᠲᠤᠰᠬᠤ ᠦᠭᠡᠢ ᠪᠤᠯ ᠰᠠᠭᠠᠭᠰᠠᠨ ᠰᠦ ᠪᠠᠨ ᠶᠠᠭᠠᠬᠢᠳᠠᠭ ᠪᠤᠯ ᠬᠡᠮᠡᠨ ᠠᠰᠠᠭᠤᠬᠤ ᠳᠤ᠂ ︽ᠬᠦᠮᠦᠰ ᠤᠨ ᠵᠠᠬᠢᠶᠠᠯᠠᠭ᠎ᠠ ᠶᠢ ᠬᠠᠩᠭᠠᠵᠦ ᠲᠡᠶᠢᠯᠬᠦ ᠦᠭᠡᠢ ᠬᠡᠵᠦ ᠵᠤᠪᠠᠭ᠋ᠤ ᠠᠴᠠ ᠪᠢᠰᠢ ᠪᠠᠷ ᠰᠦ ᠢᠯᠡᠬᠦᠳᠡᠵᠦ ᠤᠷᠬᠢᠭᠳᠠᠬᠤ ᠤᠴᠢᠷ ᠭᠠᠷᠬᠤ ᠦᠭᠡᠢ ᠰᠢᠤ︾ ᠬᠡᠵᠦ ᠰᠠᠷᠠᠨᠳᠠᠢ ᠬᠠᠷᠢᠭᠤᠯᠤᠯ᠎ᠠ᠃ ᠤᠤᠯ ᠨᠢ ᠠᠯᠳ᠋ᠬᠠᠠᠭᠤᠯᠠ ᠶᠢᠨ ᠬᠡᠷᠭᠡᠢ ᠰᠠᠷᠠᠨᠳᠠᠢ ᠦᠪᠡᠷ ᠲᠡᠭᠡᠨ ᠰᠠᠪᠤᠩ ᠬᠢᠬᠦ ᠮᠡᠷᠬᠡᠵᠢᠯ ᠢ ᠰᠤᠷᠴᠤ ᠡᠵᠡᠮᠰᠢᠬᠡᠳ ᠬᠡᠷ ᠲᠡᠭᠡᠨ ᠡᠯᠵᠢᠭᠡᠨ ᠰᠦ ᠪᠠᠷ ᠰᠠᠪᠤᠩ ᠬᠢᠵᠦ ᠪᠤᠷᠤᠯᠠᠭᠤᠯᠤᠭᠠᠳ ᠬᠡᠷᠡᠭᠯᠡᠭᠴᠢᠳ ᠤᠨ ᠲᠠᠭᠠᠰᠢᠶᠠᠯ ᠳᠤ ᠬᠦᠷᠴᠦ ᠪᠠᠶᠢᠭ᠎ᠠ ᠶᠤᠮ ᠪᠠᠶᠢᠨ᠎ᠠ᠃ ᠲᠡᠷᠡᠪᠡᠷ ︽ᠪᠢᠳᠠ ᠦᠪᠡᠷ ᠲᠡᠭᠡᠨ ᠡᠯᠵᠢᠭᠡ ᠰᠠᠭᠠᠵᠦ ᠪᠠᠶᠢᠭ᠎ᠠ ᠶᠤᠮ ᠴᠢᠨᠢ ᠰᠠᠪᠤᠩ ᠬᠢᠬᠦ ᠳᠡᠭᠡᠨ ᠰᠦ ᠶᠢ ᠨᠢ ᠲᠡᠶᠢᠯᠦᠩᠬᠢ ᠬᠢᠵᠦ᠂ ᠦᠭᠡᠷ᠎ᠡ ᠡᠰᠡᠨ ᠪᠤᠰᠤᠨ ᠶᠠᠭᠤᠮ᠎ᠠ ᠬᠤᠯᠢᠳᠠᠭ ᠦᠭᠡᠢ ᠤᠴᠢᠷ ᠠᠴᠠ ᠦᠨᠡᠭᠡᠷ ᠬᠦᠮᠦᠨ ᠤ ᠨᠢᠭᠤᠷ ᠢ ᠴᠠᠶᠢᠯᠭᠠᠬᠤ᠂ ᠰᠢᠷᠬ᠎ᠠ ᠰᠡᠪᠬᠡ ᠠᠪᠬᠤ ᠤᠶᠢᠯᠡᠳᠦᠯ ᠲᠠᠢ ᠪᠠᠶᠢᠳᠠᠭ᠃ ᠰᠠᠷ᠎ᠠ ᠳᠠᠭᠠᠨ 200 ᠭᠠᠷᠤᠢ ᠰᠠᠪᠤᠩ ᠬᠢᠬᠦ ᠳᠤ ᠪᠠᠷᠤᠭ ᠪᠦᠬᠦᠳᠡ ᠶᠢ ᠪᠤᠷᠤᠯᠠᠭᠤᠯᠵᠦ ᠭᠠᠷᠭᠠᠳᠠᠭ ᠰᠢᠤ︾ ᠬᠡᠵᠦ ᠶᠠᠷᠢᠯ᠎ᠠ᠃      ᠡᠯᠵᠢᠭᠡ ᠬᠠᠷᠢᠭᠤᠯᠠᠵᠦ ᠰᠦ ᠰᠠᠭᠠᠯᠢ ᠶᠢ ᠠᠪᠴᠦ ᠪᠠᠶᠢᠭ᠎ᠠ ᠠᠶᠢᠯ ᠡᠨᠡ ᠤᠰᠤᠨ ᠳᠤ᠂ ᠤᠶᠢᠷ᠎ᠠ ᠬᠠᠪᠢ ᠪᠠᠷ ᠴᠤ ᠬᠤᠪᠤᠷ ᠪᠤᠯᠪᠠᠴᠤ ᠡᠳᠡ ᠬᠤᠶᠠᠭᠤᠯᠠ ᠨᠢᠳᠤᠨᠤᠨ ᠵᠢᠯ ᠨᠠᠶᠢᠵᠠ ᠶᠢᠨ ᠢᠶᠠᠨ ︽ᠠᠷᠪᠠᠭᠠᠳ ᠵᠢᠩ ᠡᠯᠵᠢᠭᠡᠨ ᠰᠦ ᠠᠪᠤᠶ᠎ᠠ᠂ ᠰᠠᠭᠠᠭᠠᠳ ᠦᠭᠬᠦᠨ᠎ᠡ ᠤᠤ︖︾ ᠬᠡᠰᠡᠨ ᠭᠤᠶᠤᠴᠢᠯᠠᠭ᠎ᠠ ᠪᠠᠷ ᠠᠩᠬ᠎ᠠ ᠡᠯᠵᠢᠭᠡ ᠪᠠᠨ ᠰᠠᠭᠠᠵᠦ ᠡᠬᠢᠯᠡᠭᠰᠡᠨ ᠪᠤᠯ ᠤᠳᠤ ᠬᠠᠷᠢᠨ ᠵᠢᠯ ᠳᠡᠭᠡᠨ ᠡᠯᠵᠢᠭᠡᠨ ᠰᠦ ᠠᠴᠠ 5 ᠲᠦᠮᠡ ᠭᠠᠷᠤᠢ ᠲᠦᠬᠦᠷᠢᠭ ᠤᠨ ᠴᠡᠪᠡᠷ ᠤᠷᠤᠯᠭ᠎ᠠ᠂ ᠡᠯᠵᠢᠭᠡᠨ ᠰᠦ ᠶᠢᠨ ᠰᠠᠪᠤᠩ ᠬᠢᠵᠦ ᠪᠤᠷᠤᠯᠠᠭᠤᠯᠤᠭᠠᠳ ᠪᠠᠰᠠ ᠰᠠᠷ᠎ᠠ ᠳᠠᠭᠠᠨ ᠬᠡᠳᠦᠨ ᠮᠢᠩᠭᠠᠨ ᠲᠦᠬᠦᠷᠢᠭ ᠤᠨ ᠤᠷᠤᠯᠭ᠎ᠠ ᠤᠯᠳᠠᠭ ᠪᠤᠯᠤᠭᠰᠠᠨ ᠨᠢ ᠰᠢᠨ᠎ᠡ ᠴᠠᠭ ᠦᠶ᠎ᠡ ᠶᠢᠨ ᠮᠠᠯᠴᠢᠳ ᠠᠵᠦ ᠠᠮᠢᠳᠤᠷᠠᠯ ᠳᠠᠭᠠᠨ ᠰᠦᠪᠡᠭᠴᠢᠯᠡᠯᠳᠡ ᠰᠢᠨᠡᠴᠢᠯᠡᠯᠳᠡ ᠬᠢᠨ ᠠᠰᠢᠭ  ᠤᠷᠤᠯᠭ᠎ᠠ  ᠪᠠᠨ ᠨᠡᠮᠡᠭᠳᠡᠬᠦᠯᠵᠦ ᠪᠠᠶᠢᠭ᠎ᠠ ᠶᠢᠨ ᠠᠮᠢᠳᠤ ᠵᠢᠱᠢᠶ᠎ᠡ ᠬᠡᠯᠳᠡᠢ᠃      ᠪᠢᠳᠠᠨ ᠤ ᠰᠤᠷᠪᠤᠯᠵᠢᠯᠠᠭ᠎ᠠ ᠦᠨᠳᠦᠷᠯᠡᠵᠦ ᠲᠡᠳᠡᠨᠡᠶᠢᠬᠢ ᠠᠴᠠ ᠠᠶᠠᠷᠯᠠᠬᠤ ᠳᠤ ᠠᠯᠳ᠋ᠬᠠᠠᠭᠤᠯᠠ ︽ᠡᠯᠵᠢᠭᠡᠨ ᠰᠦ ᠶᠢ ᠪᠡᠯᠡᠨ ᠰᠠᠭᠠᠭᠰᠠᠨ ᠲᠤᠤᠷ᠎ᠠ ᠨᠢ ᠤᠤᠭᠤᠪᠠᠯ ᠡᠪᠡᠳᠴᠢᠨ ᠡᠳᠡᠭᠡᠬᠦ ᠳᠤ ᠰᠠᠶᠢᠨ ᠤᠴᠢᠷ ᠠᠴᠠ ᠪᠢᠳᠠ ᠬᠡᠰᠡᠭ ᠡᠳᠦᠷ ᠠᠴᠠ ᠡᠯᠵᠢᠭᠡ ᠪᠠᠨ ᠰᠤᠮᠤᠨ ᠤ ᠲᠦᠪ ᠲᠤ ᠲᠠᠳᠠᠵᠦ ᠬᠦᠷᠭᠡᠭᠡᠳ ᠲᠡᠨᠳᠡ ᠨᠢ ᠲᠡᠵᠢᠬᠡᠵᠦ᠂ ᠪᠡᠯᠡᠨ ᠰᠠᠭᠠᠭᠠᠳ ᠡᠯᠵᠢᠭᠡᠨ ᠰᠦ ᠪᠠᠷ ᠡᠪᠡᠳᠴᠢᠨ ᠡᠳᠡᠭᠡᠬᠦ ᠰᠠᠭᠤᠷᠢᠨ ᠭᠠᠵᠠᠷ ᠭᠠᠷᠭᠠᠬᠤ ᠰᠠᠨᠠᠭ᠎ᠠ ᠲᠠᠢ᠃ ᠲᠡᠭᠡᠪᠡᠯ ᠡᠯᠢᠭᠡ ᠠᠭᠤᠰᠬᠢ ᠮᠠᠭᠤ᠂ ᠬᠠᠨᠢᠶᠠᠳᠤ ᠠᠭᠰᠠᠭ᠎ᠠ ᠲᠠᠢ ᠬᠦᠮᠦᠰ ᠰᠤᠮᠤᠨ ᠤ ᠲᠦᠪ ᠲᠤ ᠰᠠᠭᠤᠭᠠᠳ ᠪᠡᠯᠡᠨ ᠰᠠᠭᠠᠭᠰᠠᠨ ᠰᠦ ᠤᠤᠭᠤᠵᠦ ᠡᠪᠡᠳᠴᠢᠨ ᠢᠶᠠᠨ ᠡᠳᠡᠭᠡᠬᠦ ᠳᠤ ᠨᠡᠩ ᠲᠦᠬᠦᠮ ᠪᠤᠯᠤᠨ᠎ᠠ︾ ᠬᠡᠮᠡᠨ ᠬᠤᠶᠢᠰᠢᠳᠠ ᠶᠢᠨ ᠬᠠᠷᠠᠯᠳᠠ ᠪᠠᠨ ᠶᠠᠷᠢᠯ᠎ᠠ᠃ ︽ᠪᠤᠰᠤᠳ ᠤᠨ ᠰᠠᠶᠢᠨ ᠪᠦᠳᠦᠪᠡᠯ ᠦᠪᠡᠷ ᠤᠨ ᠰᠠᠶᠢᠨ ᠴᠤ ᠪᠦᠳᠦᠨ᠎ᠡ︾ ᠬᠡᠳᠡᠭᠴᠢᠯᠡᠨ ᠦᠭᠡᠷ᠎ᠡ ᠪᠤᠰᠤᠳ ᠲᠤ ᠲᠦᠬᠦᠮ ᠲᠦᠳᠡ ᠤᠶᠢᠯᠡᠴᠢᠯᠡᠭᠡ ᠬᠠᠩᠭᠠᠬᠤ ᠶᠢᠨ ᠲᠠᠭᠠᠤ ᠦᠪᠡᠷ ᠤᠨ ᠤᠷᠤᠯᠭ᠎ᠠ ᠪᠠᠨ ᠨᠡᠮᠡᠭᠳᠡᠬᠦᠯᠵᠦ᠂ ᠠᠵᠦ ᠠᠮᠢᠳᠤᠷᠠᠯ ᠢᠶᠠᠨ ᠦᠭᠡᠳᠡ ᠲᠠᠢ ᠦᠩᠭᠡ ᠲᠠᠢ ᠠᠪᠴᠤ ᠶᠠᠪᠤᠭ᠎ᠠ ᠰᠢᠨ᠎ᠡ ᠴᠠᠭ ᠦᠶ᠎ᠡ ᠶᠢᠨ ᠮᠠᠯᠴᠢᠳ ᠢ ᠬᠠᠷᠠᠭᠠᠳ ᠦᠪᠡᠷ ᠤᠨ ᠡᠷᠭᠡ ᠦᠭᠡᠢ ᠪᠠᠭ᠋ᠠᠷᠬᠠᠯ ᠲᠦᠷᠦᠯ᠎ᠡ᠃
 
ᠢᠷᠡᠯᠲᠡ᠄ ᠠᠯᠠᠱᠠ ᠶᠢᠨ ᠡᠳᠦᠷ ᠤᠨ ᠰᠦ᠋‌‍ᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号