ᠲᠠᠪᠤᠨ ᠬᠤᠰᠢᠭᠤ ᠮᠠᠯ ᠤᠨ ᠰᠦ ᠪᠠᠷ ᠪᠤᠯᠪᠠᠰᠤᠷᠠᠭᠤᠯᠤᠭᠰᠠᠨ ᠢᠳᠡᠭᠡᠨ ᠢ ᠠᠷᠢᠭᠤᠨ ᠴᠠᠭᠠᠨ᠂ ᠠᠷᠢᠭ | ᠴᠠᠶᠢᠯᠭᠠᠨ ᠬᠡᠮᠡᠬᠦ ᠰᠠᠨᠠᠭ᠎ᠠ ᠪᠠᠷ ᠴᠠᠭᠠᠨ ᠢᠳᠡᠭᠡ ᠭᠡᠵᠤ ᠨᠡᠷᠡᠯᠡᠭᠰᠡᠨ ᠶᠤᠮ᠃ ᠴᠠᠭᠠᠨ ᠢᠳᠡᠭᠡ ᠪᠠᠨ ᠨᠠᠨᠳᠢᠩᠨᠠᠨ | ᠬᠦᠨᠳᠦᠳᠭᠡᠳᠡᠭ ᠤᠴᠢᠷ ᠠᠴᠠ ᠭᠡᠶᠢᠴᠢᠨ ᠵᠤᠴᠢᠨ ᠢᠷᠡᠪᠡᠰᠦ ︽ᠴᠠᠶᠢᠯᠭᠠᠨ ᠰᠡᠳᠭᠢᠯ᠂ ᠴᠠᠭᠠᠨ ᠪᠤᠶᠠᠨ ᠤ ᠳᠡᠭᠡᠵᠢ︾ | ᠭᠡᠵᠤ ᠡᠩ ᠲᠡᠷᠢᠭᠦᠨ ᠳᠤ ᠴᠡᠭᠡ ᠰᠦ ᠶᠦᠭᠡᠨ ᠡᠷᠭᠦᠨ ᠪᠠᠷᠢᠵᠦ᠂ ᠪᠢᠴᠢᠬᠠᠨ ᠬᠡᠦᠬᠡᠳ ᠤᠨ ᠵᠤᠯᠠᠢ᠂ ᠮᠠᠩᠨᠠᠢ ᠳᠤᠨᠢ | ᠦᠷᠦᠮ᠎ᠡ ᠪᠤᠶᠤ ᠰᠢᠷ᠎ᠠ ᠲᠤᠰᠤ ᠶᠢ ᠢᠳᠠᠮ ᠬᠤᠷᠤᠭᠤ ᠪᠠᠷ ᠮᠢᠯᠢᠶᠠᠨ ᠲᠦᠷᠬᠢᠵᠦ᠂ ︽ᠲᠤᠰᠤᠨ ᠳᠡᠭᠡᠷ᠎ᠡ ᠲᠤᠭᠯᠠᠵᠦ᠂ | ᠲᠤᠷᠭᠠᠨ ᠳᠡᠭᠡᠷ᠎ᠡ ᠦᠩᠭᠦᠷᠢᠲᠦᠭᠡᠢ︾ ᠬᠡᠮᠡᠨ ᠢᠷᠦᠭᠡᠵᠦ᠂ ᠢᠳᠠᠮ ᠬᠤᠷᠤᠭᠤᠨ ᠠᠴᠠ ᠪᠤᠰᠤᠳ ᠬᠤᠷᠤᠭᠤ ᠪᠠᠷ | ᠴᠠᠭᠠᠨ ᠢᠳᠡᠭᠡ ᠪᠠᠨ ᠡᠷᠭᠦᠬᠦ᠂ ᠦᠭᠭᠦ᠂ ᠠᠮᠠᠰᠠᠬᠤ ᠶᠤᠰᠤ ᠦᠢᠯᠡᠳᠬᠦ ᠶᠢ ᠴᠡᠭᠡᠷᠯᠡᠨ᠎ᠡ᠃ | ᠴᠠᠭᠠᠨ ᠢᠳᠡᠭᠡ ᠶᠢ ᠵᠤᠭᠰᠤᠭ᠎ᠠ ᠶᠠᠪᠤᠭ᠎ᠠ ᠪᠠᠷ ᠠᠮᠰᠠᠬᠤ᠂ ᠢᠳᠡᠬᠦ ᠶᠢ ᠴᠡᠭᠡᠷᠯᠡᠨ᠎ᠡ᠃ ᠲᠦᠪᠬᠢᠨᠡᠭᠦᠨ ᠰᠠᠭᠤᠵᠦ | ᠢᠳᠡᠵᠦ ᠤᠤᠭᠤᠬᠤ ᠬᠡᠷᠡᠭᠲᠡᠢ᠃ | ᠴᠠᠭᠠᠨ ᠢᠳᠡᠭᠡ ᠶᠢ ᠪᠤᠰᠤᠳ ᠲᠤ ᠦᠭᠪᠡᠯ ᠪᠤᠶᠠᠨ ᠳᠠᠭᠠᠨ᠎ᠠ ᠭᠡᠵᠤ ᠰᠠᠪᠠ ᠶᠢ ᠳᠦᠭᠦᠷᠭᠡᠭᠡᠳ ᠡᠷᠭᠢᠭᠦᠯᠵᠦ | ᠦᠪᠡᠷ ᠤᠨ ᠰᠠᠪᠠᠨ ᠳᠠᠭᠠᠨ ᠪᠠᠭ᠎ᠠ ᠬᠢᠵᠦ ᠦᠯᠡᠳᠡᠭᠡᠨ ᠠᠪᠤᠭᠠᠳ ᠦᠭᠳᠡᠭ ᠶᠤᠰᠤ ᠪᠤᠢ᠃ | ᠰᠦᠨᠢ ᠪᠣᠯ ᠴᠠᠭᠠᠨ ᠢᠳᠡᠭᠡ ᠶᠢ ᠬᠦᠮᠦᠨ ᠳᠤ ᠢᠯᠡ ᠪᠠᠷ ᠰᠢᠭᠤᠳ ᠦᠭᠭᠦ ᠶᠢ ᠴᠡᠭᠡᠷᠯᠡᠳᠡᠭ᠃ ᠬᠡᠷᠪᠡ | ᠬᠦᠮᠦᠨ ᠳᠤ ᠵᠠᠪᠠᠯ ᠦᠭᠭᠦ ᠴᠢᠬᠤᠯᠠ ᠲᠠᠢ ᠪᠣᠯ ᠭᠡᠷ ᠤᠨ ᠬᠦᠮᠦᠰ ᠨᠢ ᠰᠠᠪᠠᠯᠠᠵᠦ ᠨᠢᠭᠤᠭᠰᠠᠨ ᠪᠠᠶᠢᠳᠠᠯ ᠭᠠᠷᠭᠠᠨ᠂ | ᠠᠪᠴᠤ ᠶᠠᠪᠤᠬᠤ ᠬᠦᠮᠦᠨ ᠨᠢ ᠦᠭᠡ ᠳᠠᠭᠤ ᠭᠠᠷᠭᠠᠯ ᠦᠭᠡᠢ ᠪᠠᠷ ᠰᠡᠮᠡᠬᠡᠨ ᠠᠪᠴᠤ ᠶᠠᠪᠤᠨ᠎ᠠ᠃ | ᠴᠠᠭᠠᠨ ᠢᠳᠡᠭᠡ ᠠᠮᠰᠠᠬᠤ ᠳᠠᠭᠠᠨ ᠬᠤᠪᠴᠠᠰᠤ ᠬᠤᠨᠠᠷ ᠰᠤᠯᠠ ᠵᠠᠳᠠᠭᠠᠢ ᠪᠠᠶᠢᠬᠤ ᠶᠢ ᠴᠡᠭᠡᠷᠯᠡᠨ᠎ᠡ᠃ | ᠠᠶᠢᠷᠠᠭ ᠲᠤ ᠬᠤᠵᠢᠷ ᠳᠠᠪᠤᠰᠤ ᠬᠦᠷᠭᠡᠬᠦ᠂ ᠬᠤᠷᠤᠳ ᠢ ᠭᠠᠯ ᠳᠤ ᠰᠢᠷᠠᠬᠤ᠂ ᠰᠢᠷ᠎ᠠ ᠲᠤᠰᠤ ᠪᠠᠷ ᠴᠠᠭᠠᠨ | ᠢᠳᠡᠭᠡ ᠠᠮᠰᠠᠭᠤᠯᠬᠤ ᠵᠡᠷᠭᠡ ᠶᠢ ᠴᠡᠭᠡᠷᠯᠡᠨ᠎ᠡ᠃ | ᠮᠤᠩᠭᠤᠯᠴᠤᠳ᠂ ᠴᠠᠭᠠᠨ ᠢᠳᠡᠭᠡᠨ ᠢᠶᠠᠨ ᠢᠳᠡᠭᠡᠨ ᠤ ᠵᠦᠢᠯ ᠪᠠ ᠤᠮᠳᠠᠭᠠᠨ ᠤ ᠵᠦᠢᠯ ᠭᠡᠵᠤ ᠬᠤᠶᠠᠷ | ᠵᠦᠢᠯ ᠳᠤ ᠠᠩᠭᠢᠯᠠᠳᠠᠭ᠃ | ᠢᠳᠡᠭᠡᠨ ᠤ ᠵᠦᠢᠯ ᠳᠤ᠄ ᠠᠭᠠᠷᠤᠤᠯ᠂ ᠬᠤᠷᠤᠳ᠂ ᠪᠢᠰᠢᠯᠠᠭ᠂ ᠦᠷᠦᠮ᠎ᠡ᠂ ᠰᠢᠷ᠎ᠠ ᠲᠤᠰᠤ᠂ ᠵᠦᠭᠡᠬᠡᠢ᠂ | ᠴᠦᠴᠦᠭᠡᠢ᠂ ᠡᠭᠡᠵᠡᠭᠡᠢ᠂ ᠰᠦᠨ ᠲᠠᠯᠬ᠎ᠠ ᠵᠡᠷᠭᠡ ᠪᠠᠶᠢᠵᠦ︔ ᠤᠮᠳᠠᠭᠠᠨ ᠤ ᠵᠦᠢᠯ ᠳᠤ᠄ ᠤᠭᠤᠷᠠᠭ᠂ ᠰᠦ᠂ ᠡᠰᠦᠭ | ᠂ ᠴᠡᠭᠡ᠂ ᠡᠭᠡᠳᠡᠮᠦᠭ᠂ ᠠᠶᠢᠷᠠᠭ᠂ ᠲᠠᠷᠠᠭ ᠵᠡᠷᠭᠡ ᠪᠠᠭᠲᠠᠨ᠎ᠠ᠃ | ᠴᠠᠭᠠᠨ ᠢᠳᠡᠭᠡ᠂ ᠤᠯᠠᠭᠠᠨ ᠢᠳᠡᠭᠡ ᠶᠢ ᠬᠤᠯᠢᠬᠤ ᠶᠢ ᠴᠡᠭᠡᠷᠯᠡᠳᠡᠭ᠃ ᠰᠦ ᠪᠣᠯ ᠴᠠᠭᠠᠨ᠂ ᠠᠷᠢᠭᠤᠨ᠂ | ᠴᠢᠰᠤ ᠪᠣᠯ ᠤᠯᠠᠭᠠᠨ ᠤᠴᠢᠷ ᠰᠦ ᠮᠡᠲᠦ ᠠᠷᠢᠭᠤᠨ ᠪᠢᠰᠢ ᠭᠡᠵᠤ ᠦᠵᠡᠳᠡᠭ᠃ ᠰᠦ ᠨᠢ ᠤᠰᠤ ᠴᠠᠢ ᠶᠢ ᠴᠠᠭᠠᠨ | ᠪᠤᠯᠭᠠᠳᠠᠭ ᠴᠦ ᠴᠢᠰᠤ ᠶᠢ ᠴᠠᠶᠢᠷᠠᠭᠤᠯᠵᠦ᠂ ᠴᠢᠰᠤᠨ ᠤ ᠴᠢᠨᠠᠷ ᠢ ᠬᠤᠪᠢᠷᠠᠭᠤᠯᠬᠤ ᠳᠤ ᠪᠡᠷᠬᠡ ᠲᠤᠯᠠ ᠤᠯᠠᠭᠠᠨ | ᠴᠠᠭᠠᠨ ᠢᠳᠡᠭᠡ ᠶᠢ ᠬᠤᠯᠢᠳᠠᠭ ᠦᠭᠡᠢ᠃ | ᠲᠠᠬᠢᠯᠭ᠎ᠠ ᠪᠤᠶᠤ ᠳᠠᠶᠢᠯᠠᠯᠭ᠎ᠠ ᠳᠡᠭᠡᠷ᠎ᠡ ᠰᠢᠭᠦᠰᠦ ᠲᠠᠯᠪᠢᠬᠤ ᠳᠠᠭᠠᠨ ᠬᠤᠨᠢᠨ ᠤ ᠲᠤᠯᠤᠭᠠᠢ ᠳᠡᠭᠡᠷ᠎ᠡ ᠨᠢ | ᠬᠤᠷᠤᠳ ᠴᠠᠭᠠᠨ ᠢᠳᠡᠭᠡ ᠪᠠᠷ ᠦᠩᠭᠡ ᠲᠠᠯᠪᠢᠵᠦ ︽ᠴᠠᠶᠢᠷᠠᠭᠤᠯᠳᠠᠭ︾ ᠠᠵᠢ᠃ | ᠰᠦ ᠴᠠᠭ᠎ᠠ ᠪᠣᠯ ᠠᠷᠢᠭᠤᠨ ᠴᠢᠨᠠᠷᠲᠤ ᠢᠳᠡᠭᠡᠨ ᠤᠮᠳᠠᠭᠠᠨ ᠪᠤᠯᠬᠤᠷ ᠰᠦ ᠴᠠᠭ᠎ᠠ ᠲᠠᠢ ᠤᠷᠤᠯᠳᠤᠬᠤ ᠠᠯᠢᠪᠠ | ᠳᠤᠬᠢᠶᠠᠯᠳᠤᠯ ᠳᠤ ᠵᠠᠪᠠᠯ ᠠᠷᠢᠭᠤᠨ ᠴᠡᠪᠡᠷ ᠪᠠᠶᠢᠬᠤ ᠶᠢ ᠬᠢᠴᠢᠶᠡᠳᠡᠭ᠃ | ᠭᠠᠷ ᠢᠶᠠᠨ ᠤᠬᠢᠶᠠᠯ ᠦᠭᠡᠢ ᠰᠦ ᠰᠠᠭᠠᠬᠤ ᠪᠤᠶᠤ ᠠᠯᠢᠪᠠ ᠰᠦ ᠴᠠᠭᠠᠨ ᠢᠳᠡᠭᠡ ᠲᠠᠢ ᠤᠷᠤᠯᠳᠤᠬᠤ ᠶᠢ ᠲᠤᠩ | ᠴᠡᠭᠡᠷᠯᠡᠳᠡᠭ᠃ ᠰᠦ ᠰᠠᠭᠠᠯᠢ ᠪᠠ ᠴᠠᠭᠠᠨ ᠢᠳᠡᠭᠡᠨ ᠤ ᠳᠡᠭᠡᠭᠦᠷ ᠠᠯᠬᠤᠵᠦ ᠭᠢᠰᠭᠢᠬᠦ᠂ ᠬᠤᠷᠮᠤᠢ ᠪᠠᠨ ᠡᠷᠭᠢᠯᠳᠦᠭᠦᠯᠬᠦ | ᠂ ᠭᠤᠲᠤᠯ ᠤᠶᠢᠮᠤᠰᠤ᠂ ᠦᠮᠦᠳᠦ ᠮᠡᠲᠦ ︽ᠪᠤᠵᠠᠷ︾ ᠵᠦᠢᠯ ᠰᠦ ᠰᠠᠭᠠᠯᠢ ᠲᠠᠢ ᠤᠶᠢᠷᠠᠲᠤᠬᠤ ᠶᠢ ᠴᠡᠭᠡᠷᠯᠡᠳᠡᠭ᠃ | ᠰᠦ ᠰᠠᠭᠠᠯᠢ ᠪᠤᠵᠠᠷᠲᠤᠪᠠᠯ ᠦᠨᠢᠶ᠎ᠡ ᠭᠡᠭᠦᠦ ᠶᠢᠨ ᠳᠡᠯᠡᠩ ᠬᠠᠪᠤᠳᠬᠤ ᠪᠤᠶᠤ ᠰᠦ ᠭᠠᠰᠢᠯᠬᠤ᠂ ᠴᠡᠭᠡ | ᠠᠶᠢᠷᠠᠭ ᠤᠨ ᠬᠦᠷᠦᠩᠭᠡ ᠬᠦᠴᠦ ᠰᠤᠯᠠᠷᠠᠵᠦ᠂ ᠬᠦᠮᠦᠨ ᠤ ᠬᠡᠶᠢᠮᠦᠷᠢ ᠬᠡᠪᠲᠡᠵᠦ᠂ ᠬᠢᠵᠢᠭ ᠡᠪᠡᠳᠴᠢᠨ ᠢᠷᠡᠨ᠎ᠡ᠃ | ᠨᠤᠬᠠᠢ᠂ ᠮᠤᠤᠷ᠂ ᠰᠢᠪᠠᠭᠤ ᠱᠠᠭᠠᠵᠠᠭᠠᠢ ᠶᠢᠨ ᠠᠮᠠ ᠬᠤᠩᠰᠢᠶᠠᠷ ︽ᠪᠤᠵᠠᠷ︾ ᠲᠤᠯᠠ ᠰᠦ ᠰᠠᠭᠠᠯᠢ ᠪᠠ | ᠢᠳᠡᠭᠡᠨ ᠤᠮᠳᠠᠭᠠᠨ ᠤ ᠰᠠᠪᠠᠨ ᠳᠤ ᠤᠶᠢᠷᠠᠳᠬᠤ ᠶᠢ ᠴᠡᠭᠡᠷᠯᠡᠳᠡᠭ᠃ | ᠰᠦ ᠶᠢ ᠬᠠᠷᠠᠩᠭᠤᠢ ᠰᠦᠨᠢ ᠭᠠᠳᠠᠭᠰᠢ ᠭᠠᠷᠭᠠᠬᠤ᠂ ᠠᠶᠢᠯ ᠵᠤᠨ ᠳᠤ ᠦᠭᠭᠦ ᠶᠢ ᠴᠡᠭᠡᠷᠯᠡᠳᠡᠭ᠃ | ᠰᠦ ᠪᠣᠯ ᠠᠷᠢᠭᠤᠨ ᠴᠠᠭᠠᠨ ᠪᠤᠯᠬᠤᠷ ᠬᠠᠷ᠎ᠠ ᠬᠠᠷᠠᠩᠭᠤᠢ ᠲᠠᠢ ᠨᠡᠶᠢᠯᠡᠳᠡᠭ ᠦᠭᠡᠢ᠂ ᠠᠯᠪᠠ ᠪᠠᠷ ᠨᠡᠶᠢᠯᠡᠭᠦᠯᠪᠡᠯ | ᠰᠦ ᠪᠤᠵᠠᠷᠳᠤᠨᠠ᠃ | ᠰᠦ ᠠᠰᠬᠠᠪᠠᠯ ᠠᠮᠠᠨ ᠤ ᠬᠡᠰᠢᠭ ᠲᠤ ᠮᠠᠭᠤ ᠭᠡᠨ᠎ᠡ᠃ ᠰᠠᠨᠠᠭᠠᠨ ᠳᠤ ᠦᠭᠡᠢ ᠠᠰᠬᠠᠬᠰᠠᠨ ᠪᠠᠶᠢᠪᠠᠯ ᠳᠤᠮᠳᠠ | ᠬᠤᠷᠤᠭᠤ ᠪᠠᠷ ᠢᠶᠠᠨ ᠳᠤᠬᠤᠨ ᠳᠠᠭᠠᠨ ᠲᠦᠷᠬᠢᠵᠦ ᠴᠡᠭᠡᠷ ᠲᠠᠶᠢᠯᠤᠨ᠎ᠠ᠃ | ᠰᠦ ᠲᠠᠢ ᠢᠳᠡᠭᠡᠨ ᠲᠠᠢ ᠳᠠᠪᠤᠰᠤᠯᠢᠭ ᠵᠦᠢᠯ ᠢ ᠬᠤᠯᠢᠵᠦ ᠢᠳᠡᠬᠦ ᠶᠢ ᠴᠡᠭᠡᠷᠯᠡᠨ᠎ᠡ᠃ ᠰᠦ ᠳᠡᠭᠡᠷ᠎ᠡ ᠬᠠᠷ᠎ᠠ | ᠤᠰᠤ᠂ ᠴᠢᠰᠤ ᠳᠤᠰᠤᠭᠠᠬᠤ ᠶᠢ ᠴᠡᠭᠡᠷᠯᠡᠨ᠎ᠡ᠃ | ᠠᠶᠢᠯ ᠳᠤ ᠬᠦᠷᠬᠦ ᠳᠤ ᠠᠶᠢᠯ ᠤᠨ ᠬᠦᠮᠦᠨ ᠬᠤᠲᠠᠨ ᠳᠤᠲᠤᠷ᠎ᠠ ᠪᠠᠨ ᠰᠦ ᠰᠠᠭᠠᠵᠦ ᠪᠠᠶᠢᠭᠠᠳ | ᠰᠠᠭᠤᠯᠭ᠎ᠠ ᠲᠠᠢ ᠰᠦ ᠪᠠᠨ ᠪᠠᠷᠢᠵᠦ ᠤᠭᠲᠤᠵᠦ ᠢᠷᠡᠬᠦ ᠳᠠᠭᠠᠷᠢᠯᠳᠤᠪᠠᠯ᠂ ᠡᠷᠬᠡᠪᠰᠢ ᠰᠦ ᠲᠠᠢ ᠰᠠᠪᠠ ᠶᠢ ᠨᠢ ᠠᠪᠴᠤ | ᠪᠠᠷᠢᠭᠠᠳ ᠭᠡᠷ ᠲᠤᠨᠢ ᠤᠷᠤᠬᠤ ᠶᠤᠰᠤᠲᠠᠢ᠃ ᠡᠨᠡ ᠨᠢ ᠴᠠᠭᠠᠨ ᠢᠳᠡᠭᠡ ᠶᠢ ᠲᠡᠷᠢᠭᠦᠨ ᠵᠡᠷᠭᠡ ᠶᠢᠨ ᠢᠳᠡᠭᠡᠨ ᠭᠡᠵᠤ | ᠬᠦᠨᠳᠦᠳᠭᠡᠵᠦ ᠪᠠᠶᠢᠭ᠎ᠠ ᠶᠠᠪᠤᠳᠠᠯ ᠮᠥᠨ᠃ | ᠴᠠᠭᠠᠨ ᠢᠳᠡᠭᠡ ᠢᠳᠡᠬᠦ ᠳᠡᠭᠡᠨ ᠰᠠᠪᠬ᠎ᠠ ᠬᠡᠷᠡᠭᠯᠡᠪᠡᠯ ᠴᠠᠭᠠᠨ ᠢᠳᠡᠭᠡ ᠢᠳᠡᠬᠦ ᠠᠮᠠᠨ ᠤ ᠬᠡᠰᠢᠭ ᠦᠭᠡᠢ | ᠪᠤᠯᠤᠨ᠎ᠠ᠃ | ᠴᠠᠭᠠᠨ ᠢᠳᠡᠭᠡ ᠢᠳᠡᠭᠡᠳ ᠰᠠᠪᠠ ᠶᠢ ᠨᠢ ᠬᠦᠮᠦᠷᠢᠵᠦ ᠲᠠᠯᠪᠢᠪᠠᠯ ᠪᠤᠶᠠᠨ ᠬᠡᠰᠢᠭ ᠲᠤ ᠮᠠᠭᠤ᠂ ᠰᠦ ᠴᠠᠭᠠᠨ | ᠢᠳᠡᠭᠡᠨ ᠤ ᠡᠭᠦᠳᠡ ᠬᠠᠭᠠᠭᠳᠠᠨ᠎ᠠ᠃ | ᠴᠠᠭᠠᠨ ᠢᠳᠡᠭᠡ ᠶᠢ ᠤᠷᠢᠳᠤ ᠵᠦᠭ ᠲᠤ ᠬᠠᠷᠠᠭᠤᠯᠤᠨ ᠠᠶᠠᠭᠠᠯᠠᠬᠤ ᠰᠠᠪᠠᠯᠠᠬᠤ ᠶᠢ ᠴᠡᠭᠡᠷᠯᠡᠨ᠎ᠡ᠃ ᠵᠦᠷᠢᠴᠡᠪᠡᠯ | ᠭᠠᠷᠤᠵᠠ ᠭᠠᠷᠤᠯᠭ᠎ᠠ ᠨᠢᠭᠤᠷᠯᠠᠨ᠎ᠠ᠃ |