ᠬᠤᠷᠤᠳ ᠤᠨ ᠦᠢᠯᠡᠳᠦᠯ
ᠨᠡᠶᠢᠲᠡᠯᠡᠭᠰᠡᠨ ᠴᠠᠭ᠄
2021/7/1
     ᠮᠤᠩᠭᠤᠯᠴᠤᠳ ᠭᠡᠳᠤᠨ ᠮᠢᠩᠭᠠᠨ ᠵᠢᠯ ᠤᠨ ᠳᠤᠷᠰᠢ ᠳᠠᠯ᠎ᠡ ᠨᠤᠳᠤᠭ ᠤᠨ ᠨᠡᠭᠦᠳᠡᠯ ᠰᠤᠶᠤᠯ ᠤᠨ ᠪᠤᠯᠪᠠᠰᠤᠨ ᠢ ᠪᠦᠳᠤᠭᠡᠭᠦ ᠶᠠᠪᠤᠴᠠ ᠳᠤ ᠪᠠᠨ ᠴᠠᠭᠠᠨ ᠢᠳᠡᠭᠡᠨ ᠭᠡᠮᠡᠭᠦ ᠦᠪᠠᠷᠮᠢᠴᠠ ᠰᠠᠶᠢᠬᠠᠨ ᠢᠳᠡᠭᠡᠨ ᠤᠮᠳᠠᠭᠠᠨ ᠤ ᠰᠤᠶᠤᠯ ᠢ ᠡᠭᠦᠳᠦᠭᠰᠡᠨ ᠪᠢᠯᠡ᠃ ᠴᠠᠭᠠᠨ ᠢᠳᠡᠭᠡᠨ ᠪᠤᠯ ᠰᠢᠮ᠎ᠡ ᠳᠡᠵᠢᠭᠡᠯ ᠢᠶᠠᠷ ᠦᠨᠳᠤᠷ ᠴᠤᠯ ᠪᠠᠶᠢᠭᠠᠯᠢᠯᠢᠬ ᠢᠳᠡᠭᠡᠨ ᠮᠦᠨ᠂ ᠳᠡᠭᠡᠪᠡᠯ ᠴᠠᠭᠠᠨ ᠢᠳᠡᠭᠡᠨ ᠤ ᠭᠤᠤᠯ ᠲᠦᠷᠦᠯ ᠵᠦᠢᠯ ᠪᠤᠯᠬᠤ ᠬᠤᠷᠤᠳ ᠨᠢ ᠭᠦᠮᠤᠨ ᠤ ᠪᠠᠶ᠎ᠡ ᠳᠤ ᠶᠠᠮᠠᠷ ᠠᠴᠢ ᠳᠤᠰᠠ ᠲᠠᠢ ᠪᠣᠯ︖ ᠨᠤᠳᠤᠭ ᠨᠤᠳᠤᠭ ᠤᠨ ᠦᠪᠠᠷᠮᠢᠴᠠ ᠤᠨᠴᠠᠯᠢᠭ ᠠᠴᠠ ᠪᠤᠯᠵᠤ ᠬᠤᠷᠤᠳ ᠤᠨ ᠳᠦᠷᠦᠯ ᠵᠦᠢᠯ ᠪᠠ ᠬᠢᠭᠦ ᠠᠷᠭ᠎ᠠ ᠪᠦᠷ ᠠᠳᠠᠯᠢ ᠦᠭᠡᠢ᠂ ᠶᠠᠷᠦᠳᠡᠭᠡᠨ ᠰᠦᠨ ᠬᠤᠷᠤᠳ ᠪᠠ ᠠᠭᠠᠷᠴᠠᠠ ᠬᠤᠷᠤᠳ ᠭᠡᠵᠤ ᠬᠤᠶᠠᠷ ᠠᠩᠬᠢᠯᠠᠨ᠎ᠡ᠃ ᠰᠦᠨ ᠬᠤᠷᠤᠳ ᠪᠤᠯ ᠬᠠᠮᠤᠭ ᠤᠨ ᠦᠯ ᠰᠢᠮ᠎ᠡ ᠲᠠᠢ ᠢᠳᠡᠭᠡᠨ ᠪᠤᠯᠤᠨ᠎ᠡ᠃      ᠰᠦᠨ ᠬᠤᠷᠤᠳ ᠲᠤ ᠭᠦᠮᠤᠨ ᠤ ᠪᠠᠶ᠎ᠡ ᠳᠤ ᠭᠡᠷᠡᠭᠰᠡᠬᠦ ᠠᠮᠢᠨᠣ᠋ ᠬᠦᠴᠢᠯ ᠠᠷᠪᠢᠨ ᠠᠭᠤᠯᠤᠭᠳᠠᠵᠤ ᠪᠠᠶᠢᠳᠠᠭ ᠪᠤᠯᠬᠤᠷ ᠪᠠᠶ᠎ᠡ ᠶᠢᠨ ᠳᠡᠮᠢᠷ ᠢ ᠰᠠᠶᠢᠵᠢᠷᠠᠭᠤᠯᠵᠤ᠂ ᠡᠪᠡᠳᠴᠢᠨ ᠡᠰᠡᠷᠭᠦᠴᠡᠬᠦ ᠦᠢᠯᠡᠳᠦᠯ ᠲᠠᠢ︔ ᠤᠶᠢᠷ᠎ᠡ ᠶᠢᠨ ᠵᠢᠯ ᠤᠨ ᠰᠤᠳᠤᠯᠭᠠᠨ ᠠᠴᠠ ᠦᠵᠡᠪᠡᠯ᠂ ᠰᠦ ᠶᠢ ᠪᠤᠯᠪᠠᠰᠤᠷᠠᠭᠤᠯᠤᠨ ᠬᠤᠷᠤᠳ ᠬᠢᠭᠦ ᠶᠠᠪᠤᠴᠠ ᠳᠤ ᠰᠦᠨ ᠳᠤᠳᠤᠷ᠎ᠡ ᠠᠭᠤᠯᠤᠭᠳᠠᠬᠤ ᠨᠢᠭᠡ ᠵᠦᠢᠯ ᠤᠨ ᠤᠭᠤᠷᠠᠭ ᠠᠴᠠ ᠵᠠᠳᠠᠷᠠᠨ ᠡᠭᠦᠰᠦᠭᠰᠡᠨ ᠪᠤᠳᠠᠰ ᠨᠢ ᠴᠢᠰᠤᠨ ᠤ ᠢᠯᠳᠠᠰᠤ ᠡᠭᠡᠳᠡᠭᠦ ᠶᠢ ᠬᠤᠷᠢᠭᠯᠠᠨ᠎ᠡ᠂ ᠡᠨᠡ ᠨᠢ ᠴᠢᠰᠤᠨ ᠤ ᠳᠠᠷᠤᠯᠳᠠ ᠶᠢ ᠪᠠᠭᠤᠷᠠᠭᠤᠯᠬᠤ ᠦᠢᠯᠡᠳᠤᠯ ᠲᠠᠢ᠃ ᠠᠭᠠᠷᠴᠠᠨ ᠬᠤᠷᠤᠳ ᠬᠤᠤᠷ ᠳᠠᠶᠢᠯᠬᠤ᠂ ᠰᠢᠮᠡᠵᠢᠭᠦᠯᠦᠨ ᠳᠠᠮᠢᠷᠵᠢᠭᠤᠯᠬᠤ ᠪᠠ ᠤᠮᠳᠠᠭᠠᠰᠬᠤ ᠶᠢ ᠵᠤᠭᠰᠤᠭᠠᠬᠤ ᠵᠡᠷᠭᠡ ᠴᠢᠳᠠᠮᠵᠢ ᠲᠠᠢ᠂ ᠭᠤᠤᠯᠳᠠᠭᠤ ᠢᠳᠡᠭᠡᠨ ᠤ ᠬᠤᠤᠷ ᠪᠠ ᠡᠮ ᠤᠨ ᠬᠤᠤᠷ ᠢ ᠳᠠᠶᠢᠯᠵᠤ᠂ ᠤᠮᠳᠠᠭᠠᠰᠬᠤ ᠶᠢ ᠲᠠᠶᠢᠯᠤᠨ᠎ᠠ᠃ ᠰᠦᠨ ᠬᠤᠷᠤᠳ ᠪᠤᠯᠤᠨ ᠠᠭᠠᠷᠴᠠᠨ ᠬᠤᠷᠤᠳ ᠲᠤ ᠸᠢᠲ᠋ᠠᠮᠢᠨ᠂ ᠦᠭᠡᠭᠦ᠂ ᠹᠤᠰᠹᠤᠷ᠂ ᠳᠡᠮᠤᠷ ᠵᠡᠷᠭᠡ ᠭᠦᠮᠤᠨ ᠤ ᠪᠠᠶ᠎ᠡ ᠳᠤ ᠳᠤᠰᠠᠳᠠᠢ ᠪᠢᠴᠢᠯ ᠡᠯᠧᠮᠧᠨ᠋ᠲ ᠡᠯᠪᠡᠭ ᠠᠭᠤᠯᠤᠭᠳᠠᠳᠠᠭ ᠠᠴᠠ ᠭᠠᠳᠠᠨ᠎ᠠ ᠲᠠᠷᠬᠠᠯᠠᠭ᠎ᠠ ᠶᠢ ᠳᠡᠭᠡᠭᠰᠢᠯᠡᠭᠦᠯᠵᠤ᠂ ᠦᠩᠭᠡ ᠵᠢᠰᠤ ᠶᠢ ᠭᠤᠸᠠᠯᠢᠬᠵᠢᠭᠤᠯᠬᠤ ᠥᠢᠯᠡᠳᠦᠯ ᠲᠠᠢ᠃      ᠮᠤᠩᠭᠤᠯᠴᠤᠳ ᠪᠠᠶᠢᠭᠠᠯᠢ᠂ ᠴᠠᠭ ᠠᠭᠠᠷ ᠤᠨ ᠨᠦᠭᠦᠴᠠᠯ ᠳᠤ ᠳᠤᠬᠢᠷᠠᠭᠤᠯᠤᠨ ᠰᠦ ᠪᠠᠷ ᠤᠯᠠᠨ ᠳᠦᠷᠦᠯ ᠤᠨ ᠴᠠᠭᠠᠨ ᠢᠳᠡᠭᠡᠨ ᠤ ᠪᠦᠳᠦᠭᠡᠭᠳᠡᠭᠦᠨ ᠬᠢᠵᠤ᠂ ᠵᠢᠯ ᠤᠨ ᠳᠦᠷᠪᠡᠨ ᠤᠯᠠᠷᠢᠯ ᠳᠤ ᠵᠤᠬᠢᠴᠠᠭᠤᠯᠤᠨ ᠭᠦᠨᠡᠰᠤᠨ ᠳᠤ ᠪᠠᠨ ᠭᠡᠷᠡᠭᠯᠡᠳᠡᠭ ᠢᠶᠠᠷ ᠮᠤᠩᠭᠤᠯ ᠭᠦᠮᠤᠨ ᠤ ᠪᠠᠶ᠎ᠡ ᠳᠤ ᠭᠠᠶᠢᠬᠠᠮᠰᠢᠭᠳᠠᠢ ᠵᠤᠬᠢᠴᠠᠵᠤ᠂ ᠡᠷᠡᠭᠦᠯ ᠰᠠᠷᠠᠭᠤᠯ ᠠᠵᠤ ᠳᠦᠷᠦᠭᠦ ᠰᠠᠭᠤᠷᠢ ᠪᠤᠯᠤᠭᠰᠠᠭᠠᠷ ᠢᠷᠡᠭᠰᠡᠨ ᠶᠤᠮ᠃ ᠬᠠᠬᠢᠷ ᠭᠦᠢᠳᠡᠨ ᠤᠯᠠᠷᠢᠯ ᠳᠤ ᠳᠠᠷᠬᠠᠯᠠᠭ᠎ᠠ ᠰᠠᠷᠭᠦᠭᠡᠵᠤ ᠶᠠᠳᠠᠷᠠᠭ᠎ᠠ ᠳᠠᠶᠢᠯᠬᠤ ᠳᠤ ᠠᠭᠠᠷᠴᠠᠨ ᠬᠤᠷᠤᠳ ᠬᠢᠭᠰᠡᠨ ᠪᠠᠩᠰᠢ ᠲᠠᠢ ᠱᠦᠯᠦ ᠤᠤᠭᠤᠨ᠎ᠠ︔ ᠬᠤᠳᠤᠭᠤᠳᠤ ᠳᠠᠯᠢᠭᠦᠦ ᠶᠢᠨ ᠳᠠᠮᠢᠷ ᠳᠤᠷᠦ᠋ᠢᠳᠠᠬᠤ ᠳᠤ ᠬᠤᠷᠤᠳ ᠲᠠᠢ ᠭᠤᠯᠢᠷ ᠢᠳᠡᠭᠡᠨ ᠢᠶᠠᠷ ᠡᠮᠨᠡᠳᠡᠭ︔ ᠬᠤᠷᠤᠳ ᠮᠢᠬ᠎ᠠ ᠶᠢᠨ ᠵᠠᠭᠤᠰᠢ ᠨᠢ ᠳᠠᠪᠤᠨ ᠴᠤᠯᠤ ᠶᠢ ᠰᠠᠶᠢᠵᠢᠷᠠᠭᠤᠯᠤᠨ᠎ᠡ︔ ᠬᠤᠤᠷᠳᠤ ᠮᠤᠭᠠᠢ ᠪᠤᠶᠤ ᠰᠢᠪᠠᠵᠢ ᠬᠤᠷᠤᠬᠠᠢ ᠳᠤ ᠬᠠᠵᠠᠭᠳᠠᠪᠠᠯ ᠴᠠᠭ᠎ᠠ ᠶᠢᠨ ᠳᠤᠭᠰᠢᠨ ᠰᠢᠷᠡᠰᠤ ᠪᠠᠷ ᠤᠬᠢᠶᠠᠬᠤ ᠪᠤᠶᠤ ᠠᠭᠠᠷᠴᠠ ᠰᠢᠪᠠᠵᠤ ᠬᠤᠤᠷ ᠳᠠᠶᠢᠯᠬᠤ ᠵᠡᠷᠭᠡ ᠤᠯᠠᠨ ᠤᠯᠠᠮᠵᠢᠯᠠᠯᠳᠤ ᠵᠤᠷ ᠤᠳ ᠪᠤᠢ᠃ ᠡᠭᠦᠨ ᠠᠴᠠ ᠭᠠᠳᠠᠨ᠎ᠡ ᠠᠭᠠᠷᠴᠠᠨ ᠬᠤᠷᠤᠳ ᠢ ᠵᠢᠵᠢᠭᠯᠡᠭᠡᠳ ᠶᠠᠰᠣᠨ ᠤ ᠱᠦᠯᠦ᠂ ᠮᠢᠬ᠎ᠠ ᠲᠠᠢ ᠪᠤᠳᠠᠭ᠎ᠠ ᠪᠣᠯᠣᠨ ᠱᠦᠯᠦ ᠭᠤᠯᠢᠷ ᠲᠤ ᠬᠢᠵᠤ ᠢᠳᠡᠳᠡᠭ᠃ ᠪᠠᠰᠠ ᠵᠠᠷᠢᠮ ᠠᠶᠢᠯ ᠬᠠᠷ᠎ᠡ ᠱᠦᠯᠦ ᠪᠤᠯᠤᠨ ᠪᠤᠤᠵᠠ᠂ ᠪᠠᠩᠰᠢ ᠶᠢᠨ ᠨᠠᠶᠢᠷᠠᠯᠭ᠎ᠠ ᠳᠤ ᠪᠠᠨ ᠠᠭᠠᠷᠴᠠᠨ ᠬᠤᠷᠤᠳ ᠬᠢᠵᠤ ᠢᠳᠡᠨ᠎ᠠ᠃ ᠢᠩᠬᠢᠵᠦ ᠢᠳᠡᠬᠦ ᠨᠢ ᠢᠳᠡᠰᠢ ᠰᠢᠩᠭᠡᠭᠡᠭᠦ᠂ ᠬᠤᠳᠤᠭᠤᠳᠤ ᠭᠡᠳᠡᠰᠤ ᠶᠢ ᠰᠠᠶᠢᠵᠢᠷᠠᠭᠤᠯᠬᠤ᠂ ᠶᠠᠳᠠᠷᠠᠭ᠎ᠠ ᠳᠠᠶᠢᠯᠬᠤ ᠪᠠ ᠭᠦᠴᠤ ᠲᠠᠮᠢᠷ ᠤᠷᠤᠭᠤᠯᠬᠤ ᠦᠢᠯᠡᠳᠤᠯ ᠲᠠᠢ︔ ᠦᠷᠯᠦᠭᠡᠨ ᠤ ᠴᠠᠢ ᠳᠠᠭᠠᠨ ᠭᠡᠳᠤᠨ ᠵᠦᠰᠦᠮ ᠬᠤᠷᠤᠳ ᠬᠢᠭᠡᠳ ᠤᠤᠭᠤᠪᠠᠯ ᠬᠠᠭᠠᠰ ᠡᠳᠤᠷ ᠦᠯᠦᠰᠴᠤ ᠤᠮᠳᠠᠭᠠᠰᠬᠤ ᠦᠭᠡᠢ ᠦᠯ ᠲᠠᠢ ᠪᠠᠶᠢᠳᠠᠭ ᠪᠦᠬᠡᠳ ᠳᠡᠷᠡᠴᠢᠯᠡᠨ ᠡᠳᠤᠷ ᠪᠦᠷᠢ ᠬᠤᠷᠤᠳ ᠲᠠᠢ ᠴᠠᠢ ᠤᠤᠭᠤᠬᠤ ᠨᠢ ᠪᠠᠶ᠎ᠡ ᠮᠠᠬᠠᠪᠤᠳ ᠢ ᠴᠢᠬᠢᠷᠠᠭᠵᠢᠭᠤᠯᠤᠨ᠂ ᠳᠠᠷᠬᠠᠯᠠᠭ᠎ᠠ ᠶᠢ ᠶᠠᠭᠡᠪᠠᠷ ᠰᠠᠶᠢᠵᠢᠷᠠᠭᠤᠯᠳᠠᠬ᠃      ᠭᠡᠪᠡᠴᠤ ᠬᠤᠷᠤᠳ ᠨᠢ ᠰᠢᠩᠭᠡᠭᠦ ᠳᠤ ᠤᠳᠠᠭᠠᠨ ᠤᠴᠢᠷ ᠠᠴᠠ ᠰᠢᠩᠭᠡᠭᠡᠯᠳᠡ ᠮᠠᠭᠤ ᠭᠦᠮᠤᠰ ᠠᠷᠪᠢᠨ ᠢᠳᠡᠵᠤ ᠪᠤᠯᠬᠤ ᠦᠭᠡᠢ︔ ᠬᠤᠷᠤᠳ ᠲᠤ ᠫᠦᠷᠢᠨ ᠠᠷᠪᠢᠨ ᠠᠭᠤᠯᠤᠭᠳᠠᠬᠤ ᠤᠴᠢᠷ ᠠᠴᠠ ᠦᠷᠭᠡᠰᠤᠳᠤ ᠬᠠᠪᠤᠳᠠᠷ ᠲᠠᠢ ᠡᠪᠡᠳᠴᠢᠳᠠᠨ ᠪᠣᠯᠣᠨ ᠴᠢᠰᠤᠨ ᠳᠠᠬᠢ ᠰᠢᠭᠡᠰᠤᠨ ᠭᠦᠴᠢᠯ ᠤᠨ ᠦᠳᠭᠡᠴᠡ ᠦᠨᠳᠤᠷ ᠭᠦᠮᠤᠰ ᠢᠳᠡᠬᠦ ᠳᠤ ᠪᠠᠨ ᠬᠢᠴᠢᠶᠠᠭᠦ ᠭᠡᠷᠡᠭᠳᠡᠢ︔ ᠬᠤᠷᠤᠳ ᠲᠤ ᠶᠡᠭᠡ ᠬᠡᠮᠵᠢᠶᠠᠨ ᠤ ᠠᠮᠢᠨᠣ᠋ ᠭᠦᠴᠢᠯ ᠠᠭᠤᠯᠤᠭᠳᠠᠬᠤ ᠤᠴᠢᠷ ᠠᠴᠠ ᠭᠡᠳᠤ ᠠᠷᠪᠢᠨ ᠢᠳᠡᠪᠡᠯ ᠨᠦᠢᠷ ᠬᠤᠯᠵᠢᠭᠤᠯᠳᠠᠭ᠃  
 
ᠢᠷᠡᠯᠲᠡ᠄ ᠳᠤᠮᠳᠠᠳᠤ ᠤᠯᠤᠰ ᠤᠨ ᠮᠣᠩᠭᠤᠯ ᠷᠠᠳᠢᠣ᠋ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号