ᠨᠤᠲᠤᠭ ᠤᠨ ᠵᠠᠰᠠᠯ᠄ ᠬᠠᠯᠠᠭᠠᠢ
ᠨᠡᠶᠢᠲᠡᠯᠡᠭᠰᠡᠨ ᠴᠠᠭ᠄
2021/6/29
     ᠲᠠᠪᠤᠨ ᠰᠠᠷ᠎ᠠ ᠶᠢᠨ ᠬᠠᠯᠠᠭᠠᠢ ᠶᠢ ᠠᠷᠠᠳ ᠤᠨ ᠤᠯᠠᠮᠵᠢᠯᠠᠯᠲᠤ ᠡᠮᠴᠢᠯᠡᠭᠡᠨ ᠳᠤ ᠥᠷᠭᠡᠨ ᠬᠡᠷᠡᠭᠯᠡᠳᠡᠭ᠃ ᠡᠨᠡ ᠦᠶ᠎ᠡ ᠳᠤ ᠬᠠᠯᠠᠭᠠᠢ 25 ᠊᠊᠊᠊᠊ 30 ᠰᠡᠨᠲ᠋ᠢᠮᠧᠲᠷ ᠤᠷᠭᠤᠭᠰᠠᠨ ᠪᠠᠶᠢᠳᠠᠭ᠂ ᠲᠠᠪᠤᠨ ᠰᠠᠷ᠎ᠠ ᠶᠢᠨ ᠬᠠᠯᠠᠭᠠᠢ ᠶᠢ ᠬᠠᠲᠠᠭᠠᠵᠤ ᠡᠰᠡᠪᠡᠯ ᠰᠢᠭᠤᠳ ᠬᠡᠷᠡᠭᠯᠡᠵᠦ ᠪᠣᠯᠤᠨ᠎ᠠ᠃ ᠬᠠᠯᠠᠭᠠᠢ ᠨᠢ ᠠᠮᠢᠨ ᠳᠡᠮ ᠢᠶᠠᠷ ᠪᠠᠶᠠᠯᠢᠭ ᠲᠤᠯᠠ ᠪᠡᠶ᠎ᠡ ᠶᠢᠨ ᠳᠠᠷᠬᠠᠯᠠᠭ᠎ᠠ ᠲᠡᠳᠬᠦᠬᠦ᠂ ᠭᠤᠸ᠎ᠠ ᠰᠠᠶᠢᠬᠠᠨ ᠢ ᠵᠢᠪᠬᠤᠭᠠᠵᠢᠭᠤᠯᠬᠤ ᠵᠣᠷᠢᠯᠭ᠎ᠠ ᠪᠠᠷ ᠬᠤᠭᠤᠯᠠ ᠬᠦᠨᠡᠰᠦᠨ ᠳᠤ ᠡᠮᠴᠢᠯᠡᠭᠡᠨ ᠤ ᠵᠢᠷᠤᠮ ᠢᠶᠠᠷ ᠮᠥᠨ ᠭᠠᠳᠠᠭᠤᠷ ᠤᠭᠢᠶᠠᠵᠤ ᠱᠠᠪᠰᠢᠵᠤ ᠬᠡᠷᠡᠭᠯᠡᠵᠦ ᠪᠣᠯᠤᠨ᠎ᠠ᠃      ᠶᠡᠷᠦᠨᠢ ᠬᠠᠯᠠᠭᠠᠢ ᠶᠢ ᠵᠠᠪᠠᠯ ᠲᠠᠪᠤᠨ ᠰᠠᠷ᠎ᠠ ᠭᠡᠰᠡᠨ ᠦᠭᠡᠢ 8 ᠊᠊᠊᠊᠊ 9 ᠰᠠᠷ᠎ᠠ ᠳᠤ ᠴᠤ ᠲᠡᠭᠦᠨ ᠠᠪᠴᠤ ᠬᠠᠲᠠᠭᠠᠵᠤ ᠬᠡᠷᠡᠭᠯᠡᠵᠦ ᠪᠣᠯᠤᠨ᠎ᠠ᠃ ᠬᠠᠯᠠᠭᠠᠢ ᠶᠢ ᠵᠤᠨ ᠤ ᠰᠡᠬᠦᠯ᠂ ᠨᠠᠮᠤᠷ ᠤᠨ ᠡᠬᠢ ᠪᠠᠷ ᠬᠤᠷᠢᠶᠠᠨ ᠠᠪᠴᠤ ᠲᠠᠷᠤᠰᠢᠭᠤᠯᠤᠨ ᠵᠦᠪ ᠬᠠᠳᠠᠭᠠᠯᠠᠬᠤ ᠨᠢ ᠴᠢᠬᠤᠯᠠ ᠪᠠᠶᠢᠳᠠᠭ᠃      ᠬᠠᠯᠠᠭᠠᠢ ᠨᠢ ᠸᠢᠲ᠋ᠠᠮᠢᠨ C ᠊᠊᠊ K ᠪᠠᠷ ᠪᠠᠶᠠᠯᠢᠭ᠂ ᠤᠭᠤᠷᠠᠭ᠂ ᠲᠡᠮᠦᠷ᠂ ᠺᠠᠯᠼ᠂ ᠮᠠᠭᠨᠢ᠂ ᠴᠠᠶᠢᠷ ᠵᠡᠷᠭᠡ ᠡᠯᠧᠮᠧᠨ᠋ᠲ ᠤᠳ ᠶᠡᠭᠡ ᠬᠡᠮᠵᠢᠶ᠎ᠡ ᠪᠠᠷ ᠠᠭᠤᠯᠳᠠᠭ᠃      ᠴᠢᠰᠤ ᠳᠤᠳᠠᠳᠠᠭ ᠬᠥᠮᠥᠰ 500 ᠭᠷᠡᠮ ᠵᠥᠭᠡᠢ ᠶᠢᠨ ᠪᠠᠯ ᠳᠤ 100 ᠭᠷᠡᠮ ᠬᠠᠲᠠᠭᠠᠵᠤ ᠨᠤᠨᠳᠠᠭᠯᠠᠭᠰᠠᠨ ᠬᠠᠯᠠᠭᠠᠢ ᠶᠢ ᠬᠢᠵᠦ ᠨᠠᠶᠢᠷᠠᠭᠤᠯᠤᠨ᠂ ᠬᠤᠭᠤᠯᠠᠯᠠᠭᠰᠠᠨ ᠤ ᠳᠠᠷᠠᠭ᠎ᠠ ᠡᠳᠦᠷ ᠲᠤ ᠬᠠᠯᠪᠠᠭ᠎ᠠ ᠪᠠᠷ 3 ᠤᠳᠠᠭ᠎ᠠ ᠤᠤᠭᠤᠨ᠎ᠠ᠃ ᠡᠯᠢᠭᠡ ᠰᠥᠰᠦ ᠬᠤᠳᠣᠭᠤᠳᠣ ᠰᠢᠯᠤᠭᠤᠨ ᠭᠡᠳᠡᠰᠦᠨ ᠤ ᠰᠠᠯᠢᠰᠤᠲᠤ ᠶᠢᠨ ᠦᠷᠪᠢᠰᠦᠯ᠂ ᠴᠠᠭᠠᠨ ᠮᠢᠬ᠎ᠠ ᠡᠷᠭᠢᠬᠦ᠂ ᠨᠦᠢᠷ ᠬᠤᠯᠵᠢᠬᠤ᠂ ᠤᠰᠤᠨ ᠬᠠᠪᠤᠩ ᠬᠥᠭᠡᠬᠦ᠂ ᠡᠮᠡᠭᠲᠡᠶᠢᠴᠦᠳ ᠤᠨ ᠰᠠᠪᠠᠨ ᠤ ᠡᠪᠡᠳᠴᠢᠨ ᠳᠤ ᠬᠠᠯᠠᠭᠠᠢ ᠶᠢ ᠥᠷᠭᠡᠨ ᠬᠡᠷᠡᠭᠯᠡᠨ᠎ᠡ᠃ ᠡᠭᠦᠨ ᠤ ᠲᠤᠯᠠᠳᠠ 200 ᠮᠢᠯᠢᠯᠢᠲ᠋ᠧᠷ ᠬᠠᠯᠠᠭᠤᠨ ᠤᠰᠤᠨ ᠳᠤ ᠬᠠᠲᠠᠭᠠᠵᠤ ᠨᠤᠨᠲᠠᠭᠯᠠᠭᠰᠠᠨ ᠨᠢᠭᠡ ᠴᠠᠶᠢᠨ ᠤ ᠬᠠᠯᠪᠠᠭ᠎ᠠ ᠬᠠᠯᠠᠭᠠᠢ ᠶᠢ ᠬᠢᠵᠦ 1 ᠴᠠᠭ ᠣᠷᠴᠢᠮ ᠢᠳᠡᠭᠡᠰᠢᠭᠦᠯᠵᠦ᠂ ᠡᠳᠤᠷ ᠲᠤ ᠭᠤᠷᠪᠠ ᠬᠤᠪᠢᠶᠠᠨ ᠬᠤᠭᠤᠯᠠᠨ ᠤ ᠳᠠᠷᠠᠭ᠎ᠠ ᠤᠤᠭᠤᠨ᠎ᠠ᠃ ᠠᠷᠠᠰᠤ ᠵᠢᠪᠬᠤᠭᠠᠵᠢᠭᠤᠯᠬᠤ ᠳᠤ ᠬᠠᠲᠠᠭᠠᠵᠤ ᠨᠤᠨᠲᠠᠭᠯᠠᠭᠰᠠᠨ ᠬᠠᠯᠠᠭᠠᠢ ᠠᠴᠠ 1 ᠊᠊᠊᠊᠊ 2 ᠬᠤᠭᠤᠯᠠᠨ ᠤ ᠬᠠᠯᠪᠠᠭ᠎ᠠ ᠶᠢ ᠠᠶᠠᠭᠠᠨ ᠳᠤ ᠬᠢᠵᠦ ᠬᠠᠯᠠᠭᠤᠨ ᠤᠰᠤ ᠪᠠᠷ ᠵᠢᠭᠤᠷᠠᠵᠤ 10 ᠮᠢᠨᠦ᠋ᠲ ᠢᠳᠡᠭᠡᠰᠢᠭᠦᠯᠦᠨ᠎ᠡ᠃ ᠬᠠᠯᠠᠭᠠᠢ ᠶᠢᠨ ᠪᠦᠯᠢᠶᠡᠨ ᠵᠤᠲᠠᠩ ᠢᠶᠠᠷ ᠨᠢᠭᠤᠷ ᠪᠣᠯᠤᠨ ᠬᠦᠵᠦᠭᠦᠨ ᠳᠡᠭᠡᠨ ᠲᠦᠷᠬᠢᠵᠦ 20 ᠊᠊᠊᠊᠊ 25 ᠮᠢᠨᠦ᠋ᠲ ᠤᠨ ᠳᠠᠷᠠᠭ᠎ᠠ ᠤᠰᠤ ᠪᠠᠷ ᠤᠭᠢᠶᠠᠨ᠎ᠠ᠃ ᠡᠶᠢᠨᠬᠦ ᠨᠢᠯᠬ᠎ᠠ ᠬᠠᠯᠠᠭᠠᠢ ᠶᠢᠨ ᠮᠠᠰᠺ ᠢ ᠪᠦᠬᠦ ᠲᠥᠷᠤᠯ ᠤᠨ ᠠᠷᠠᠰᠤ ᠠᠷᠠᠴᠢᠯᠠᠭᠠᠨ ᠳᠤ ᠬᠡᠷᠡᠭᠯᠡᠬᠦ ᠳᠤ ᠥᠩᠭᠡᠯᠢᠭ ᠲᠣᠯᠢᠭᠠᠷ ᠪᠣᠯᠭᠠᠬᠤ ᠠᠴᠠ ᠭᠠᠳᠠᠨ᠎ᠠ ᠲᠡᠵᠢᠭᠡᠯ ᠥᠭᠬᠦ ᠰᠠᠶᠢᠨ ᠲᠠᠯ᠎ᠠ ᠲᠠᠢ᠃      ᠲᠠᠷᠢᠬᠢᠨ ᠤ ᠰᠤᠳᠠᠰᠤᠨ ᠤ ᠨᠠᠷᠢᠰᠤᠯ᠂ ᠦᠰᠦ ᠤᠨᠠᠯᠲᠠ ᠶᠢ ᠵᠣᠭᠰᠣᠭᠠᠬᠤ ᠵᠣᠷᠢᠯᠭ᠎ᠠ ᠪᠠᠷ ᠬᠠᠯᠠᠭᠠᠢ ᠶᠢᠨ ᠬᠠᠨᠳᠠ ᠪᠠᠷ ᠤᠭᠢᠶᠠᠵᠤ ᠱᠠᠪᠰᠢᠵᠤ ᠬᠡᠷᠡᠭᠯᠡᠵᠦ ᠪᠣᠯᠤᠨ᠎ᠠ᠃ ᠰᠤᠳᠠᠰᠤᠨ ᠤ ᠨᠠᠷᠢᠰᠤᠯ ᠤᠨ ᠦᠶ᠎ᠡ ᠳᠤ ᠪᠢᠩᠨᠡᠭᠦᠷ ᠲᠠᠯᠪᠢᠬᠤ ᠪᠠ 200 ᠭᠷᠠᠮ ᠬᠠᠯᠠᠭᠠᠢ ᠶᠢ ᠵᠢᠩᠨᠡᠵᠦ ᠪᠡᠶ᠎ᠡ ᠶᠢᠨ ᠳᠤᠯᠠᠭᠠᠨ ᠲᠠᠢ ᠢᠵᠢᠯᠢ ᠪᠣᠯᠭᠠᠨ ᠲᠣᠯᠣᠭᠠᠢ ᠳᠤ ᠪᠢᠩᠨᠡᠭᠦᠷ ᠲᠠᠯᠪᠢᠨ᠎ᠠ᠃ ᠮᠥᠨ 200 ᠭᠷᠠᠮ ᠬᠠᠲᠠᠭᠠᠭᠰᠠᠨ ᠬᠠᠯᠠᠭᠠᠢ ᠶᠢ 300 ᠮᠢᠯᠢᠯᠢᠲ᠋ᠧᠷ ᠤᠰᠤᠨ ᠳᠤ ᠬᠢᠵᠦ ᠪᠤᠴᠠᠯᠭᠠᠨ 200 ᠮᠢᠯᠢᠯᠢᠲ᠋ᠧᠷ ᠬᠦᠷᠲᠡᠯ᠎ᠡ ᠢᠳᠡᠭᠡᠰᠢᠭᠦᠯᠦᠭᠡᠳ ᠰᠢᠩᠭᠡᠨ ᠢᠶᠠᠷ ᠨᠢ ᠦᠰᠦ ᠪᠣᠯᠤᠨ ᠬᠤᠶᠢᠬᠠᠨ ᠳᠠᠭᠠᠨ ᠰᠦᠷᠴᠢᠵᠦ ᠱᠠᠪᠰᠢᠵᠤ ᠬᠡᠷᠡᠭᠯᠡᠨ᠎ᠡ᠃ ᠰᠤᠳᠠᠰᠤᠨ ᠤ ᠨᠠᠷᠢᠰᠤᠯ ᠤᠨ ᠦᠶ᠎ᠡ ᠳᠤ ᠡᠮᠴᠢᠯᠡᠭᠡᠨ ᠤ ᠳ᠋ᠦᠡᠭ ᠨᠢ ᠡᠳᠤᠷ ᠲᠤ 3 ᠴᠠᠭ ᠢᠶᠠᠷ 15 ᠮᠢᠨᠦ᠋ᠲ ᠲᠤᠲᠤᠮ ᠬᠤᠶᠢᠬᠠᠨ ᠳᠤ  ᠰᠦᠷᠴᠢᠵᠦ 7 ᠬᠤᠨᠤᠭ ᠬᠡᠷᠡᠭᠯᠡᠭᠡᠳ 14 ᠬᠤᠨᠤᠭ ᠠᠮᠠᠷᠠᠨ᠎ᠠ᠃ ᠡᠮᠴᠢᠯᠡᠭᠡ ᠶᠢ ᠦᠷ᠎ᠡ ᠳ᠋ᠦᠩ ᠭᠠᠷᠲᠠᠯ᠎ᠠ ᠦᠷᠭᠦᠯᠵᠢᠯᠡᠭᠦᠯᠦᠨ᠎ᠡ᠃ ᠦᠰᠦᠨ ᠤ ᠴᠢᠨᠠᠷ ᠢ ᠳᠡᠭᠡᠭᠰᠢᠯᠡᠭᠦᠯᠬᠦ ᠳᠤ 7 ᠬᠤᠨᠤᠭ ᠲᠤ 2 ᠊᠊᠊᠊᠊ 3 ᠤᠳᠠᠭ᠎ᠠ ᠦᠰᠦᠨ ᠳᠡᠭᠡᠨ ᠰᠦᠷᠴᠢᠵᠦ ᠬᠡᠷᠡᠭᠯᠡᠨ᠎ᠡ᠃      ᠬᠠᠯᠠᠭᠠᠢ ᠲᠠᠢ ᠴᠠᠢ᠂ ᠬᠠᠯᠠᠭᠠᠢ ᠲᠠᠢ ᠬᠤᠱᠤᠤᠷ ᠬᠠᠪᠤᠷ ᠤᠨ ᠤᠯᠠᠷᠢᠯ ᠳᠤ ᠬᠦᠨᠡᠰᠦ ᠲᠡᠳᠦᠢ ᠦᠭᠡᠢ ᠠᠮᠢᠨ ᠳᠡᠮ ᠪᠣᠯᠣᠨ᠎ᠠ᠃ ᠬᠠᠳᠠᠭᠠᠯᠠᠭᠰᠠᠨ ᠬᠠᠯᠠᠭᠠᠢ ᠶᠢ ᠬᠠᠯᠠᠭᠠᠢ ᠴᠠᠢ᠂ ᠤᠮᠳᠠᠭᠠᠨ᠂ ᠬᠠᠯᠠᠭᠠᠢ ᠲᠠᠢ ᠬᠤᠱᠤᠤᠷ ᠭᠡᠬᠦ ᠮᠡᠳᠥ ᠪᠠᠷ ᠬᠦᠨᠡᠰᠦᠨ ᠳᠡᠭᠡᠨ ᠬᠡᠷᠡᠭᠯᠡᠵᠦ ᠪᠣᠯᠬᠤ ᠶᠤᠮ᠃ ᠬᠠᠯᠠᠭᠠᠢ ᠨᠢ ᠸᠢᠲ᠋ᠠᠮᠢᠨ C᠂ ᠣᠭᠤᠷᠠᠭ᠂ ᠳᠠᠮᠣᠷ ᠵᠡᠷᠭᠡ ᠡᠯᠪᠡᠭ ᠠᠭᠤᠯᠳᠠᠭ ᠳᠣᠯᠠ ᠱᠦᠯᠦᠨ ᠳᠤ᠂ ᠮᠦᠨ ᠪᠣᠣᠵᠠ᠂ ᠱᠠᠯᠪᠢᠩ ᠬᠢᠵᠦ ᠢᠳᠡᠬᠦ ᠳᠤ ᠶᠠᠳᠠᠷᠠᠭ᠎ᠠ ᠳᠠᠶᠢᠯᠳᠠᠭ ᠪᠢᠯᠡ᠃
 
ᠢᠷᠡᠯᠲᠡ᠄ ᠠᠯᠠᠱᠨ ᠵᠡᠬᠦᠨ ᠬᠤᠰᠢᠭᠤᠨ ᠤ ᠠᠷᠠᠳ ᠤᠨ ᠵᠠᠰᠠᠭ ᠤᠨ ᠤᠷᠲᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号