ᠪᠦᠬᠡ ᠱᠠᠯᠪᠢᠩ ︵ᠨᠠᠢᠮᠠ︶
ᠨᠡᠶᠢᠲᠡᠯᠡᠭᠰᠡᠨ ᠴᠠᠭ᠄
2021/6/28
               ᠪᠦᠭᠡ ᠱᠠᠯᠪᠢᠩ ᠢ ᠨᠡᠭᠡᠮᠵᠢᠯᠠᠵᠦ ᠭᠡᠤᠭᠡᠨ ᠪᠦᠭᠡ ᠭᠠᠯᠪᠠ ᠶᠢᠨ ᠭᠤᠪᠢ ᠠᠴᠠ ᠪᠤᠴᠠᠭᠰᠠᠨ            ᠭᠡᠤᠭᠡᠨ ᠪᠦᠭᠡ ᠲᠠᠷᠨ ᠱᠦᠨᠢ ᠱᠠᠯᠪᠢᠩ ᠢ ᠠᠯᠳᠠᠵᠦ ᠶᠠᠪᠤᠭᠤᠯᠤᠭᠠᠳ᠂ ᠡᠯᠳᠡᠪ ᠢ ᠪᠤᠲᠤᠵᠦ ᠤᠷᠪᠠᠨ ᠬᠦᠷᠪᠠᠨ ᠨᠢᠲᠤ ᠠᠨᠢᠭᠰᠠᠨ ᠦᠭᠡᠢ ᠦᠷ ᠴᠠᠶᠢᠯᠭᠠᠵᠡᠢ᠃      ᠲᠡᠭᠡᠭᠡᠳ ᠮᠠᠷᠭᠠᠰᠢ ᠨᠢ ᠭᠡᠤᠭᠡᠨ ᠪᠦᠭᠡ ᠴᠢᠳᠠᠯ ᠲᠡᠩᠭᠡᠭᠡ ᠲᠠᠢ ᠲᠡᠬᠦᠦ ᠪᠠᠨ ᠠᠪᠬᠤ ᠪᠠᠷ ᠲᠠᠬᠢᠨ ᠬᠦᠷᠢᠶ᠎ᠠ ᠤᠷᠤᠵᠦ᠂ ᠬᠤᠶᠠᠭᠤᠯᠨ ᠪᠠᠨ ᠨᠢᠭᠡ ᠨᠢᠭᠡ ᠰᠠᠶᠢᠨ ᠮᠤᠷᠢ ᠰᠤᠩᠭᠤᠨ ᠤᠨᠤᠵᠦ᠂ ᠢᠯᠡᠬᠦᠦ ᠪᠠᠰᠠ ᠨᠢᠭᠡ ᠨᠢᠭᠡ ᠰᠤᠯᠨ ᠮᠤᠷᠢ ᠬᠦᠲᠤᠯᠤᠨ᠂ ᠱᠠᠯᠪᠢᠩ ᠤᠨ ᠮᠦᠷ ᠢᠶᠠᠷ ᠮᠤᠷᠳᠠᠵᠠᠢ᠃ ᠭᠡᠤᠭᠡᠨ ᠪᠦᠭᠡ ᠶᠢᠨ ᠲᠡᠬᠦᠦ ᠨᠢ ᠭᠡᠵᠦ ᠮᠦᠨ ᠶᠡᠭᠡ ᠲᠡᠩᠭᠡᠭᠡ ᠲᠠᠢ ᠠᠷᠪᠠᠨ ᠲᠤᠯᠤᠭ᠎ᠠ ᠨᠠᠢᠮᠨ ᠬᠦᠷᠴᠦ ᠶᠠᠪᠤᠭ᠎ᠠ ᠵᠠᠯᠠᠭᠤ ᠪᠠᠶᠢᠵᠠᠢ᠃ ᠡᠭᠡᠴᠢ ᠲᠡᠬᠦᠦ ᠬᠤᠶᠠᠭᠤᠯᠨ ᠪᠠᠨ ᠵᠠᠮ ᠤᠨ ᠲᠤᠵᠢ ᠮᠤᠷᠢ ᠪᠠᠨ ᠰᠤᠶᠢᠵᠦ ᠤᠨᠤᠨ ᠰᠢᠮᠳᠠᠨ ᠨᠡᠭᠡᠵᠦ ᠶᠠᠪᠤᠭᠰᠠᠭᠠᠷ ᠪᠠᠶᠢᠭᠠᠳ ᠭᠤᠪᠢ ᠶᠢᠨ ᠶᠡᠭᠡ ᠬᠦᠳᠡᠭᠡ ᠳᠤ ᠱᠠᠯᠪᠢᠩ ᠢ ᠬᠦᠢᠴᠡᠵᠦ ᠢᠷᠡᠵᠦ ᠭᠡᠨ᠎ᠠ᠃      ᠱᠠᠯᠪᠢᠩ ᠶᠠᠭ ᠨᠢᠭᠡ ᠲᠤᠯᠤᠭᠠᠢ ᠶᠢᠨ ᠤᠷᠤᠢ ᠲᠡᠭᠡᠷ᠎ᠠ ᠮᠤᠷᠢ ᠪᠠᠨ ᠠᠮᠠᠷᠠᠭᠠᠭᠠᠳ ᠰᠠᠭᠤᠵᠦ ᠪᠠᠶᠢᠵᠠᠢ᠃ ᠭᠡᠤᠭᠡᠨ ᠪᠦᠭᠡ ᠲᠡᠷᠭᠡᠳᠡ ᠨᠢ ᠬᠦᠷᠴᠦ ᠢᠷᠡᠭᠡᠳ᠄ ︽ᠵᠠ᠂ ᠦᠨᠦᠲᠤᠷ ᠪᠢᠳᠡ ᠬᠤᠶᠠᠭᠤᠯᠨ ᠶᠠᠭᠠᠬᠢᠬᠤ ᠪᠢᠯᠨ︖︾ ᠭᠡᠰᠡᠨ ᠳᠤ᠂ ᠱᠠᠯᠪᠢᠩ ᠨᠢᠲᠤᠨ ᠤ ᠪᠠᠨ ᠪᠤᠯᠤᠩ ᠢᠶᠠᠷ ᠭᠡᠤᠭᠡᠨ ᠢ ᠨᠢᠭᠡ ᠬᠠᠷᠠᠵᠦ ᠠᠪᠤᠭᠠᠳ᠂ ︽ᠶᠠᠭᠠᠬᠢᠬᠤ ᠪᠠᠨ ᠪᠠᠶ᠎ᠠ ᠠᠴᠠ ᠪᠠᠨ ᠠᠰᠠᠭᠤ᠂ ᠨᠠᠳᠠ ᠠᠴᠠ ᠰᠤᠷᠠᠬᠤ ᠭᠡᠷᠡᠭ ᠦᠭᠡᠢ︕︾ ᠭᠡᠳ᠂ ᠶᠠᠭᠤ ᠴᠤ ᠪᠤᠯᠤᠭ᠎ᠠ ᠦᠭᠡᠢ ᠶᠤᠮ ᠰᠢᠭ᠋ ᠰᠢᠪᠠᠭ ᠤᠨ ᠲᠤᠯᠤᠭᠠᠢ ᠲᠠᠰᠤᠳᠠᠨ ᠦᠨᠦᠷᠯᠠᠵᠦ ᠰᠠᠭᠤᠵᠠᠢ᠃      ᠭᠡᠤᠭᠡᠨ ᠮᠤᠷᠢᠨ ᠠᠴᠠ ᠪᠠᠨ ᠪᠠᠭᠤᠵᠦ ᠴᠤᠯᠪᠤᠭᠤᠷ ᠢᠶᠠᠨ ᠲᠡᠬᠦᠦ ᠳᠡᠭᠡᠨ ᠬᠠᠶᠠᠵᠦ ᠦᠭᠬᠦᠭᠡᠳ᠂ ᠱᠠᠯᠪᠢᠩ ᠢ ᠬᠠᠷᠠᠵᠦ ᠭᠡᠰᠡᠭ ᠲᠤᠭᠤᠢ ᠵᠤᠭᠰᠤᠭᠰᠠᠨ ᠢᠶᠠᠨ ︽ᠪᠠᠷᠢᠯᠲᠤᠬᠤ ᠤᠤ︖︾ ᠭᠡᠵᠦ ᠠᠰᠠᠭᠤᠵᠠᠢ᠃      ᠱᠠᠯᠪᠢᠩ᠄ ︽ᠲᠠᠨ ᠤ ᠬᠠᠯᠬ᠎ᠠ ᠬᠦᠮᠦᠨ ᠭᠡᠳᠡᠭ ᠴᠢᠨᠢ ᠮᠠᠨᠵᠦ ᠶᠢᠨ ᠬᠠᠭᠠᠨ ᠲᠠᠢ ᠠᠳᠠᠯᠢ ᠭᠡᠤᠭᠡᠳ ᠤᠨ ᠵᠠᠩ  ᠲᠠᠢ ᠤᠯᠢᠭ ᠦᠭᠡᠢ ᠤᠯᠤᠰ᠂ ᠲᠠᠨᠤᠰ ᠲᠠᠢ ᠪᠠᠷᠢᠯᠲᠤᠬᠤ ᠦᠭᠡᠢ︕︾ ᠭᠡᠵᠡᠢ᠃      ᠭᠡᠤᠭᠡᠨ ᠤ ᠴᠢᠷᠠᠢ ᠨᠢ ᠬᠤᠪᠢᠯᠤᠨ᠄ ︽ᠴᠢ ᠶᠠᠭᠤᠨ ᠬᠦᠮᠦᠨ ᠪᠤᠢ︖ ᠶᠠᠭᠤ ᠭᠡᠳ ᠮᠠᠨ ᠤ ᠬᠠᠯᠬ᠎ᠠ ᠬᠦᠮᠦᠨ ᠢ  ᠮᠠᠭᠤᠯᠠᠵᠦ ᠪᠠᠶᠢᠨ᠎ᠠ ᠪᠤᠢ︖︾ ᠭᠡᠬᠦᠯ᠎ᠠ᠂ ᠱᠠᠯᠪᠢᠩ ᠭᠡᠯᠡᠵᠠᠢ᠄ ︽ᠰᠤᠨᠤᠰᠤᠶ᠎ᠠ ᠭᠡᠪᠠᠯ ᠪᠢ ᠴᠢᠮᠠᠲᠤ ᠭᠡᠯᠡᠵᠦ ᠦᠭᠬᠦᠶ᠎ᠠ᠃ ᠪᠢ ᠪᠤᠯ ᠠᠯᠠᠱᠨ ᠨᠤᠲᠤᠭ ᠤᠨ ᠬᠦᠮᠦᠨ᠂ ᠶᠠᠪᠤᠭᠰᠠᠨ ᠭᠠᠵᠠᠷ ᠲᠠᠭᠠᠨ ᠨᠠᠷ᠎ᠠ ᠲᠠᠢ᠂ ᠵᠤᠭᠰᠤᠭᠰᠠᠨ ᠭᠠᠵᠠᠷ ᠲᠠᠭᠠᠨ ᠪᠠᠶ᠎ᠠ ᠲᠠᠢ ᠪᠦᠭᠡᠴᠢᠨ᠃ ᠮᠠᠨᠵᠦ ᠶᠢᠨ ᠬᠠᠭᠠᠨ ᠨᠠᠮᠠᠢᠢ ᠪᠠᠷᠢᠵᠦ ᠠᠯᠠᠬᠤ ᠭᠡᠰᠡᠨ ᠶᠤᠮ᠃ ᠭᠡᠪᠠᠴᠦ ᠨᠠᠮᠠᠢᠢ ᠲᠠᠭᠠᠭᠤᠯᠵᠦ ᠤᠴᠢᠭᠰᠠᠨ ᠬᠤᠰᠢᠭᠤᠨ ᠶᠠᠮᠤᠨ ᠤ ᠲᠦᠰᠢᠮᠠᠯ ᠤᠨ ᠰᠠᠶᠢᠨ ᠢᠶᠠᠷ ᠪᠢ ᠪᠡᠭᠡᠵᠢᠩ ᠬᠤᠳᠠ ᠠᠴᠠ ᠲᠤᠳᠠᠭᠠᠵᠦ ᠭᠠᠷᠤᠭᠠᠳ᠂ ᠠᠯᠠᠱᠨ ᠨᠤᠲᠤᠭ ᠲᠠᠭᠠᠨ ᠬᠠᠷᠢᠬᠤ ᠠᠷᠭ᠎ᠠ ᠦᠭᠡᠢ ᠪᠤᠯᠤᠭᠰᠠᠨ ᠤᠴᠢᠷ  ᠠᠴᠠ ᠰᠠᠶ᠋ᠢ ᠲᠠᠨ ᠤ ᠪᠤᠭᠳᠠ ᠶᠢᠨ ᠬᠦᠷᠢᠶᠠᠨ ᠳᠤ ᠬᠦᠷᠴᠦ ᠢᠷᠡᠭᠰᠡᠨ ᠪᠢᠯᠨ᠃ ᠲᠡᠭᠡᠬᠦ ᠳᠡᠭᠡᠨ ᠬᠠᠯᠬ᠎ᠠ ᠬᠦᠮᠦᠨ ᠢ ᠪᠠᠰᠨ ᠮᠠᠨᠵᠦ ᠶᠢᠨ ᠬᠠᠭᠠᠨ ᠰᠢᠭ᠋ ᠨᠤᠶᠢᠳᠠᠨ ᠴᠡᠭᠡᠵᠢ ᠲᠠᠢ᠂ ᠪᠦᠭᠡ ᠶᠢᠨ ᠶᠤᠰᠤ ᠮᠡᠳᠡᠬᠦ ᠦᠭᠡᠢ ᠪᠠᠶᠢᠳᠠᠭ ᠭᠡᠵᠦ ᠲᠠᠭ ᠰᠠᠨᠠᠭᠰᠠᠨ ᠦᠭᠡᠢ ᠨᠢ ᠮᠢᠨᠦ ᠶᠡᠭᠡ ᠪᠤᠷᠤᠭᠤ ᠪᠤᠯᠤᠭᠰᠠᠨ ᠪᠠᠶᠢᠵᠠᠢ᠃ ᠪᠦᠭᠡ ᠶᠢᠨ ᠵᠢᠷᠤᠮ ᠳᠤ ᠬᠠᠶᠠᠬᠤ ᠪᠠ ᠬᠠᠶᠠᠭᠳᠠᠬᠤ ᠨᠢ ᠪᠦᠷᠢ ᠡᠩ ᠤᠨ ᠶᠠᠪᠤᠳᠠᠯ᠂ ᠶᠠᠭᠠᠬᠢᠪᠠᠴᠦ ᠨᠢᠭᠡ ᠨᠢ ᠲᠠᠶᠢᠯᠵᠦ ᠨᠢᠭᠡ ᠨᠢ ᠲᠡᠶᠢᠯᠦᠭᠳᠡᠭᠡᠳ ᠵᠤᠭᠰᠤᠳᠠᠭ ᠪᠢᠵᠨ᠃ ᠭᠡᠷᠪᠠ ᠲᠠᠶᠢᠮᠤ ᠪᠢᠰᠢ ᠪᠠᠶᠢᠭᠰᠠᠨ ᠪᠤᠯ ᠰᠢᠯᠭᠠᠷᠠᠭᠤᠯᠤᠨ᠎ᠠ ᠭᠡᠵᠦ ᠭᠡᠷᠡᠭ ᠦᠭᠡᠢ ᠶᠠᠭᠤᠮ᠎ᠠ ᠰᠡᠲᠤᠭᠡᠳ ᠶᠠᠮᠠᠷ ᠡᠴᠢᠭᠡ ᠪᠠᠨ ᠬᠢᠬᠦ ᠭᠡᠰᠡᠨ ᠪᠤᠢ︖ ᠲᠡᠶᠢᠮᠤ ᠶᠡᠭᠡ ᠪᠦᠭᠡ ᠶᠢᠨ ᠨᠠᠶᠢᠷ ᠭᠡᠵᠦ ᠪᠠᠶᠢᠭᠠᠳ᠂ ᠪᠦᠭᠡ  ᠶᠢᠨ ᠮᠠᠩᠯᠠᠢ ᠶᠢ ᠦᠵᠦᠬᠦᠷ ᠨᠠᠢᠮᠠᠨ ᠬᠦᠮᠦᠨ ᠤ ᠲᠤᠲᠤᠷ᠎ᠠ ᠠᠴᠠ ᠰᠢᠯᠭᠠᠷᠠᠭᠤᠯᠬᠤ ᠶᠤᠰᠤᠲᠡᠢ ᠪᠠᠶᠢᠳᠠᠭ ᠢ ᠲᠠᠨ ᠬᠢᠨ  ᠨᠢ ᠮᠡᠳᠡᠳᠡᠭ ᠦᠭᠡᠢ ᠪᠠᠶᠢᠭᠰᠠᠨ ᠶᠤᠮ ᠤᠤ︖ ᠶᠠᠭᠤᠨ ᠤ ᠤᠴᠢᠷ ᠠᠴᠠ ᠪᠦᠭᠡ ᠶᠢᠨ ᠮᠦᠷᠦᠶᠢᠴᠡᠭᠡᠨ ᠳᠤ ᠤᠷᠤᠭ᠎ᠠ ᠦᠭᠡᠢ ᠬᠦᠮᠦᠨ ᠢ ᠠᠪᠴᠢᠷᠠᠵᠦ ᠨᠠᠳᠠᠲᠡᠢ ᠪᠠᠷᠢᠯᠲᠣᠭᠤᠯᠵᠤ ᠪᠠᠶᠢᠳᠠᠭ ᠶᠤᠮ ᠪᠤᠢ︖ ᠦᠷᠢ ᠰᠢᠷᠢ ᠪᠠᠨ ᠪᠤᠲᠤᠵᠦ ᠠᠪᠬᠤ ᠭᠡᠵᠦ ᠪᠠᠶᠢᠭ᠎ᠠ ᠶᠤᠮ︖ ᠴᠢᠨᠦ ᠲᠡᠷᠨ ᠴᠢᠨᠢ ᠶᠠᠭᠠᠬᠢᠬᠤ ᠭᠡᠰᠡᠨ ᠦᠭᠡ ᠪᠤᠢ᠂ ᠪᠦᠭᠡ ᠪᠠᠷᠢᠯᠲᠤᠨ᠎ᠠ ᠭᠡᠳᠡᠭ ᠴᠢᠨᠢ ᠦᠷᠢ ᠰᠢᠷᠢ ᠨᠡᠭᠡᠵᠦ᠂ ᠦᠰᠢᠶ᠎ᠠ ᠬᠤᠷᠤᠰᠤᠯ ᠠᠪᠬᠤ ᠭᠡᠷᠡᠭ ᠮᠦᠨ ᠤᠤ︖ ᠲᠡᠶᠢᠯᠪᠠᠯ ᠪᠠᠶᠠᠷᠯᠠᠨ᠎ᠠ᠂ ᠲᠡᠶᠢᠯᠦᠭᠳᠡᠪᠠᠯ ᠠᠭᠤᠷᠯᠠᠨ᠎ᠠ᠂ ᠲᠡᠭᠡᠭᠡᠳ ᠴᠠᠰᠢ ᠨᠢ ᠬᠦᠮᠦᠨ ᠳᠤ ᠦᠰ ᠵᠠᠩᠬᠢᠳᠴᠦ ᠬᠤᠤᠷ ᠢᠶᠠᠨ ᠬᠦᠷᠭᠡᠬᠦ ᠭᠡᠵᠦ ᠤᠷᠤᠯᠲᠤᠨ᠎ᠠ᠃ ᠲᠠᠨᠤᠰ ᠤᠨ ᠡᠨ᠋ᠨ ᠬᠢᠳᠠᠯ ᠴᠢᠨᠢ ᠮᠠᠨᠵᠦ ᠶᠢᠨ ᠬᠠᠭᠠᠨ ᠤ ᠬᠠᠷ᠎ᠠ ᠰᠠᠨᠠᠭ᠎ᠠ ᠲᠠᠢ ᠶᠠᠭᠤ ᠪᠠᠷ ᠢᠶᠠᠨ ᠢᠯᠭᠠᠭᠳᠠᠬᠤ ᠶᠤᠮ ᠪᠤᠢ︖ ᠵᠤᠲᠤᠯᠲᠤᠶ᠎ᠠ ᠭᠡᠰᠡᠨ ᠶᠤᠮ ᠪᠤᠯ ᠬᠤᠶᠠᠭᠤᠯᠨ ᠪᠠᠨ ᠬᠦᠷᠤᠭᠡᠳ ᠢᠷ᠎ᠡ︕︾ ᠭᠡᠳ ᠪᠤᠰᠤᠭᠠᠳ ᠢᠷᠡᠵᠦ ᠭᠡᠨ᠎ᠠ᠃ ᠲᠡᠭᠡᠭᠰᠡᠨ ᠴᠢᠨᠢ ᠭᠡᠤᠭᠡᠨ ᠪᠦᠭᠡ ᠬᠠᠷᠢᠨ ᠲᠠᠭ ᠲᠠᠭᠤ ᠦᠭᠡᠢ ᠪᠤᠯᠵᠦ ᠨᠠᠯᠢᠶᠡᠳ ᠤᠳᠠᠵᠦ ᠪᠠᠶᠢᠭᠠᠳ᠄ ︽ᠠᠬ᠎ᠠ ᠶᠢ ᠢᠩᠬᠢᠵᠦ ᠶᠠᠪᠤᠭ᠎ᠠ ᠬᠦᠮᠦᠨ ᠭᠡᠵᠦ ᠪᠢ ᠶᠠᠷᠤ ᠪᠤᠲᠤᠭ᠎ᠠ ᠦᠭᠡᠢ ᠰᠢᠤ ᠳ᠋ᠠ᠃ ᠨᠤᠲᠤᠭ ᠲᠠᠭᠠᠨ ᠬᠠᠷᠢᠵᠦ ᠪᠤᠯᠬᠤ ᠦᠭᠡᠢ ᠪᠤᠯᠤᠭᠰᠠᠨ ᠶᠤᠮ ᠪᠤᠯ᠂ ᠠᠬ᠎ᠠ ᠲᠠ ᠮᠦᠨ ᠠᠳᠡ ᠠᠴᠠ ᠨᠠᠮᠠᠢᠢ ᠲᠠᠭᠠᠭᠠᠳ ᠪᠤᠴᠠ᠃ ᠲᠠᠨ ᠰᠢᠭ᠋ ᠭᠠᠭᠴᠠ ᠬᠦᠮᠦᠨ ᠢ ᠪᠠᠶᠢᠲᠤᠭᠠᠢ ᠲᠠᠪᠤ ᠠᠷᠪᠠᠨ ᠬᠦᠮᠦᠨ ᠢ ᠪᠤᠯᠪᠠᠴᠦ ᠲᠡᠵᠢᠭᠡᠭᠡᠳ ᠰᠠᠭᠤᠵᠦ ᠲᠡᠶᠢᠯᠬᠦ ᠪᠠᠷ ᠮᠠᠯ ᠬᠦᠷᠣᠩᠭᠡ ᠨᠠᠳᠠᠲᠤ ᠪᠠᠶᠢᠨ᠎ᠠ᠃ ᠪᠤᠯᠬᠤ ᠤᠤ︖︾ ᠭᠡᠵᠦ ᠭᠤᠶᠤᠵᠠᠢ᠃      ᠭᠡᠳᠡᠯ᠎ᠠ ᠱᠠᠯᠪᠢᠩ ᠭᠡᠯᠡᠵᠠᠢ᠄ ︽ᠪᠢ ᠴᠤ ᠪᠠᠰᠠ ᠦᠪᠠᠷ ᠤᠨ ᠨᠤᠲᠤᠭ ᠪᠠᠯᠴᠢᠭᠡᠷ ᠲᠠᠢ᠂ ᠭᠡᠷ ᠮᠠᠯ ᠲᠠᠢ ᠬᠦᠮᠦᠨ᠂ ᠮᠠᠨ ᠤ ᠠᠯᠠᠱᠨ ᠪᠤᠯ ᠮᠦᠨ ᠲᠠᠨ ᠤ ᠬᠠᠯ᠎ᠠ ᠶᠢᠨ ᠨᠤᠲᠤᠭ ᠠᠴᠠ ᠲᠤᠳᠠᠬᠤ ᠪᠠᠷ ᠦᠭᠡᠢ ᠪᠠᠶᠠᠨ ᠰᠠᠶᠢᠬᠠᠨ ᠤᠷᠤᠨ ᠪᠢᠯᠨ᠃ ᠶᠠᠷᠤ ᠨᠢ ᠴᠤ ᠲᠡᠭᠡᠭᠡᠳ ᠶᠠᠭᠤ ᠴᠤ ᠦᠭᠡᠢ ᠦᠭᠡᠷ᠎ᠠ ᠴᠠᠭᠠᠨ ᠬᠦᠳᠡᠭᠡ ᠪᠠᠶᠢᠬᠤ ᠪᠠᠷ ᠪᠤᠲᠤᠪᠠᠴᠦ᠂ ᠲᠦᠷᠦᠭᠰᠡᠨ ᠨᠤᠲᠤᠭ ᠠᠴᠠ ᠢᠯᠡᠬᠦᠦ ᠰᠠᠶᠢᠬᠠᠨ ᠭᠡᠵᠦ ᠰᠠᠨᠠᠭᠳᠠᠬᠤ ᠶᠠᠭᠤᠮ᠎ᠠ ᠨᠠᠳᠠᠲᠤ ᠪᠠᠶᠢᠳᠠᠭ ᠦᠭᠡᠢ ᠶᠤᠮ᠃ ᠪᠢ ᠭᠡᠲᠤᠶᠢᠪᠠᠷ ᠢᠩᠬᠢᠵᠦ ᠬᠦᠮᠦᠨ ᠤ ᠭᠠᠵᠠᠷ ᠲᠡᠨᠤᠬᠦᠴᠢᠯᠠᠵᠦ ᠪᠠᠶᠢᠪᠠᠴᠦ᠂ ᠨᠤᠲᠤᠭ ᠨᠠᠮᠠᠢᠢ ᠭᠤᠮᠤᠳᠠᠭᠠᠭᠰᠠᠨ ᠤᠴᠢᠷ ᠪᠠᠶᠢᠬᠤ ᠦᠭᠡᠢ᠃ ᠬᠠᠷᠢᠨ ᠪᠢ ᠬᠦᠮᠦᠨ ᠤ ᠬᠦᠮᠦᠨ ᠳᠤ ᠬᠤᠷᠭᠤᠳᠠᠭᠠᠳ ᠰᠠᠭᠤᠬᠤ ᠶᠤᠮ ᠪᠤᠯ᠂ ᠲᠡᠷᠨ ᠴᠤᠬᠤᠮ ᠨᠤᠲᠤᠭ ᠤᠰᠤ ᠪᠠᠨ ᠭᠤᠮᠤᠳᠠᠭᠠᠬᠤ ᠶᠠᠪᠤᠳᠠᠯ ᠢ ᠦᠪᠠᠰᠤᠪᠠᠨ ᠬᠢᠵᠦ ᠪᠠᠶᠢᠬᠤ ᠨᠢ ᠲᠡᠷᠨ᠃ ᠮᠠᠨᠵᠦ ᠶᠢᠨ ᠬᠠᠭᠠᠨ ᠨᠠᠮᠠᠢᠢ ᠬᠤᠤᠷᠯᠠᠵᠦ ᠴᠢᠳᠠᠬᠤ ᠪᠤᠯᠪᠠᠴᠦ᠂ ᠶᠠᠰᠤ ᠪᠠᠨ ᠠᠯᠠᠱᠨ ᠳᠤ ᠲᠠᠯᠪᠢᠬᠤ ᠶᠢ ᠮᠢᠨᠢ ᠬᠤᠷᠢᠭᠯᠠᠵᠦ ᠴᠢᠳᠠᠬᠤ ᠦᠭᠡᠢ ᠪᠠᠶᠢᠬ᠎ᠠ︕︾ ᠭᠡᠳ ᠮᠤᠷᠢᠨ ᠳᠠᠭᠠᠨ ᠮᠤᠷᠳᠠᠬᠤ ᠭᠡᠰᠡᠨ ᠳᠤ᠂ ᠦᠨᠦ ᠭᠡᠤᠭᠡᠨ ᠢᠷᠡᠵᠦ ᠵᠢᠯᠤᠭᠤ ᠴᠤᠯᠪᠤᠭᠤᠷ ᠠᠴᠠ ᠨᠢ ᠵᠠᠭᠤᠷᠠᠭᠠᠳ ᠠᠪᠴᠠᠢ᠃ ᠲᠡᠷᠨ ᠭᠡᠯᠡᠭᠰᠡᠨ ᠨᠢ᠄      ︽ᠠᠬ᠎ᠠ ᠮᠢᠨᠢ ᠨᠠᠮᠠᠢᠢ ᠦᠵᠠᠯ ᠮᠠᠳᠠᠯ ᠢᠶᠠᠷ ᠲᠤᠳᠠᠭᠤ ᠪᠦᠰᠡᠬᠦᠢ ᠬᠦᠮᠦᠨ ᠭᠡᠵᠦ ᠪᠤᠲᠤᠭᠠᠳ ᠦᠭᠡᠨ ᠳᠤ ᠮᠢᠨᠢ ᠤᠷᠤᠵᠦ ᠪᠤᠯᠬᠤ ᠦᠭᠡᠢ ᠤᠤ︖ ᠬᠦᠮᠦᠨ ᠳᠤ ᠨᠤᠲᠤᠭ ᠠᠴᠠ ᠦᠭᠡᠷ᠎ᠠ ᠲᠤᠲᠤᠨᠦ ᠰᠠᠶᠢᠬᠠᠨ ᠶᠠᠭᠤᠮ᠎ᠠ ᠪᠠᠶᠢᠬᠤ ᠦᠭᠡᠢ ᠭᠡᠵᠦ ᠲᠠᠨ ᠤ ᠭᠡᠯᠡᠬᠦ ᠶᠤᠰᠤᠲᠡᠢ ᠵᠦᠪ᠃ ᠭᠡᠪᠠᠴᠦ᠂ ᠮᠠᠨᠵᠦ ᠶᠢᠨ ᠬᠠᠭᠠᠨ ᠦᠬᠦᠬᠦ ᠦᠭᠡᠢ ᠪᠠᠶᠢᠭᠰᠠᠨ ᠴᠠᠭ ᠲᠤ ᠲᠠ ᠨᠤᠲᠤᠭ ᠲᠠᠭᠠᠨ ᠬᠠᠷᠢᠵᠦ ᠪᠤᠯᠬᠤ ᠦᠭᠡᠢ᠃ ᠪᠢᠳᠡ ᠴᠤᠭᠭᠠᠷ ᠢᠶᠠᠨ ᠵᠠᠯᠠᠭᠤ ᠬᠦᠮᠦᠰ ᠪᠠᠶᠢᠨ᠎ᠠ᠂ ᠮᠠᠨᠵᠦ ᠶᠢᠨ ᠬᠠᠭᠠᠨ ᠢ ᠡᠯᠡᠭᠡᠵᠦ ᠬᠠᠶᠠᠬᠤ ᠨᠠᠰᠤ ᠮᠠᠨ ᠳᠤ ᠪᠠᠶᠢᠨ᠎ᠠ᠃ ᠬᠤᠵᠢᠮ ᠮᠠᠨᠵᠦ ᠶᠢᠨ ᠬᠠᠭᠠᠨ ᠦᠬᠦᠵᠦ ᠬᠠᠭᠤᠴᠢᠨ ᠶᠠᠪᠤᠳᠠᠯ ᠪᠠᠯᠠᠷᠠᠬᠤ ᠶᠢᠨ ᠴᠠᠭ ᠲᠤ ᠪᠢ ᠲᠠᠨ ᠢ ᠲᠠᠭᠠᠭᠠᠳ ᠠᠯᠠᠱᠨ ᠳᠤ ᠤᠴᠢᠶ᠎ᠠ᠃ ᠠᠬ᠎ᠠ ᠮᠢᠨᠢ ᠢᠳᠡᠭᠡᠭᠡᠴᠢ︕︾ ᠭᠡᠵᠦ ᠭᠡᠤᠭᠡᠨ  ᠤᠬᠢᠯᠠᠨ ᠪᠠᠶᠢᠵᠦ ᠭᠡᠯᠠᠵᠠᠢ᠃     ᠭᠡᠪᠠᠴᠦ ᠭᠡᠤᠭᠡᠨ ᠱᠠᠯᠪᠢᠩ ᠢ ᠦᠭᠡᠨ ᠳᠡᠭᠡᠨ ᠤᠷᠤᠭᠤᠯᠵᠦ ᠲᠡᠶᠢᠯᠦᠭᠰᠡᠨ ᠦᠭᠡᠢ᠃ ᠲᠡᠭᠡᠭᠡᠳ ᠴᠦᠬᠦᠷᠡᠬᠦ  ᠳᠡᠭᠡᠨ᠂ ᠲᠠᠨ ᠤ ᠵᠠᠮ ᠬᠤᠯᠨ ᠪᠠᠶᠢᠨ᠎ᠠ᠂ ᠤᠨᠤᠭ᠎ᠠ ᠮᠠᠭᠤᠳᠠᠬᠤ ᠮᠠᠭᠠᠳ ᠦᠭᠡᠢ ᠭᠡᠳ᠂ ᠬᠦᠲᠤᠯᠦᠭᠰᠡᠨ ᠮᠤᠷᠢᠨ  ᠠᠴᠠ ᠪᠠᠨ ᠨᠢᠭᠡ ᠶᠢ ᠨᠢ ᠦᠭᠴᠦ ᠶᠠᠪᠤᠭᠤᠯᠬᠤ ᠭᠡᠰᠡᠨ ᠢ ᠱᠠᠯᠪᠢᠩ ᠬᠠᠷᠢᠨ ᠬᠦᠯᠢᠶᠠᠵᠦ ᠠᠪᠴᠠᠢ᠃     ︽ᠨᠤᠲᠤᠭ ᠲᠠᠭᠠᠨ ᠬᠦᠷᠦᠭᠰᠡᠨ ᠬᠤᠶᠢᠨ᠎ᠠ ᠤᠨᠤᠵᠦ ᠤᠴᠢᠭᠰᠠᠨ ᠬᠤᠶᠠᠷ ᠮᠤᠷᠢ ᠪᠠᠨ ᠨᠦᠬᠦᠳ ᠢᠶᠠᠷ ᠨᠢ ᠡᠮᠡᠭᠡᠯ ᠬᠠᠵᠠᠭᠠᠷ ᠠᠴᠠ ᠨᠢ ᠰᠠᠯᠭᠠᠨ ᠰᠤᠯᠠᠯᠠᠵᠦ ᠲᠠᠯᠪᠢ᠂ ᠬᠤᠶᠠᠭᠤᠯᠨ ᠪᠠᠨ ᠪᠦᠷᠢ ᠤᠷᠤᠭ᠎ᠠ ᠵᠠᠩ ᠲᠠᠢ ᠪᠤᠯᠬᠤᠷ ᠵᠠᠮ ᠳᠠᠭᠠᠨ ᠬᠦᠮᠦᠨ ᠳᠤ ᠪᠠᠷᠢᠭᠳᠠᠬᠤ ᠦᠭᠡᠢ ᠰᠢᠭᠤᠳ ᠬᠠᠷᠢᠭᠠᠳ ᠢᠷᠡᠭᠡᠴᠢᠭᠡᠬᠦ ᠶᠤᠮ᠃ ᠲᠡᠬᠦᠦ ᠴᠢᠨᠢ ᠬᠠᠷᠠᠮᠴᠢ ᠪᠤᠯᠬᠤ ᠳᠠᠭᠠᠨ ᠢᠩᠬᠢᠵᠦ ᠭᠡᠯᠡᠵᠦ ᠪᠠᠶᠢᠭ᠎ᠠ ᠤᠭᠲᠤ ᠪᠢᠰᠢ᠂  ᠬᠤᠶᠠᠷ ᠠᠬᠳᠠ ᠪᠠᠶᠢᠲᠤᠭᠠᠢ᠂ ᠬᠤᠷᠢᠨ ᠠᠬᠳᠠ ᠶᠢᠨ ᠬᠤᠶᠢᠨ᠎ᠠ ᠠᠴᠠ ᠴᠤ ᠭᠡᠳ ᠬᠠᠶᠢᠷᠠᠨ ᠭᠡᠵᠦ ᠪᠤᠲᠤᠬᠤ ᠶᠠᠪᠤᠳᠠᠯ ᠨᠠᠳᠠᠲᠤ ᠪᠠᠶᠢᠬᠤ ᠦᠭᠡᠢ᠃ ᠬᠠᠷᠢᠨ ᠪᠢ ᠮᠤᠷᠢ ᠪᠠᠨ ᠤᠯᠵᠦ ᠦᠵᠠᠪᠠᠯ ᠰᠠᠶ᠋ᠢ ᠲᠠᠨ ᠤ ᠮᠠᠨᠲᠤ ᠰᠠᠶᠢᠬᠠᠨ ᠶᠠᠪᠤᠵᠦ ᠬᠠᠷᠢᠭᠰᠠᠨ ᠢ ᠨᠢ ᠴᠢᠨᠢ ᠮᠡᠳᠡᠭᠡᠳ ᠰᠠᠨᠠᠭ᠎ᠠ ᠠᠮᠠᠷᠠᠬᠤ ᠪᠤᠯᠤᠨ᠎ᠠ︕︾ ᠭᠡᠵᠦ ᠭᠡᠤᠭᠡᠨ ᠱᠠᠯᠪᠢᠩ ᠳᠤ ᠭᠡᠯᠡᠵᠠᠢ᠃     ᠬᠤᠶᠠᠷ ᠰᠠᠷ᠎ᠠ ᠶᠢᠨ ᠲᠠᠷᠠᠭ᠎ᠠ ᠲᠡᠷᠨ ᠬᠤᠶᠠᠷ ᠮᠤᠷᠢ ᠦᠨᠠᠭᠡᠷ ᠨᠤᠲᠤᠭ ᠲᠠᠭᠠᠨ ᠬᠠᠷᠢᠭᠠᠳ ᠤᠴᠢᠵᠠᠢ᠃ ᠭᠡᠤᠭᠡᠨ ᠪᠦᠭᠡ ᠮᠤᠷᠢ ᠪᠠᠨ ᠦᠵᠠᠵᠦ ᠭᠡᠲᠤᠨ ᠬᠤᠨᠤᠭ ᠤᠬᠢᠯᠠᠵᠦ ᠠᠪᠤᠭᠠᠳ᠂ ᠲᠡᠬᠦᠨ ᠠᠴᠠ ᠬᠤᠶᠢᠰᠢ ᠪᠦᠭᠡ ᠶᠢᠨ ᠲᠠᠯᠠᠪᠤᠷ ᠲᠤ ᠲᠠᠬᠢᠵᠦ ᠶᠠᠷᠤ ᠬᠠᠷᠠᠭᠳᠠᠭᠰᠠᠨ ᠦᠭᠡᠢ ᠪᠦᠭᠡᠳ ᠮᠦᠷᠳᠡᠭᠡᠨ ᠭᠡᠵᠢᠶ᠎ᠠ ᠬᠠᠮᠢᠭᠠᠰᠢ ᠶᠠᠪᠤᠭᠰᠠᠨ ᠨᠢ ᠴᠤ ᠮᠡᠳᠡᠭᠳᠡᠬᠦ ᠦᠭᠡᠢ ᠪᠠᠷ᠎ᠠ ᠰᠤᠷᠠᠭ ᠲᠠᠰᠤᠷᠠᠵᠦ ᠤᠳᠴᠦ ᠭᠡᠨ᠎ᠠ᠃     ᠱᠠᠯᠪᠢᠩ ᠤᠨ ᠲᠤᠬᠤᠵᠦ ᠢᠷᠡᠭᠰᠡᠨ ᠲᠡᠷᠨ ᠮᠤᠷᠢᠨ ᠤ ᠡᠮᠡᠭᠡᠯ ᠨᠢ ᠰᠠᠯᠪᠢᠩ ᠢ ᠨᠠᠰᠤᠨ ᠡᠴᠦᠰ ᠪᠤᠯᠳᠠᠯ᠎ᠠ ᠭᠡᠷ  ᠲᠤᠨᠢ ᠪᠠᠶᠢᠭᠰᠠᠨ ᠪᠠ ᠪᠠᠰᠠ ᠵᠠᠷᠢᠮ ᠲᠤᠮᠤᠭ ᠲᠤ ᠭᠡᠯᠡᠬᠦ ᠪᠠᠷ ᠪᠤᠯ ᠨᠠᠰᠤ ᠪᠤᠯᠬᠤ ᠳᠠᠭᠠᠨ ᠱᠠᠯᠪᠢᠩ ᠲᠡᠬᠦᠨ ᠢ ᠲᠡᠷᠡᠯᠡᠭᠡᠳ ᠭᠡᠪᠳᠡᠵᠦ ᠪᠠᠶᠢᠭᠰᠠᠨ ᠭᠡᠳᠡᠭ ᠪᠢᠯᠨ᠃ ᠪᠦᠭᠡ ᠱᠠᠯᠪᠢᠩ ᠪᠤᠭᠳᠠ ᠶᠢᠨ ᠬᠦᠷᠢᠶ᠎ᠠ ᠠᠴᠠ ᠦᠰᠴᠦ ᠲᠦᠷᠦᠭᠰᠡᠨ ᠦᠯᠦᠭᠡᠢ ᠨᠤᠲᠤᠭ —— ᠠᠯᠠᠱᠨ ᠳᠠᠭᠠᠨ ᠬᠠᠷᠢᠵᠦ ᠢᠷᠡᠬᠦ ᠵᠠᠮ ᠳᠠᠭᠠᠨ ᠦᠵᠦᠮᠤᠴᠢᠨ᠂ ᠲᠤᠮᠳᠠ ᠬᠦᠩ ᠤᠨ ᠬᠤᠰᠢᠭᠤ ᠵᠡᠷᠭᠡ ᠮᠤᠩᠭᠤᠯ ᠭᠠᠵᠠᠷ ᠤᠳ ᠢᠶᠠᠷ ᠶᠠᠪᠤᠬᠤ ᠳᠠᠭᠠᠨ ᠪᠠᠶᠠᠷᠯᠠᠩᠭᠤᠢ ᠰᠡᠳᠬᠢᠯ ᠴᠡᠭᠡᠵᠢ ᠲᠦᠬᠦᠷᠠᠩ ᠪᠢᠯᠬᠠᠵᠦ ᠭᠡᠵᠢᠶ᠎ᠠ ᠨᠢᠭᠡᠨ ᠡᠲᠤᠷ ᠭᠡᠷ ᠲᠡᠭᠡᠨ ᠬᠠᠷᠢᠵᠦ ᠠᠪᠠᠭᠠᠢ ᠭᠡᠤᠭᠡᠰ ᠲᠠᠢ ᠪᠠᠨ ᠤᠴᠠᠷᠠᠬᠤ ᠪᠤᠯ ᠳ᠋ᠠ︕ ᠭᠡᠵᠦ ᠲᠤᠲᠤᠷ᠎ᠠ ᠪᠠᠨ ᠪᠤᠲᠤᠨ ᠶᠠᠪᠤᠬᠤ ᠳᠠᠭᠠᠨ᠄      ︽ᠬᠠᠷᠢᠵᠦ ᠤᠴᠢᠬᠤ ᠶᠢᠨ ᠵᠠᠶᠠᠭ᠎ᠠ ᠲᠠᠢ᠂      ᠬᠠᠨᠢᠯᠠᠵᠦ ᠤᠴᠠᠷᠠᠬᠤ ᠶᠢᠨ ᠬᠤᠪᠢ ᠲᠠᠢ᠂     ᠠᠮᠢᠲᠤ ᠶᠠᠪᠤᠬᠤ ᠶᠢᠨ ᠵᠠᠶᠠᠭ᠎ᠠ ᠲᠠᠢ︾ ᠭᠡᠵᠦ ᠬᠠᠷᠢ ᠶᠢᠨ ᠭᠠᠵᠠᠷ ᠠᠴᠠ ᠠᠪᠠᠭᠠᠢ ᠭᠡᠤᠭᠡᠳ᠂ ᠨᠤᠲᠤᠭ ᠤᠰᠤ  ᠪᠠᠨ ᠰᠠᠨᠠᠵᠦ ᠮᠦᠷᠦᠭᠡᠲᠤᠭ᠍ᠰᠡᠨ ᠲᠤᠲᠤᠭᠠᠲᠤ ᠰᠡᠳᠬᠢᠯᠭᠡ ᠪᠠᠨ ᠤᠶᠠᠩᠭᠠᠯᠠᠨ ᠢᠯᠡᠳᠭᠡᠵᠦ᠂ ᠮᠠᠨᠲᠤ ᠰᠠᠶᠢᠨ ᠬᠠᠷᠢᠵᠦ ᠢᠷᠡᠵᠦ ᠭᠡᠨ᠎ᠠ᠃ ᠦᠨᠠᠭᠡᠷ ᠴᠤ ᠡᠵᠡᠨ ᠲᠡᠭᠷᠢ ᠠᠴᠠ ᠢᠪᠡᠭᠡᠭᠰᠡᠨ ᠬᠤᠪᠢ ᠵᠠᠶᠠᠭ᠎ᠠ ᠪᠢᠵᠠ᠃ ᠢᠢᠮᠤ ᠬᠤᠪᠢ ᠵᠠᠶᠠᠭ᠎ᠠ ᠪᠠᠶᠢᠭᠰᠠᠨ ᠦᠭᠡᠢ ᠪᠤᠯ ᠱᠠᠯᠪᠢᠩ ᠬᠠᠭᠠᠨ ᠤ ᠬᠠᠷᠬᠢᠰ ᠨᠤᠶᠠᠷᠬᠠᠯ ᠳᠤ ᠭᠠᠰᠢᠭᠤᠨ ᠵᠤᠪᠠᠯᠠᠩ ᠳᠤ ᠤᠴᠠᠷᠠᠨ ᠠᠮᠢᠲᠤ ᠶᠠᠪᠤᠬᠤ ᠶᠢᠨ ᠬᠤᠪᠢ ᠦᠭᠡᠢ ᠪᠤᠯᠬᠤ ᠨᠢ ᠵᠠᠶᠢᠯᠠᠰᠢ ᠦᠭᠡᠢ ᠪᠢᠯᠨ᠃      ᠲᠡᠷᠭᠡᠯ ᠰᠠᠷᠠᠨ ᠤ ᠲᠤᠩᠭᠠᠯᠠᠭ ᠲᠤ ᠵᠠᠮ ᠢᠶᠠᠨ ᠬᠦᠭᠡᠭᠡᠵᠦ ᠶᠠᠪᠤᠯ᠎ᠠ ᠳ᠋ᠠ      ᠮᠠᠨᠲᠤᠵᠦ ᠭᠠᠷᠬᠤ ᠨᠠᠷᠠᠨ ᠤ ᠭᠡᠷᠡᠯ ᠲᠤᠶᠠᠭᠠᠷᠠᠯ᠎ᠠ ᠰᠢᠤ      ᠨᠤᠲᠤᠭ ᠭᠡᠷ ᠮᠢᠨᠢ ᠤᠶᠢᠷᠠᠲᠤᠵᠦ ᠢᠷᠡᠯ᠎ᠠ ᠳ᠋ᠡ      ᠠᠴᠢᠲᠤ ᠡᠵᠢ ᠪᠠᠨ ᠦᠵᠠᠬᠦ ᠴᠠᠭ ᠤᠲᠤ ᠪᠤᠯᠤᠯ᠎ᠠ ᠰᠢᠤ      ᠱᠠᠯᠪᠢᠩ ᠢᠩᠬᠢᠵᠦ ᠪᠤᠲᠤᠭᠠᠳ ᠲᠡᠭᠷᠢ ᠡᠯᠡᠰᠤ ᠶᠢ ᠲᠤᠭᠤᠯᠤᠨ ᠶᠠᠪᠤᠵᠦ ᠪᠠᠶᠢᠳᠠᠯ᠎ᠠ ᠭᠡᠷ ᠨᠤᠲᠤᠭ ᠤᠨ ᠬᠢᠨᠢ ᠪᠠᠷ᠎ᠠ ᠬᠤᠯᠨ ᠠᠴᠠ ᠬᠠᠷᠠᠭᠳᠠᠵᠤ ᠡᠬᠢᠯᠡᠬᠦ   ᠪᠠᠷ ᠨᠢ ᠡᠪᠴᠢᠬᠦᠦ ᠴᠡᠭᠡᠵᠢᠨ ᠳᠡᠭᠡᠨ ᠠᠯᠠᠰᠬᠢᠨ ᠪᠠᠶᠠᠷᠯᠠᠵᠠᠢ᠃      ᠲᠦᠷᠪᠠᠨ ᠬᠦᠭᠡ ᠠᠭᠤᠯᠨ ᠮᠢᠨᠢ ᠬᠠᠷᠠᠭᠠᠨ ᠤ ᠲᠤᠤᠷ᠎ᠠ ᠪᠠᠶᠢᠭ᠎ᠠ      ᠨᠢᠲᠤᠨ ᠤ ᠮᠢᠨᠢ ᠲᠤᠤᠷ᠎ᠠ ᠤᠶᠢᠷᠠᠲᠤᠯ᠎ᠠ ᠳ᠋ᠠ      ᠤᠲᠤ ᠴᠤ ᠮᠤᠷᠢ ᠠᠴᠠ ᠪᠠᠨ ᠪᠠᠭᠤᠬᠤ ᠪᠤᠯᠤᠯ᠎ᠠ ᠰᠢᠤ      ᠤᠳᠠᠭᠠᠨ ᠪᠠᠷᠠᠯᠠᠭᠰᠠᠨ ᠡᠵᠢ ᠪᠤᠯᠤᠨ ᠡᠭᠡᠨᠠᠷ ᠮᠢᠨᠢ ᠭᠡᠷ ᠠᠴᠠ ᠭᠠᠷᠤᠨ ᠢᠷᠡᠯ᠎ᠠ ᠰᠢᠤ᠃      ︵ᠦᠷᠭᠦᠯᠵᠢᠯᠡᠯ᠄ ᠠᠯᠤᠰ ᠤᠨ ᠵᠠᠮ ᠢ ᠲᠤᠭᠤᠯᠤᠨ ᠨᠤᠲᠤᠭ ᠲᠠᠭᠠᠨ ᠬᠠᠷᠢᠵᠦ ᠢᠷᠡᠪᠠ︶
 
ᠢᠷᠡᠯᠲᠡ᠄ ᠠᠯᠠᠱᠠ ᠪᠦᠬᠡ ᠱᠠᠯᠪᠢᠩ ᠤᠨ ᠨᠠᠮᠳᠠᠷ ᠳᠣᠮᠤᠭ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号