ᠪᠦᠬᠡ ᠱᠠᠯᠪᠢᠩ ︵ᠳᠣᠯᠤᠭ᠎ᠠ︶
ᠨᠡᠶᠢᠲᠡᠯᠡᠭᠰᠡᠨ ᠴᠠᠭ᠄
2021/6/28
         ᠪᠦᠬᠡ ᠱᠠᠯᠪᠢᠩ ᠬᠤᠳᠳᠤᠭ ᠤᠨ ᠠᠮᠠ ᠶᠢ ᠪᠦᠭᠯᠡᠵᠦ ᠭᠤᠪᠢ ᠶᠢᠨ ᠠᠶᠢᠯ ᠢ ᠰᠠᠨᠳᠤᠷᠭᠠᠭᠰᠠᠨ       ᠲᠡᠨᠳᠡ ᠠᠴᠠ ᠪᠦᠬᠡ ᠱᠠᠯᠪᠢᠩ ᠭᠡᠷ ᠳᠡᠭᠡᠨ ᠬᠠᠷᠢᠬᠤ ᠪᠠᠷ ᠠᠯᠠᠱᠠ ᠵᠦᠭ ᠴᠢᠭᠯᠡᠨ ᠶᠠᠪᠤᠭᠰᠠᠭᠠᠷ ᠪᠠᠶᠢᠵᠦ ᠨᠢᠭᠡ ᠡᠳᠦᠷ ᠨᠢᠭᠡ ᠠᠶᠢᠯ ᠤᠨ ᠬᠤᠳᠳᠤᠭ ᠳᠠᠭᠠᠷᠠᠵᠦ ᠬᠦᠷᠦᠵᠡᠢ᠃ ᠬᠤᠳᠳᠤᠭ ᠳᠡᠭᠡᠷ᠎ᠡ ᠨᠢᠭᠡ ᠬᠡᠦᠬᠡᠨ ᠨᠢᠭᠡ ᠰᠦᠷᠦᠭ ᠦᠬᠡᠷ ᠤᠰᠤᠯᠠᠭᠠᠳ ᠵᠤᠭᠰᠤᠵᠤ ᠪᠠᠶᠢᠵᠡᠢ᠃       ᠱᠠᠯᠪᠢᠩ ᠤᠨᠤᠭᠰᠠᠨ ᠮᠤᠷᠢ ᠪᠠᠨ ᠤᠰᠤᠯᠠᠵᠦ ᠠᠪᠤᠭᠠᠳ ᠶᠠᠪᠤᠶ᠎ᠠ ᠭᠡᠳ ᠤᠩᠭᠤᠴᠠᠨ ᠳᠡᠭᠡᠷ᠎ᠡ ᠨᠢ ᠬᠦᠷᠬᠦᠯ᠎ᠡ ᠲᠡᠷᠡ ᠬᠡᠦᠬᠡᠨ᠄ ︽ᠲᠠ ᠶᠠᠭᠤᠨ ᠬᠦᠮᠦᠨ ᠪᠤᠢ︾ ᠭᠡᠵᠦ ᠠᠰᠠᠭᠤᠵᠡᠢ᠃ ᠱᠠᠯᠪᠢᠩ᠄ ︽ᠪᠢ ᠵᠠᠮ ᠤᠨ ᠬᠦᠮᠦᠨ ᠪᠠᠶᠢᠨ᠎ᠠ︾ ᠭᠡᠰᠡᠨ ᠳᠤ ᠬᠡᠦᠬᠡᠨ ᠬᠠᠷᠢᠨ᠄ ︽ᠵᠠᠮ ᠤᠨ ᠬᠦᠮᠦᠨ ᠳᠤ ᠦᠭᠬᠦ ᠲᠡᠶᠢᠮᠦ ᠢᠯᠡᠬᠦᠦ ᠳᠡᠭᠡᠨ ᠭᠠᠷᠤᠭᠰᠠᠨ ᠤᠰᠤ ᠪᠠᠶᠢᠬᠤ ᠦᠭᠡᠢ︾ ᠭᠡᠳ ᠤᠩᠭᠤᠴᠠ ᠪᠠᠨ ᠬᠦᠮᠦᠷᠢᠵᠦ᠂ ᠨᠢᠭᠡᠨ ᠳᠤᠮᠤ ᠴᠢᠯᠠᠭᠤ ᠪᠠᠷ ᠬᠤᠳᠳᠤᠭ ᠤᠨ ᠢᠶᠠᠨ ᠠᠮᠠ ᠶᠢ ᠳᠠᠷᠤᠵᠦ ᠤᠷᠬᠢᠭᠠᠳ ᠶᠠᠪᠤᠴᠢᠬᠠᠵᠦ ᠭᠡᠨ᠎ᠡ᠃      ᠱᠠᠯᠪᠢᠩ ᠳᠤᠳᠤᠷ᠎ᠠ ᠪᠠᠨ ᠪᠤᠳᠤᠵᠦ᠂ ᠡᠨᠡ ᠶᠠᠭᠠᠬᠢᠭᠰᠠᠨ ᠬᠠᠷᠠᠮᠴᠢ ᠬᠡᠦᠬᠡᠨ ᠪᠤᠢ᠃ ᠭᠡᠪᠡᠴᠦ ᠡᠶᠢᠮᠦᠬᠡᠨ ᠴᠢᠯᠠᠭᠤ ᠪᠠᠷ ᠶᠡᠷᠦ ᠶᠠᠭᠠᠬᠢᠬᠤ ᠪᠢᠯᠡ ᠳ᠋ᠡ ᠭᠡᠵᠦ ᠢᠨᠢᠶᠡᠳᠦ ᠨᠢ ᠬᠦᠷᠴᠦ ᠪᠠᠭ᠎ᠠ ᠬᠦᠯᠢᠶᠡᠵᠦ ᠪᠠᠶᠢᠭᠠᠳ ᠬᠡᠦᠬᠡᠨ ᠢ ᠳᠤᠯᠤᠭᠠᠢ ᠶᠢᠨ ᠴᠠᠭᠠᠳᠠᠢ ᠪᠡᠶ᠎ᠡ ᠠᠯᠳᠠᠷᠠᠭᠰᠠᠨ ᠬᠤᠶᠢᠨ᠎ᠠ ᠲᠡᠷᠡ ᠴᠢᠯᠠᠭᠤ ᠶᠢ ᠠᠪᠴᠦ ᠨᠢᠭᠡ ᠲᠡᠰᠢ ᠨᠢ ᠰᠢᠳᠡᠭᠡᠳ᠂ ᠮᠤᠷᠢ ᠪᠠᠨ ᠤᠰᠤᠯᠠᠵᠦ᠂ ᠦᠪᠡᠷ ᠢᠶᠠᠨ ᠴᠦ ᠪᠠᠭ᠋ᠠᠨ ᠵᠠᠯᠭᠢᠯᠠᠵᠦ ᠴᠠᠩᠭᠠᠭ᠎ᠠ ᠪᠠᠨ ᠳᠠᠷᠤᠵᠦ ᠠᠪᠤᠭᠠᠳ᠂ ᠬᠤᠶᠢᠲᠦ ᠲᠤᠯᠤᠭᠠᠢ ᠶᠢᠨ ᠬᠢᠨᠢ ᠡᠩᠭᠡᠷ ᠠᠴᠠ ᠬᠡᠪᠲᠡᠭᠡ ᠦᠬᠡᠷ ᠤᠨ ᠴᠢᠨᠡᠭᠡᠨ ᠨᠢᠭᠡ ᠪᠦᠳᠦᠭᠦᠨ ᠴᠢᠯᠠᠭᠤ ᠳᠡᠪᠡᠷᠢᠨ ᠠᠪᠴᠢᠷᠠᠵᠦ ᠬᠤᠳᠳᠤᠭ ᠤᠨ ᠠᠮᠠᠨ ᠳᠡᠭᠡᠷ᠎ᠡ ᠨᠢ ᠳᠠᠷᠤᠵᠦ ᠳᠠᠯᠪᠢᠭᠠᠳ ᠮᠤᠷᠳᠠᠨ ᠶᠠᠪᠤᠵᠡᠢ᠃      ᠮᠠᠷᠭᠠᠰᠢ ᠨᠢ ᠬᠡᠦᠬᠡᠨ ᠬᠤᠳᠳᠤᠭ ᠳᠡᠭᠡᠷ᠎ᠡ ᠪᠠᠨ ᠢᠷᠡᠵᠦ ᠦᠵᠡᠬᠦᠯ᠎ᠡ᠂ ᠦᠪᠡᠷ ᠤᠨ ᠬᠢᠨᠢ ᠲᠠᠯᠪᠢᠭᠰᠠᠨ ᠴᠢᠯᠠᠭᠤ ᠨᠢ ᠬᠤᠯᠠ ᠲᠡᠨᠳᠡ ᠬᠡᠪᠳᠡᠬᠦ ᠪᠦᠭᠡᠳ ᠤᠷᠤᠨ ᠳᠤᠨᠢ ᠬᠠᠷᠢᠨ ᠦᠭᠡᠷ᠎ᠡ ᠨᠢᠭᠡ ᠰᠦᠷᠡᠬᠡᠢ ᠪᠦᠳᠦᠬᠦᠨ ᠴᠢᠯᠠᠭᠤ ᠬᠤᠳᠳᠤᠭ ᠤᠨ ᠠᠮᠠ ᠶᠢ ᠨᠢ ᠪᠦᠭᠯᠡᠭᠡᠳ ᠪᠠᠶᠢᠵᠦ ᠭᠡᠨ᠎ᠡ᠃ ᠵᠠ᠂ ᠡᠨᠡ ᠴᠤ ᠯᠠᠪ ᠦᠴᠦᠭᠡᠳᠦᠷ ᠤᠨ ᠲᠡᠷᠡ ᠬᠦᠮᠦᠨ ᠤ ᠬᠢᠭᠰᠡᠨ ᠬᠡᠷᠡᠭ ᠪᠡᠶᠢᠬᠤ ᠭᠡᠵᠦ ᠮᠡᠳᠡᠵᠡᠢ᠃ ᠭᠡᠪᠡᠴᠦ ᠦᠬᠦᠨ ᠶᠠᠳᠠᠨ ᠨᠤᠴᠤᠯᠳᠤᠭᠠᠳ ᠦᠴᠦᠬᠡᠨ ᠴᠦ ᠬᠦᠳᠡᠯᠭᠡᠵᠦ ᠴᠢᠳᠠᠭᠰᠠᠨ ᠦᠭᠡᠢ ᠲᠤᠯᠠ᠂ ᠮᠤᠷᠢ ᠪᠠᠷ ᠢᠶᠠᠷ ᠢᠶᠠᠨ ᠳᠠᠪᠬᠢᠵᠦ ᠤᠶᠢᠷᠠᠯᠴᠠᠭ᠎ᠠ ᠠᠶᠢᠯ ᠤᠳ ᠠᠴᠠ ᠪᠠᠨ ᠬᠤᠶᠠᠷ ᠭᠤᠷᠪᠠᠨ ᠶᠠᠳᠠᠷ ᠵᠠᠯᠠᠭᠤ ᠳᠠᠭᠤᠳᠠᠵᠦ ᠮᠤᠳᠤ ᠬᠦᠰᠢᠭᠦᠷᠭᠡ ᠳᠡᠭᠡᠰᠦ ᠠᠷᠭᠠᠮᠵᠢ ᠪᠡᠯᠡᠳᠭᠡᠨ ᠠᠪᠠᠴᠢᠭᠠᠳ ᠲᠠᠲᠠᠬᠤ ᠨᠢ ᠲᠠᠲᠠᠵᠦ ᠲᠦᠯᠬᠢᠬᠦ ᠨᠢ ᠲᠦᠯᠬᠢᠵᠦ ᠬᠠᠮᠤᠭ ᠲᠡᠩᠬᠡᠬᠡ ᠪᠠᠨ ᠰᠢᠪᠬᠠᠭᠰᠠᠨ ᠪᠤᠯᠪᠠᠴᠦ ᠮᠦᠨ ᠯᠠ ᠬᠦᠳᠡᠯᠭᠡᠵᠦ ᠴᠢᠳᠠᠭᠰᠠᠨ ᠦᠭᠡᠢ ᠭᠡᠨ᠎ᠡ᠃ ᠠᠶᠢᠯ ᠤᠳ ᠤᠨ ᠨᠠᠰᠤᠲᠠᠶᠢᠴᠦᠳ ᠢᠷᠡᠵᠦ ᠦᠵᠡᠭᠡᠳ᠂ ᠬᠤᠪᠢ  ᠪᠠᠷ ᠢᠶᠠᠨ ᠶᠠᠪᠤᠭᠰᠠᠨ ᠵᠠᠮ ᠤᠨ ᠬᠦᠮᠦᠨ ᠢ ᠤᠷᠤᠯᠳᠤᠬᠤ ᠨᠢ ᠶᠠᠭᠤ ᠪᠤᠢ᠂ ᠬᠦᠮᠦᠨ ᠮᠠᠯ ᠲᠠᠢ ᠪᠠᠨ ᠴᠤᠭᠭᠠᠷ ᠢᠳᠡᠬᠦ ᠤᠰᠤ ᠦᠭᠡᠢ ᠬᠠᠲᠠᠵᠦ ᠦᠬᠦᠬᠦ ᠨᠢ ᠲᠤᠳᠠᠵᠦ ᠪᠠᠶᠢᠨ᠎ᠠ ᠤᠤ ᠭᠡᠵᠦ ᠬᠡᠦᠬᠡᠨ ᠢ ᠬᠠᠷᠢᠶᠠᠵᠦ ᠬᠤᠷᠳᠤᠨ ᠶᠠᠪᠤᠵᠦ ᠲᠡᠷᠡ ᠬᠦᠮᠦᠨ ᠢ ᠤᠯᠵᠦ ᠵᠠᠯᠠᠵᠦ ᠠᠪᠴᠢᠷᠠ ᠭᠡᠳ ᠬᠤᠶᠠᠷ ᠵᠠᠯᠠᠭᠤ ᠪᠠᠨ ᠶᠠᠪᠤᠭᠤᠯᠵᠡᠢ᠃      ᠲᠡᠷᠡ ᠬᠤᠶᠠᠷ ᠵᠠᠯᠠᠭᠤ ᠡᠳᠦᠷ ᠤᠨ ᠭᠠᠵᠠᠷ ᠠᠴᠠ ᠱᠠᠯᠪᠢᠩ ᠢ ᠬᠦᠭᠡᠭᠡᠵᠦ ᠬᠦᠢᠴᠡᠭᠡᠳ᠂ ᠰᠠᠶᠢᠨ ᠦᠭᠡ ᠪᠠᠷ ᠭᠤᠶᠤᠵᠦ ᠪᠠᠶᠢᠵᠦ ᠱᠠᠯᠪᠢᠩ ᠢ ᠪᠤᠴᠠᠭᠠᠨ ᠵᠠᠯᠠᠵᠦ ᠠᠪᠴᠢᠷᠠᠵᠡᠢ᠃ᠱᠠᠯᠪᠢᠩ ᠲᠡᠷᠡ ᠬᠡᠦᠬᠡᠨ ᠳᠤ᠄ ︽ᠪᠠᠶᠠᠨ ᠠᠭᠤᠳᠠᠮ ᠮᠤᠩᠭᠤᠯ ᠨᠤᠲᠤᠭ ᠪᠠᠶᠢᠨ᠎ᠠ᠂ ᠦᠭᠡ ᠬᠡᠯᠡ ᠠᠳᠠᠯᠢ ᠦᠨᠳᠦᠰᠦ ᠢᠵᠠᠭᠤᠷ ᠨᠢᠭᠡᠳᠡᠢ ᠮᠤᠩᠭᠤᠯ ᠠᠬ᠎ᠠ ᠲᠡᠭᠦᠦ ᠪᠠᠶᠢᠵᠦ ᠪᠠᠶᠢᠭᠠᠳ ᠠᠷᠠᠢ ᠴᠦ ᠢᠩᠬᠢᠵᠦ ᠨᠢᠭᠡ ᠨᠢᠭᠡ ᠠᠴᠠ ᠪᠠᠨ ᠬᠠᠷ᠎ᠠ ᠤᠰᠤ ᠬᠠᠷᠠᠮᠨᠠᠬᠤ ᠪᠠᠷ ᠪᠤᠯᠤᠭ᠎ᠠ ᠦᠭᠡᠢ ᠪᠢᠵᠡ ᠡ᠃ ᠪᠤᠰᠤᠳ ᠢ ᠮᠡᠳᠡᠶ᠎ᠠ ᠭᠡᠪᠡᠯ ᠪᠡᠶ᠎ᠠ ᠪᠠᠨ ᠬᠠᠷᠠ᠂ ᠪᠤᠷᠤᠭᠤ ᠪᠠᠨ ᠮᠡᠳᠡᠶ᠎ᠠ ᠭᠡᠪᠡᠯ ᠮᠦᠷ ᠢᠶᠠᠨ ᠬᠠᠷᠠ ᠭᠡᠳᠡᠭ ᠶᠤᠮ᠃ ᠪᠢᠳᠡᠬᠡᠢ ᠵᠦᠪᠬᠡᠨ ᠨᠤᠲᠤᠭ ᠤᠨ ᠠᠭᠤᠯᠠ ᠶᠢ ᠯᠠ ᠬᠠᠮᠤᠭ ᠤᠨ ᠦᠨᠳᠦᠷ ᠭᠡᠵᠦ ᠪᠤᠳᠤᠭᠠᠳ ᠪᠠᠢ᠂ ᠠᠭᠤᠯᠠ ᠶᠢᠨ ᠴᠠᠭᠠᠨ᠎ᠠ ᠪᠠᠰᠠ ᠠᠭᠤᠯᠠ ᠪᠠᠶᠢᠳᠠᠭ ᠭᠡᠳᠡᠭ ᠢ ᠮᠡᠳᠡᠵᠦ ᠠᠪᠬᠤ ᠬᠡᠷᠡᠭ ᠲᠠᠢ ᠶᠤᠮ ᠰᠢᠦ ᠳ᠋ᠡ᠃ ᠡᠭᠦᠨ ᠢ ᠳᠡᠬᠦᠦ ᠮᠢᠨᠢ ᠮᠡᠳᠡᠵᠦ ᠠᠪᠤᠭᠠᠷᠠᠢ︕︾ ᠭᠡᠰᠡᠨ ᠳᠤ ᠬᠡᠦᠬᠡᠨ ᠢᠴᠢᠭᠡᠳ ᠬᠠᠷ᠎ᠠ ᠴᠠᠭᠠᠨ ᠳᠠᠭᠤ ᠦᠭᠡᠢ ᠬᠤᠯᠬᠤᠯᠵᠠᠨ ᠵᠤᠭᠰᠤᠵᠤ ᠪᠠᠶᠢᠵᠡᠢ ᠭᠡᠨ᠎ᠡ᠃      ᠱᠠᠯᠪᠢᠩ ᠲᠡᠷᠡ ᠬᠤᠳᠳᠤᠭ ᠤᠨ ᠠᠮᠠ ᠶᠢ ᠳᠠᠷᠤᠭᠰᠠᠨ ᠴᠢᠯᠠᠭᠤ ᠪᠠᠨ ᠬᠤᠵᠢᠮ ᠤᠨ ᠬᠦᠮᠦᠨ ᠳᠤ ᠳᠤᠷᠠᠳᠬᠠᠯ ᠪᠤᠯᠳᠤᠭᠠᠢ ᠭᠡᠵᠦ ᠬᠤᠶᠢᠲᠦ ᠳᠤᠯᠤᠭᠠᠢ ᠶᠢᠨ ᠤᠷᠤᠢ ᠳᠡᠭᠡᠷ᠎ᠡ ᠠᠪᠠᠴᠢᠵᠦ ᠪᠤᠰᠬᠠᠵᠦ ᠲᠠᠯᠪᠢᠭᠠᠳ᠂ ᠦᠷᠭᠦᠯᠵᠢᠯᠡᠨ ᠵᠠᠮ ᠢᠶᠠᠨ ᠬᠦᠭᠡᠭᠡᠵᠦ ᠭᠡᠨ᠎ᠡ᠃      ︵ᠦᠷᠭᠦᠯᠵᠢᠯᠡᠯ᠄ ᠪᠦᠬᠡ ᠱᠠᠯᠪᠢᠩ ᠢ ᠨᠡᠬᠡᠮᠵᠢᠯᠡᠵᠦ ᠬᠡᠦᠬᠡᠨ ᠪᠦᠬᠡ ᠭᠠᠯᠪᠠ ᠶᠢᠨ ᠭᠤᠪᠢ ᠠᠴᠠ ᠪᠤᠴᠠᠭᠰᠠᠨ︶
 
ᠢᠷᠡᠯᠲᠡ᠄ ᠠᠯᠠᠱᠠ ᠪᠦᠬᠡ ᠱᠠᠯᠪᠢᠩ ᠤᠨ ᠨᠠᠮᠳᠠᠷ ᠳᠣᠮᠤᠭ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号