ᠪᠦᠭᠡ ᠱᠠᠯᠪᠢᠩ ᠢ ᠨᠡᠭᠡᠮᠵᠢᠯᠠᠵᠦ ᠭᠡᠤᠭᠡᠨ ᠪᠦᠭᠡ ᠭᠠᠯᠪᠠ ᠶᠢᠨ ᠭᠤᠪᠢ ᠠᠴᠠ ᠪᠤᠴᠠᠭᠰᠠᠨ | | | ᠭᠡᠤᠭᠡᠨ ᠪᠦᠭᠡ ᠲᠠᠷᠨ ᠱᠦᠨᠢ ᠱᠠᠯᠪᠢᠩ ᠢ ᠠᠯᠳᠠᠵᠦ ᠶᠠᠪᠤᠭᠤᠯᠤᠭᠠᠳ᠂ ᠡᠯᠳᠡᠪ ᠢ ᠪᠤᠲᠤᠵᠦ ᠤᠷᠪᠠᠨ | ᠬᠦᠷᠪᠠᠨ ᠨᠢᠲᠤ ᠠᠨᠢᠭᠰᠠᠨ ᠦᠭᠡᠢ ᠦᠷ ᠴᠠᠶᠢᠯᠭᠠᠵᠡᠢ᠃ | ᠲᠡᠭᠡᠭᠡᠳ ᠮᠠᠷᠭᠠᠰᠢ ᠨᠢ ᠭᠡᠤᠭᠡᠨ ᠪᠦᠭᠡ ᠴᠢᠳᠠᠯ ᠲᠡᠩᠭᠡᠭᠡ ᠲᠠᠢ ᠲᠡᠬᠦᠦ ᠪᠠᠨ ᠠᠪᠬᠤ ᠪᠠᠷ ᠲᠠᠬᠢᠨ ᠬᠦᠷᠢᠶ᠎ᠠ | ᠤᠷᠤᠵᠦ᠂ ᠬᠤᠶᠠᠭᠤᠯᠨ ᠪᠠᠨ ᠨᠢᠭᠡ ᠨᠢᠭᠡ ᠰᠠᠶᠢᠨ ᠮᠤᠷᠢ ᠰᠤᠩᠭᠤᠨ ᠤᠨᠤᠵᠦ᠂ ᠢᠯᠡᠬᠦᠦ ᠪᠠᠰᠠ ᠨᠢᠭᠡ ᠨᠢᠭᠡ ᠰᠤᠯᠨ | ᠮᠤᠷᠢ ᠬᠦᠲᠤᠯᠤᠨ᠂ ᠱᠠᠯᠪᠢᠩ ᠤᠨ ᠮᠦᠷ ᠢᠶᠠᠷ ᠮᠤᠷᠳᠠᠵᠠᠢ᠃ ᠭᠡᠤᠭᠡᠨ ᠪᠦᠭᠡ ᠶᠢᠨ ᠲᠡᠬᠦᠦ ᠨᠢ ᠭᠡᠵᠦ ᠮᠦᠨ ᠶᠡᠭᠡ | ᠲᠡᠩᠭᠡᠭᠡ ᠲᠠᠢ ᠠᠷᠪᠠᠨ ᠲᠤᠯᠤᠭ᠎ᠠ ᠨᠠᠢᠮᠨ ᠬᠦᠷᠴᠦ ᠶᠠᠪᠤᠭ᠎ᠠ ᠵᠠᠯᠠᠭᠤ ᠪᠠᠶᠢᠵᠠᠢ᠃ ᠡᠭᠡᠴᠢ ᠲᠡᠬᠦᠦ ᠬᠤᠶᠠᠭᠤᠯᠨ ᠪᠠᠨ | ᠵᠠᠮ ᠤᠨ ᠲᠤᠵᠢ ᠮᠤᠷᠢ ᠪᠠᠨ ᠰᠤᠶᠢᠵᠦ ᠤᠨᠤᠨ ᠰᠢᠮᠳᠠᠨ ᠨᠡᠭᠡᠵᠦ ᠶᠠᠪᠤᠭᠰᠠᠭᠠᠷ ᠪᠠᠶᠢᠭᠠᠳ ᠭᠤᠪᠢ ᠶᠢᠨ ᠶᠡᠭᠡ | ᠬᠦᠳᠡᠭᠡ ᠳᠤ ᠱᠠᠯᠪᠢᠩ ᠢ ᠬᠦᠢᠴᠡᠵᠦ ᠢᠷᠡᠵᠦ ᠭᠡᠨ᠎ᠠ᠃ | ᠱᠠᠯᠪᠢᠩ ᠶᠠᠭ ᠨᠢᠭᠡ ᠲᠤᠯᠤᠭᠠᠢ ᠶᠢᠨ ᠤᠷᠤᠢ ᠲᠡᠭᠡᠷ᠎ᠠ ᠮᠤᠷᠢ ᠪᠠᠨ ᠠᠮᠠᠷᠠᠭᠠᠭᠠᠳ ᠰᠠᠭᠤᠵᠦ ᠪᠠᠶᠢᠵᠠᠢ᠃ | ᠭᠡᠤᠭᠡᠨ ᠪᠦᠭᠡ ᠲᠡᠷᠭᠡᠳᠡ ᠨᠢ ᠬᠦᠷᠴᠦ ᠢᠷᠡᠭᠡᠳ᠄ ︽ᠵᠠ᠂ ᠦᠨᠦᠲᠤᠷ ᠪᠢᠳᠡ ᠬᠤᠶᠠᠭᠤᠯᠨ ᠶᠠᠭᠠᠬᠢᠬᠤ ᠪᠢᠯᠨ︖︾ | ᠭᠡᠰᠡᠨ ᠳᠤ᠂ ᠱᠠᠯᠪᠢᠩ ᠨᠢᠲᠤᠨ ᠤ ᠪᠠᠨ ᠪᠤᠯᠤᠩ ᠢᠶᠠᠷ ᠭᠡᠤᠭᠡᠨ ᠢ ᠨᠢᠭᠡ ᠬᠠᠷᠠᠵᠦ ᠠᠪᠤᠭᠠᠳ᠂ ︽ᠶᠠᠭᠠᠬᠢᠬᠤ ᠪᠠᠨ | ᠪᠠᠶ᠎ᠠ ᠠᠴᠠ ᠪᠠᠨ ᠠᠰᠠᠭᠤ᠂ ᠨᠠᠳᠠ ᠠᠴᠠ ᠰᠤᠷᠠᠬᠤ ᠭᠡᠷᠡᠭ ᠦᠭᠡᠢ︕︾ ᠭᠡᠳ᠂ ᠶᠠᠭᠤ ᠴᠤ ᠪᠤᠯᠤᠭ᠎ᠠ ᠦᠭᠡᠢ | ᠶᠤᠮ ᠰᠢᠭ᠋ ᠰᠢᠪᠠᠭ ᠤᠨ ᠲᠤᠯᠤᠭᠠᠢ ᠲᠠᠰᠤᠳᠠᠨ ᠦᠨᠦᠷᠯᠠᠵᠦ ᠰᠠᠭᠤᠵᠠᠢ᠃ | ᠭᠡᠤᠭᠡᠨ ᠮᠤᠷᠢᠨ ᠠᠴᠠ ᠪᠠᠨ ᠪᠠᠭᠤᠵᠦ ᠴᠤᠯᠪᠤᠭᠤᠷ ᠢᠶᠠᠨ ᠲᠡᠬᠦᠦ ᠳᠡᠭᠡᠨ ᠬᠠᠶᠠᠵᠦ ᠦᠭᠬᠦᠭᠡᠳ᠂ ᠱᠠᠯᠪᠢᠩ ᠢ | ᠬᠠᠷᠠᠵᠦ ᠭᠡᠰᠡᠭ ᠲᠤᠭᠤᠢ ᠵᠤᠭᠰᠤᠭᠰᠠᠨ ᠢᠶᠠᠨ ︽ᠪᠠᠷᠢᠯᠲᠤᠬᠤ ᠤᠤ︖︾ ᠭᠡᠵᠦ ᠠᠰᠠᠭᠤᠵᠠᠢ᠃ | ᠱᠠᠯᠪᠢᠩ᠄ ︽ᠲᠠᠨ ᠤ ᠬᠠᠯᠬ᠎ᠠ ᠬᠦᠮᠦᠨ ᠭᠡᠳᠡᠭ ᠴᠢᠨᠢ ᠮᠠᠨᠵᠦ ᠶᠢᠨ ᠬᠠᠭᠠᠨ ᠲᠠᠢ ᠠᠳᠠᠯᠢ ᠭᠡᠤᠭᠡᠳ ᠤᠨ ᠵᠠᠩ | ᠲᠠᠢ ᠤᠯᠢᠭ ᠦᠭᠡᠢ ᠤᠯᠤᠰ᠂ ᠲᠠᠨᠤᠰ ᠲᠠᠢ ᠪᠠᠷᠢᠯᠲᠤᠬᠤ ᠦᠭᠡᠢ︕︾ ᠭᠡᠵᠡᠢ᠃ | ᠭᠡᠤᠭᠡᠨ ᠤ ᠴᠢᠷᠠᠢ ᠨᠢ ᠬᠤᠪᠢᠯᠤᠨ᠄ ︽ᠴᠢ ᠶᠠᠭᠤᠨ ᠬᠦᠮᠦᠨ ᠪᠤᠢ︖ ᠶᠠᠭᠤ ᠭᠡᠳ ᠮᠠᠨ ᠤ ᠬᠠᠯᠬ᠎ᠠ | ᠬᠦᠮᠦᠨ ᠢ ᠮᠠᠭᠤᠯᠠᠵᠦ ᠪᠠᠶᠢᠨ᠎ᠠ ᠪᠤᠢ︖︾ ᠭᠡᠬᠦᠯ᠎ᠠ᠂ ᠱᠠᠯᠪᠢᠩ ᠭᠡᠯᠡᠵᠠᠢ᠄ ︽ᠰᠤᠨᠤᠰᠤᠶ᠎ᠠ ᠭᠡᠪᠠᠯ ᠪᠢ ᠴᠢᠮᠠᠲᠤ | ᠭᠡᠯᠡᠵᠦ ᠦᠭᠬᠦᠶ᠎ᠠ᠃ ᠪᠢ ᠪᠤᠯ ᠠᠯᠠᠱᠨ ᠨᠤᠲᠤᠭ ᠤᠨ ᠬᠦᠮᠦᠨ᠂ ᠶᠠᠪᠤᠭᠰᠠᠨ ᠭᠠᠵᠠᠷ ᠲᠠᠭᠠᠨ ᠨᠠᠷᠠ ᠲᠠᠢ᠂ | ᠵᠤᠭᠰᠤᠭᠰᠠᠨ ᠭᠠᠵᠠᠷ ᠲᠠᠭᠠᠨ ᠪᠠᠶ᠎ᠠ ᠲᠠᠢ ᠪᠦᠭᠡᠴᠢᠨ᠃ ᠮᠠᠨᠵᠦ ᠶᠢᠨ ᠬᠠᠭᠠᠨ ᠨᠠᠮᠠᠢᠢ ᠪᠠᠷᠢᠵᠦ ᠠᠯᠠᠬᠤ ᠭᠡᠰᠡᠨ ᠶᠤᠮ᠃ | ᠭᠡᠪᠠᠴᠦ ᠨᠠᠮᠠᠢᠢ ᠲᠠᠭᠠᠭᠤᠯᠵᠦ ᠤᠴᠢᠭᠰᠠᠨ ᠬᠤᠰᠢᠭᠤᠨ ᠶᠠᠮᠤᠨ ᠤ ᠲᠦᠰᠢᠮᠠᠯ ᠤᠨ ᠰᠠᠶᠢᠨ ᠢᠶᠠᠷ ᠪᠢ ᠪᠡᠭᠡᠵᠢᠩ | ᠬᠤᠳᠠ ᠠᠴᠠ ᠲᠤᠳᠠᠭᠠᠵᠦ ᠭᠠᠷᠤᠭᠠᠳ᠂ ᠠᠯᠠᠱᠨ ᠨᠤᠲᠤᠭ ᠲᠠᠭᠠᠨ ᠬᠠᠷᠢᠬᠤ ᠠᠷᠭ᠎ᠠ ᠦᠭᠡᠢ ᠪᠤᠯᠤᠭᠰᠠᠨ ᠤᠴᠢᠷ | ᠠᠴᠠ ᠰᠠᠶ᠋ᠢ ᠲᠠᠨ ᠤ ᠪᠤᠭᠳᠠ ᠶᠢᠨ ᠬᠦᠷᠢᠶᠠᠨ ᠳᠤ ᠬᠦᠷᠴᠦ ᠢᠷᠡᠭᠰᠡᠨ ᠪᠢᠯᠨ᠃ ᠲᠡᠭᠡᠬᠦ ᠳᠡᠭᠡᠨ ᠬᠠᠯᠬ᠎ᠠ ᠬᠦᠮᠦᠨ ᠢ | ᠪᠠᠰᠨ ᠮᠠᠨᠵᠦ ᠶᠢᠨ ᠬᠠᠭᠠᠨ ᠰᠢᠭ᠋ ᠨᠤᠶᠢᠳᠠᠨ ᠴᠡᠭᠡᠵᠢ ᠲᠠᠢ᠂ ᠪᠦᠭᠡ ᠶᠢᠨ ᠶᠤᠰᠤ ᠮᠡᠳᠡᠬᠦ ᠦᠭᠡᠢ ᠪᠠᠶᠢᠳᠠᠭ ᠭᠡᠵᠦ ᠲᠠᠭ | ᠰᠠᠨᠠᠭᠰᠠᠨ ᠦᠭᠡᠢ ᠨᠢ ᠮᠢᠨᠦ ᠶᠡᠭᠡ ᠪᠤᠷᠤᠭᠤ ᠪᠤᠯᠤᠭᠰᠠᠨ ᠪᠠᠶᠢᠵᠠᠢ᠃ ᠪᠦᠭᠡ ᠶᠢᠨ ᠵᠢᠷᠤᠮ ᠳᠤ ᠬᠠᠶᠠᠬᠤ ᠪᠠ | ᠬᠠᠶᠠᠭᠳᠠᠬᠤ ᠨᠢ ᠪᠦᠷᠢ ᠡᠩ ᠤᠨ ᠶᠠᠪᠤᠳᠠᠯ᠂ ᠶᠠᠭᠠᠬᠢᠪᠠᠴᠦ ᠨᠢᠭᠡ ᠨᠢ ᠲᠠᠶᠢᠯᠵᠦ ᠨᠢᠭᠡ ᠨᠢ ᠲᠡᠶᠢᠯᠦᠭᠳᠡᠭᠡᠳ | ᠵᠤᠭᠰᠤᠳᠠᠭ ᠪᠢᠵᠨ᠃ ᠭᠡᠷᠪᠠ ᠲᠠᠶᠢᠮᠤ ᠪᠢᠰᠢ ᠪᠠᠶᠢᠭᠰᠠᠨ ᠪᠤᠯ ᠰᠢᠯᠭᠠᠷᠠᠭᠤᠯᠤᠨ᠎ᠠ ᠭᠡᠵᠦ ᠭᠡᠷᠡᠭ ᠦᠭᠡᠢ ᠶᠠᠭᠤᠮ᠎ᠠ | ᠰᠡᠲᠤᠭᠡᠳ ᠶᠠᠮᠠᠷ ᠡᠴᠢᠭᠡ ᠪᠠᠨ ᠬᠢᠬᠦ ᠭᠡᠰᠡᠨ ᠪᠤᠢ︖ ᠲᠡᠶᠢᠮᠤ ᠶᠡᠭᠡ ᠪᠦᠭᠡ ᠶᠢᠨ ᠨᠠᠶᠢᠷ ᠭᠡᠵᠦ ᠪᠠᠶᠢᠭᠠᠳ᠂ ᠪᠦᠭᠡ | ᠶᠢᠨ ᠮᠠᠩᠯᠠᠢ ᠶᠢ ᠦᠵᠦᠬᠦᠷ ᠨᠠᠢᠮᠠᠨ ᠬᠦᠮᠦᠨ ᠤ ᠲᠤᠲᠤᠷ᠎ᠠ ᠠᠴᠠ ᠰᠢᠯᠭᠠᠷᠠᠭᠤᠯᠬᠤ ᠶᠤᠰᠤᠲᠡᠢ ᠪᠠᠶᠢᠳᠠᠭ ᠢ ᠲᠠᠨ ᠬᠢᠨ | ᠨᠢ ᠮᠡᠳᠡᠳᠡᠭ ᠦᠭᠡᠢ ᠪᠠᠶᠢᠭᠰᠠᠨ ᠶᠤᠮ ᠤᠤ︖ ᠶᠠᠭᠤᠨ ᠤ ᠤᠴᠢᠷ ᠠᠴᠠ ᠪᠦᠭᠡ ᠶᠢᠨ ᠮᠦᠷᠦᠶᠢᠴᠡᠭᠡᠨ ᠳᠤ ᠤᠷᠤᠭ᠎ᠠ | ᠦᠭᠡᠢ ᠬᠦᠮᠦᠨ ᠢ ᠠᠪᠴᠢᠷᠠᠵᠦ ᠨᠠᠳᠠᠲᠡᠢ ᠪᠠᠷᠢᠯᠲᠣᠭᠤᠯᠵᠤ ᠪᠠᠶᠢᠳᠠᠭ ᠶᠤᠮ ᠪᠤᠢ︖ ᠦᠷᠢ ᠰᠢᠷᠢ ᠪᠠᠨ ᠪᠤᠲᠤᠵᠦ | ᠠᠪᠬᠤ ᠭᠡᠵᠦ ᠪᠠᠶᠢᠭ᠎ᠠ ᠶᠤᠮ︖ ᠴᠢᠨᠦ ᠲᠡᠷᠨ ᠴᠢᠨᠢ ᠶᠠᠭᠠᠬᠢᠬᠤ ᠭᠡᠰᠡᠨ ᠦᠭᠡ ᠪᠤᠢ᠂ ᠪᠦᠭᠡ ᠪᠠᠷᠢᠯᠲᠤᠨ᠎ᠠ ᠭᠡᠳᠡᠭ | ᠴᠢᠨᠢ ᠦᠷᠢ ᠰᠢᠷᠢ ᠨᠡᠭᠡᠵᠦ᠂ ᠦᠰᠢᠶ᠎ᠠ ᠬᠤᠷᠤᠰᠤᠯ ᠠᠪᠬᠤ ᠭᠡᠷᠡᠭ ᠮᠦᠨ ᠤᠤ︖ ᠲᠡᠶᠢᠯᠪᠠᠯ ᠪᠠᠶᠠᠷᠯᠠᠨ᠎ᠠ᠂ | ᠲᠡᠶᠢᠯᠦᠭᠳᠡᠪᠠᠯ ᠠᠭᠤᠷᠯᠠᠨ᠎ᠠ᠂ ᠲᠡᠭᠡᠭᠡᠳ ᠴᠠᠰᠢ ᠨᠢ ᠬᠦᠮᠦᠨ ᠳᠤ ᠦᠰ ᠵᠠᠩᠬᠢᠳᠴᠦ ᠬᠤᠤᠷ ᠢᠶᠠᠨ ᠬᠦᠷᠭᠡᠬᠦ ᠭᠡᠵᠦ | ᠤᠷᠤᠯᠲᠤᠨ᠎ᠠ᠃ ᠲᠠᠨᠤᠰ ᠤᠨ ᠡᠨ᠋ᠨ ᠬᠢᠳᠠᠯ ᠴᠢᠨᠢ ᠮᠠᠨᠵᠦ ᠶᠢᠨ ᠬᠠᠭᠠᠨ ᠤ ᠬᠠᠷ᠎ᠠ ᠰᠠᠨᠠᠭ᠎ᠠ ᠲᠠᠢ ᠶᠠᠭᠤ ᠪᠠᠷ ᠢᠶᠠᠨ | ᠢᠯᠭᠠᠭᠳᠠᠬᠤ ᠶᠤᠮ ᠪᠤᠢ︖ ᠵᠤᠲᠤᠯᠲᠤᠶᠠ ᠭᠡᠰᠡᠨ ᠶᠤᠮ ᠪᠤᠯ ᠬᠤᠶᠠᠭᠤᠯᠨ ᠪᠠᠨ ᠬᠦᠷᠤᠭᠡᠳ ᠢᠷ᠎ᠡ︕︾ ᠭᠡᠳ | ᠪᠤᠰᠤᠭᠠᠳ ᠢᠷᠡᠵᠦ ᠭᠡᠨ᠎ᠠ᠃ ᠲᠡᠭᠡᠭᠰᠡᠨ ᠴᠢᠨᠢ ᠭᠡᠤᠭᠡᠨ ᠪᠦᠭᠡ ᠬᠠᠷᠢᠨ ᠲᠠᠭ ᠲᠠᠭᠤ ᠦᠭᠡᠢ ᠪᠤᠯᠵᠦ ᠨᠠᠯᠢᠶᠡᠳ | ᠤᠳᠠᠵᠦ ᠪᠠᠶᠢᠭᠠᠳ᠄ ︽ᠠᠬ᠎ᠠ ᠶᠢ ᠢᠩᠬᠢᠵᠦ ᠶᠠᠪᠤᠭ᠎ᠠ ᠬᠦᠮᠦᠨ ᠭᠡᠵᠦ ᠪᠢ ᠶᠠᠷᠤ ᠪᠤᠲᠤᠭ᠎ᠠ ᠦᠭᠡᠢ ᠰᠢᠤ ᠳ᠋ᠠ᠃ | ᠨᠤᠲᠤᠭ ᠲᠠᠭᠠᠨ ᠬᠠᠷᠢᠵᠦ ᠪᠤᠯᠬᠤ ᠦᠭᠡᠢ ᠪᠤᠯᠤᠭᠰᠠᠨ ᠶᠤᠮ ᠪᠤᠯ᠂ ᠠᠬ᠎ᠠ ᠲᠠ ᠮᠦᠨ ᠠᠳᠡ ᠠᠴᠠ ᠨᠠᠮᠠᠢᠢ | ᠲᠠᠭᠠᠭᠠᠳ ᠪᠤᠴᠠ᠃ ᠲᠠᠨ ᠰᠢᠭ᠋ ᠭᠠᠭᠴᠠ ᠬᠦᠮᠦᠨ ᠢ ᠪᠠᠶᠢᠲᠤᠭᠠᠢ ᠲᠠᠪᠤ ᠠᠷᠪᠠᠨ ᠬᠦᠮᠦᠨ ᠢ ᠪᠤᠯᠪᠠᠴᠦ ᠲᠡᠵᠢᠭᠡᠭᠡᠳ | ᠰᠠᠭᠤᠵᠦ ᠲᠡᠶᠢᠯᠬᠦ ᠪᠠᠷ ᠮᠠᠯ ᠬᠦᠷᠣᠩᠭᠡ ᠨᠠᠳᠠᠲᠤ ᠪᠠᠶᠢᠨ᠎ᠠ᠃ ᠪᠤᠯᠬᠤ ᠤᠤ︖︾ ᠭᠡᠵᠦ ᠭᠤᠶᠤᠵᠠᠢ᠃ | ᠭᠡᠳᠡᠯ᠎ᠠ ᠱᠠᠯᠪᠢᠩ ᠭᠡᠯᠡᠵᠠᠢ᠄ ︽ᠪᠢ ᠴᠤ ᠪᠠᠰᠠ ᠦᠪᠠᠷ ᠤᠨ ᠨᠤᠲᠤᠭ ᠪᠠᠯᠴᠢᠭᠡᠷ ᠲᠠᠢ᠂ ᠭᠡᠷ ᠮᠠᠯ ᠲᠠᠢ | ᠬᠦᠮᠦᠨ᠂ ᠮᠠᠨ ᠤ ᠠᠯᠠᠱᠨ ᠪᠤᠯ ᠮᠦᠨ ᠲᠠᠨ ᠤ ᠬᠠᠯᠠ ᠶᠢᠨ ᠨᠤᠲᠤᠭ ᠠᠴᠠ ᠲᠤᠳᠠᠬᠤ ᠪᠠᠷ ᠦᠭᠡᠢ ᠪᠠᠶᠠᠨ ᠰᠠᠶᠢᠬᠠᠨ | ᠤᠷᠤᠨ ᠪᠢᠯᠨ᠃ ᠶᠠᠷᠤ ᠨᠢ ᠴᠤ ᠲᠡᠭᠡᠭᠡᠳ ᠶᠠᠭᠤ ᠴᠤ ᠦᠭᠡᠢ ᠦᠭᠡᠷ᠎ᠠ ᠴᠠᠭᠠᠨ ᠬᠦᠳᠡᠭᠡ ᠪᠠᠶᠢᠬᠤ ᠪᠠᠷ ᠪᠤᠲᠤᠪᠠᠴᠦ᠂ | ᠲᠦᠷᠦᠭᠰᠡᠨ ᠨᠤᠲᠤᠭ ᠠᠴᠠ ᠢᠯᠡᠬᠦᠦ ᠰᠠᠶᠢᠬᠠᠨ ᠭᠡᠵᠦ ᠰᠠᠨᠠᠭᠳᠠᠬᠤ ᠶᠠᠭᠤᠮ᠎ᠠ ᠨᠠᠳᠠᠲᠤ ᠪᠠᠶᠢᠳᠠᠭ ᠦᠭᠡᠢ ᠶᠤᠮ᠃ | ᠪᠢ ᠭᠡᠲᠤᠶᠢᠪᠠᠷ ᠢᠩᠬᠢᠵᠦ ᠬᠦᠮᠦᠨ ᠤ ᠭᠠᠵᠠᠷ ᠲᠡᠨᠤᠬᠦᠴᠢᠯᠠᠵᠦ ᠪᠠᠶᠢᠪᠠᠴᠦ᠂ ᠨᠤᠲᠤᠭ ᠨᠠᠮᠠᠢᠢ ᠭᠤᠮᠤᠳᠠᠭᠠᠭᠰᠠᠨ | ᠤᠴᠢᠷ ᠪᠠᠶᠢᠬᠤ ᠦᠭᠡᠢ᠃ ᠬᠠᠷᠢᠨ ᠪᠢ ᠬᠦᠮᠦᠨ ᠤ ᠬᠦᠮᠦᠨ ᠳᠤ ᠬᠤᠷᠭᠤᠳᠠᠭᠠᠳ ᠰᠠᠭᠤᠬᠤ ᠶᠤᠮ ᠪᠤᠯ᠂ ᠲᠡᠷᠨ | ᠴᠤᠬᠤᠮ ᠨᠤᠲᠤᠭ ᠤᠰᠤ ᠪᠠᠨ ᠭᠤᠮᠤᠳᠠᠭᠠᠬᠤ ᠶᠠᠪᠤᠳᠠᠯ ᠢ ᠦᠪᠠᠰᠤᠪᠠᠨ ᠬᠢᠵᠦ ᠪᠠᠶᠢᠬᠤ ᠨᠢ ᠲᠡᠷᠨ᠃ ᠮᠠᠨᠵᠦ ᠶᠢᠨ | ᠬᠠᠭᠠᠨ ᠨᠠᠮᠠᠢᠢ ᠬᠤᠤᠷᠯᠠᠵᠦ ᠴᠢᠳᠠᠬᠤ ᠪᠤᠯᠪᠠᠴᠦ᠂ ᠶᠠᠰᠤ ᠪᠠᠨ ᠠᠯᠠᠱᠨ ᠳᠤ ᠲᠠᠯᠪᠢᠬᠤ ᠶᠢ ᠮᠢᠨᠢ ᠬᠤᠷᠢᠭᠯᠠᠵᠦ | ᠴᠢᠳᠠᠬᠤ ᠦᠭᠡᠢ ᠪᠠᠶᠢᠬ᠎ᠠ︕︾ ᠭᠡᠳ ᠮᠤᠷᠢᠨ ᠳᠠᠭᠠᠨ ᠮᠤᠷᠳᠠᠬᠤ ᠭᠡᠰᠡᠨ ᠳᠤ᠂ ᠦᠨᠦ ᠭᠡᠤᠭᠡᠨ ᠢᠷᠡᠵᠦ ᠵᠢᠯᠤᠭᠤ | ᠴᠤᠯᠪᠤᠭᠤᠷ ᠠᠴᠠ ᠨᠢ ᠵᠠᠭᠤᠷᠠᠭᠠᠳ ᠠᠪᠴᠠᠢ᠃ ᠲᠡᠷᠨ ᠭᠡᠯᠡᠭᠰᠡᠨ ᠨᠢ᠄ | ︽ᠠᠬ᠎ᠠ ᠮᠢᠨᠢ ᠨᠠᠮᠠᠢᠢ ᠦᠵᠠᠯ ᠮᠠᠳᠠᠯ ᠢᠶᠠᠷ ᠲᠤᠳᠠᠭᠤ ᠪᠦᠰᠡᠬᠦᠢ ᠬᠦᠮᠦᠨ ᠭᠡᠵᠦ ᠪᠤᠲᠤᠭᠠᠳ ᠦᠭᠡᠨ ᠳᠤ | ᠮᠢᠨᠢ ᠤᠷᠤᠵᠦ ᠪᠤᠯᠬᠤ ᠦᠭᠡᠢ ᠤᠤ︖ ᠬᠦᠮᠦᠨ ᠳᠤ ᠨᠤᠲᠤᠭ ᠠᠴᠠ ᠦᠭᠡᠷ᠎ᠠ ᠲᠤᠲᠤᠨᠦ ᠰᠠᠶᠢᠬᠠᠨ ᠶᠠᠭᠤᠮ᠎ᠠ | ᠪᠠᠶᠢᠬᠤ ᠦᠭᠡᠢ ᠭᠡᠵᠦ ᠲᠠᠨ ᠤ ᠭᠡᠯᠡᠬᠦ ᠶᠤᠰᠤᠲᠡᠢ ᠵᠦᠪ᠃ ᠭᠡᠪᠠᠴᠦ᠂ ᠮᠠᠨᠵᠦ ᠶᠢᠨ ᠬᠠᠭᠠᠨ ᠦᠬᠦᠬᠦ ᠦᠭᠡᠢ | ᠪᠠᠶᠢᠭᠰᠠᠨ ᠴᠠᠭ ᠲᠤ ᠲᠠ ᠨᠤᠲᠤᠭ ᠲᠠᠭᠠᠨ ᠬᠠᠷᠢᠵᠦ ᠪᠤᠯᠬᠤ ᠦᠭᠡᠢ᠃ ᠪᠢᠳᠡ ᠴᠤᠭᠭᠠᠷ ᠢᠶᠠᠨ ᠵᠠᠯᠠᠭᠤ ᠬᠦᠮᠦᠰ | ᠪᠠᠶᠢᠨ᠎ᠠ᠂ ᠮᠠᠨᠵᠦ ᠶᠢᠨ ᠬᠠᠭᠠᠨ ᠢ ᠡᠯᠡᠭᠡᠵᠦ ᠬᠠᠶᠠᠬᠤ ᠨᠠᠰᠤ ᠮᠠᠨ ᠳᠤ ᠪᠠᠶᠢᠨ᠎ᠠ᠃ ᠬᠤᠵᠢᠮ ᠮᠠᠨᠵᠦ ᠶᠢᠨ ᠬᠠᠭᠠᠨ | ᠦᠬᠦᠵᠦ ᠬᠠᠭᠤᠴᠢᠨ ᠶᠠᠪᠤᠳᠠᠯ ᠪᠠᠯᠠᠷᠠᠬᠤ ᠶᠢᠨ ᠴᠠᠭ ᠲᠤ ᠪᠢ ᠲᠠᠨ ᠢ ᠲᠠᠭᠠᠭᠠᠳ ᠠᠯᠠᠱᠨ ᠳᠤ ᠤᠴᠢᠶ᠎ᠠ᠃ ᠠᠬ᠎ᠠ | ᠮᠢᠨᠢ ᠢᠳᠡᠭᠡᠭᠡᠴᠢ︕︾ ᠭᠡᠵᠦ ᠭᠡᠤᠭᠡᠨ ᠤᠬᠢᠯᠠᠨ ᠪᠠᠶᠢᠵᠦ ᠭᠡᠯᠠᠵᠠᠢ᠃ | ᠭᠡᠪᠠᠴᠦ ᠭᠡᠤᠭᠡᠨ ᠱᠠᠯᠪᠢᠩ ᠢ ᠦᠭᠡᠨ ᠳᠡᠭᠡᠨ ᠤᠷᠤᠭᠤᠯᠵᠦ ᠲᠡᠶᠢᠯᠦᠭᠰᠡᠨ ᠦᠭᠡᠢ᠃ ᠲᠡᠭᠡᠭᠡᠳ ᠴᠦᠬᠦᠷᠡᠬᠦ | ᠳᠡᠭᠡᠨ᠂ ᠲᠠᠨ ᠤ ᠵᠠᠮ ᠬᠤᠯᠨ ᠪᠠᠶᠢᠨ᠎ᠠ᠂ ᠤᠨᠤᠭ᠎ᠠ ᠮᠠᠭᠤᠳᠠᠬᠤ ᠮᠠᠭᠠᠳ ᠦᠭᠡᠢ ᠭᠡᠳ᠂ ᠬᠦᠲᠤᠯᠦᠭᠰᠡᠨ ᠮᠤᠷᠢᠨ | ᠠᠴᠠ ᠪᠠᠨ ᠨᠢᠭᠡ ᠶᠢ ᠨᠢ ᠦᠭᠴᠦ ᠶᠠᠪᠤᠭᠤᠯᠬᠤ ᠭᠡᠰᠡᠨ ᠢ ᠱᠠᠯᠪᠢᠩ ᠬᠠᠷᠢᠨ ᠬᠦᠯᠢᠶᠠᠵᠦ ᠠᠪᠴᠠᠢ᠃ | ︽ᠨᠤᠲᠤᠭ ᠲᠠᠭᠠᠨ ᠬᠦᠷᠦᠭᠰᠡᠨ ᠬᠤᠶᠢᠨ᠎ᠠ ᠤᠨᠤᠵᠦ ᠤᠴᠢᠭᠰᠠᠨ ᠬᠤᠶᠠᠷ ᠮᠤᠷᠢ ᠪᠠᠨ ᠨᠦᠬᠦᠳ ᠢᠶᠠᠷ ᠨᠢ | ᠡᠮᠡᠭᠡᠯ ᠬᠠᠵᠠᠭᠠᠷ ᠠᠴᠠ ᠨᠢ ᠰᠠᠯᠭᠠᠨ ᠰᠤᠯᠠᠯᠠᠵᠦ ᠲᠠᠯᠪᠢ᠂ ᠬᠤᠶᠠᠭᠤᠯᠨ ᠪᠠᠨ ᠪᠦᠷᠢ ᠤᠷᠤᠭ᠎ᠠ ᠵᠠᠩ ᠲᠠᠢ ᠪᠤᠯᠬᠤᠷ | ᠵᠠᠮ ᠳᠠᠭᠠᠨ ᠬᠦᠮᠦᠨ ᠳᠤ ᠪᠠᠷᠢᠭᠳᠠᠬᠤ ᠦᠭᠡᠢ ᠰᠢᠭᠤᠳ ᠬᠠᠷᠢᠭᠠᠳ ᠢᠷᠡᠭᠡᠴᠢᠭᠡᠬᠦ ᠶᠤᠮ᠃ ᠲᠡᠬᠦᠦ ᠴᠢᠨᠢ ᠬᠠᠷᠠᠮᠴᠢ | ᠪᠤᠯᠬᠤ ᠳᠠᠭᠠᠨ ᠢᠩᠬᠢᠵᠦ ᠭᠡᠯᠡᠵᠦ ᠪᠠᠶᠢᠭ᠎ᠠ ᠤᠭᠲᠤ ᠪᠢᠰᠢ᠂ ᠬᠤᠶᠠᠷ ᠠᠬᠳᠠ ᠪᠠᠶᠢᠲᠤᠭᠠᠢ᠂ ᠬᠤᠷᠢᠨ ᠠᠬᠳᠠ ᠶᠢᠨ | ᠬᠤᠶᠢᠨ᠎ᠠ ᠠᠴᠠ ᠴᠤ ᠭᠡᠳ ᠬᠠᠶᠢᠷᠠᠨ ᠭᠡᠵᠦ ᠪᠤᠲᠤᠬᠤ ᠶᠠᠪᠤᠳᠠᠯ ᠨᠠᠳᠠᠲᠤ ᠪᠠᠶᠢᠬᠤ ᠦᠭᠡᠢ᠃ ᠬᠠᠷᠢᠨ ᠪᠢ ᠮᠤᠷᠢ ᠪᠠᠨ | ᠤᠯᠵᠦ ᠦᠵᠠᠪᠠᠯ ᠰᠠᠶ᠋ᠢ ᠲᠠᠨ ᠤ ᠮᠠᠨᠲᠤ ᠰᠠᠶᠢᠬᠠᠨ ᠶᠠᠪᠤᠵᠦ ᠬᠠᠷᠢᠭᠰᠠᠨ ᠢ ᠨᠢ ᠴᠢᠨᠢ ᠮᠡᠳᠡᠭᠡᠳ ᠰᠠᠨᠠᠭ᠎ᠠ ᠠᠮᠠᠷᠠᠬᠤ | ᠪᠤᠯᠤᠨ᠎ᠠ︕︾ ᠭᠡᠵᠦ ᠭᠡᠤᠭᠡᠨ ᠱᠠᠯᠪᠢᠩ ᠳᠤ ᠭᠡᠯᠡᠵᠠᠢ᠃ | ᠬᠤᠶᠠᠷ ᠰᠠᠷ᠎ᠠ ᠶᠢᠨ ᠲᠠᠷᠠᠭ᠎ᠠ ᠲᠡᠷᠨ ᠬᠤᠶᠠᠷ ᠮᠤᠷᠢ ᠦᠨᠠᠭᠡᠷ ᠨᠤᠲᠤᠭ ᠲᠠᠭᠠᠨ ᠬᠠᠷᠢᠭᠠᠳ ᠤᠴᠢᠵᠠᠢ᠃ | ᠭᠡᠤᠭᠡᠨ ᠪᠦᠭᠡ ᠮᠤᠷᠢ ᠪᠠᠨ ᠦᠵᠠᠵᠦ ᠭᠡᠲᠤᠨ ᠬᠤᠨᠤᠭ ᠤᠬᠢᠯᠠᠵᠦ ᠠᠪᠤᠭᠠᠳ᠂ ᠲᠡᠬᠦᠨ ᠠᠴᠠ ᠬᠤᠶᠢᠰᠢ ᠪᠦᠭᠡ ᠶᠢᠨ | ᠲᠠᠯᠠᠪᠤᠷ ᠲᠤ ᠲᠠᠬᠢᠵᠦ ᠶᠠᠷᠤ ᠬᠠᠷᠠᠭᠳᠠᠭᠰᠠᠨ ᠦᠭᠡᠢ ᠪᠦᠭᠡᠳ ᠮᠦᠷᠳᠡᠭᠡᠨ ᠭᠡᠵᠢᠶ᠎ᠠ ᠬᠠᠮᠢᠭᠠᠰᠢ ᠶᠠᠪᠤᠭᠰᠠᠨ ᠨᠢ ᠴᠤ | ᠮᠡᠳᠡᠭᠳᠡᠬᠦ ᠦᠭᠡᠢ ᠪᠠᠷ᠎ᠠ ᠰᠤᠷᠠᠭ ᠲᠠᠰᠤᠷᠠᠵᠦ ᠤᠳᠴᠦ ᠭᠡᠨ᠎ᠠ᠃ | ᠱᠠᠯᠪᠢᠩ ᠤᠨ ᠲᠤᠬᠤᠵᠦ ᠢᠷᠡᠭᠰᠡᠨ ᠲᠡᠷᠨ ᠮᠤᠷᠢᠨ ᠤ ᠡᠮᠡᠭᠡᠯ ᠨᠢ ᠰᠠᠯᠪᠢᠩ ᠢ ᠨᠠᠰᠤᠨ ᠡᠴᠦᠰ ᠪᠤᠯᠳᠠᠯ᠎ᠠ ᠭᠡᠷ | ᠲᠤᠨᠢ ᠪᠠᠶᠢᠭᠰᠠᠨ ᠪᠠ ᠪᠠᠰᠠ ᠵᠠᠷᠢᠮ ᠲᠤᠮᠤᠭ ᠲᠤ ᠭᠡᠯᠡᠬᠦ ᠪᠠᠷ ᠪᠤᠯ ᠨᠠᠰᠤ ᠪᠤᠯᠬᠤ ᠳᠠᠭᠠᠨ ᠱᠠᠯᠪᠢᠩ ᠲᠡᠬᠦᠨ ᠢ | ᠲᠡᠷᠡᠯᠡᠭᠡᠳ ᠭᠡᠪᠳᠡᠵᠦ ᠪᠠᠶᠢᠭᠰᠠᠨ ᠭᠡᠳᠡᠭ ᠪᠢᠯᠨ᠃ ᠪᠦᠭᠡ ᠱᠠᠯᠪᠢᠩ ᠪᠤᠭᠳᠠ ᠶᠢᠨ ᠬᠦᠷᠢᠶ᠎ᠠ ᠠᠴᠠ ᠦᠰᠴᠦ | ᠲᠦᠷᠦᠭᠰᠡᠨ ᠦᠯᠦᠭᠡᠢ ᠨᠤᠲᠤᠭ —— ᠠᠯᠠᠱᠨ ᠳᠠᠭᠠᠨ ᠬᠠᠷᠢᠵᠦ ᠢᠷᠡᠬᠦ ᠵᠠᠮ ᠳᠠᠭᠠᠨ ᠦᠵᠦᠮᠤᠴᠢᠨ᠂ ᠲᠤᠮᠳᠠ | ᠬᠦᠩ ᠤᠨ ᠬᠤᠰᠢᠭᠤ ᠵᠡᠷᠭᠡ ᠮᠤᠩᠭᠤᠯ ᠭᠠᠵᠠᠷ ᠤᠳ ᠢᠶᠠᠷ ᠶᠠᠪᠤᠬᠤ ᠳᠠᠭᠠᠨ ᠪᠠᠶᠠᠷᠯᠠᠩᠭᠤᠢ ᠰᠡᠳᠬᠢᠯ ᠴᠡᠭᠡᠵᠢ | ᠲᠦᠬᠦᠷᠠᠩ ᠪᠢᠯᠬᠠᠵᠦ ᠭᠡᠵᠢᠶ᠎ᠠ ᠨᠢᠭᠡᠨ ᠡᠲᠤᠷ ᠭᠡᠷ ᠲᠡᠭᠡᠨ ᠬᠠᠷᠢᠵᠦ ᠠᠪᠠᠭᠠᠢ ᠭᠡᠤᠭᠡᠰ ᠲᠠᠢ ᠪᠠᠨ ᠤᠴᠠᠷᠠᠬᠤ ᠪᠤᠯ ᠳ᠋ᠠ︕ | ᠭᠡᠵᠦ ᠲᠤᠲᠤᠷ᠎ᠠ ᠪᠠᠨ ᠪᠤᠲᠤᠨ ᠶᠠᠪᠤᠬᠤ ᠳᠠᠭᠠᠨ᠄ | ︽ᠬᠠᠷᠢᠵᠦ ᠤᠴᠢᠬᠤ ᠶᠢᠨ ᠵᠠᠶᠠᠭ᠎ᠠ ᠲᠠᠢ᠂ | ᠬᠠᠨᠢᠯᠠᠵᠦ ᠤᠴᠠᠷᠠᠬᠤ ᠶᠢᠨ ᠬᠤᠪᠢ ᠲᠠᠢ᠂ | ᠠᠮᠢᠲᠤ ᠶᠠᠪᠤᠬᠤ ᠶᠢᠨ ᠵᠠᠶᠠᠭ᠎ᠠ ᠲᠠᠢ︾ ᠭᠡᠵᠦ ᠬᠠᠷᠢ ᠶᠢᠨ ᠭᠠᠵᠠᠷ ᠠᠴᠠ ᠠᠪᠠᠭᠠᠢ ᠭᠡᠤᠭᠡᠳ᠂ ᠨᠤᠲᠤᠭ ᠤᠰᠤ | ᠪᠠᠨ ᠰᠠᠨᠠᠵᠦ ᠮᠦᠷᠦᠭᠡᠲᠤᠭ᠍ᠰᠡᠨ ᠲᠤᠲᠤᠭᠠᠲᠤ ᠰᠡᠳᠬᠢᠯᠭᠡ ᠪᠠᠨ ᠤᠶᠠᠩᠭᠠᠯᠠᠨ ᠢᠯᠡᠳᠭᠡᠵᠦ᠂ ᠮᠠᠨᠲᠤ ᠰᠠᠶᠢᠨ ᠬᠠᠷᠢᠵᠦ | ᠢᠷᠡᠵᠦ ᠭᠡᠨ᠎ᠠ᠃ ᠦᠨᠠᠭᠡᠷ ᠴᠤ ᠡᠵᠡᠨ ᠲᠡᠭᠷᠢ ᠠᠴᠠ ᠢᠪᠡᠭᠡᠭᠰᠡᠨ ᠬᠤᠪᠢ ᠵᠠᠶᠠᠭ᠎ᠠ ᠪᠢᠵᠠ᠃ ᠢᠢᠮᠤ ᠬᠤᠪᠢ ᠵᠠᠶᠠᠭ᠎ᠠ | ᠪᠠᠶᠢᠭᠰᠠᠨ ᠦᠭᠡᠢ ᠪᠤᠯ ᠱᠠᠯᠪᠢᠩ ᠬᠠᠭᠠᠨ ᠤ ᠬᠠᠷᠬᠢᠰ ᠨᠤᠶᠠᠷᠬᠠᠯ ᠳᠤ ᠭᠠᠰᠢᠭᠤᠨ ᠵᠤᠪᠠᠯᠠᠩ ᠳᠤ ᠤᠴᠠᠷᠠᠨ ᠠᠮᠢᠲᠤ | ᠶᠠᠪᠤᠬᠤ ᠶᠢᠨ ᠬᠤᠪᠢ ᠦᠭᠡᠢ ᠪᠤᠯᠬᠤ ᠨᠢ ᠵᠠᠶᠢᠯᠠᠰᠢ ᠦᠭᠡᠢ ᠪᠢᠯᠨ᠃ | ᠲᠡᠷᠭᠡᠯ ᠰᠠᠷᠠᠨ ᠤ ᠲᠤᠩᠭᠠᠯᠠᠭ ᠲᠤ ᠵᠠᠮ ᠢᠶᠠᠨ ᠬᠦᠭᠡᠭᠡᠵᠦ ᠶᠠᠪᠤᠯ᠎ᠠ ᠳ᠋ᠠ | ᠮᠠᠨᠲᠤᠵᠦ ᠭᠠᠷᠬᠤ ᠨᠠᠷᠠᠨ ᠤ ᠭᠡᠷᠡᠯ ᠲᠤᠶᠠᠭᠠᠷᠠᠯ᠎ᠠ ᠰᠢᠤ | ᠨᠤᠲᠤᠭ ᠭᠡᠷ ᠮᠢᠨᠢ ᠤᠶᠢᠷᠠᠲᠤᠵᠦ ᠢᠷᠡᠯ᠎ᠠ ᠳ᠋ᠡ | ᠠᠴᠢᠲᠤ ᠡᠵᠢ ᠪᠠᠨ ᠦᠵᠠᠬᠦ ᠴᠠᠭ ᠤᠲᠤ ᠪᠤᠯᠤᠯ᠎ᠠ ᠰᠢᠤ | ᠱᠠᠯᠪᠢᠩ ᠢᠩᠬᠢᠵᠦ ᠪᠤᠲᠤᠭᠠᠳ ᠲᠡᠭᠷᠢ ᠡᠯᠡᠰᠤ ᠶᠢ ᠲᠤᠭᠤᠯᠤᠨ ᠶᠠᠪᠤᠵᠦ ᠪᠠᠶᠢᠳᠠᠯ᠎ᠠ ᠭᠡᠷ ᠨᠤᠲᠤᠭ ᠤᠨ ᠬᠢᠨᠢ | ᠪᠠᠷ᠎ᠠ ᠬᠤᠯᠨ ᠠᠴᠠ ᠬᠠᠷᠠᠭᠳᠠᠵᠤ ᠡᠬᠢᠯᠡᠬᠦ ᠪᠠᠷ ᠨᠢ ᠡᠪᠴᠢᠬᠦᠦ ᠴᠡᠭᠡᠵᠢᠨ ᠳᠡᠭᠡᠨ ᠠᠯᠠᠰᠬᠢᠨ ᠪᠠᠶᠠᠷᠯᠠᠵᠠᠢ᠃ | ᠲᠦᠷᠪᠠᠨ ᠬᠦᠭᠡ ᠠᠭᠤᠯᠨ ᠮᠢᠨᠢ ᠬᠠᠷᠠᠭᠠᠨ ᠤ ᠲᠤᠤᠷ᠎ᠠ ᠪᠠᠶᠢᠭ᠎ᠠ | ᠨᠢᠲᠤᠨ ᠤ ᠮᠢᠨᠢ ᠲᠤᠤᠷ᠎ᠠ ᠤᠶᠢᠷᠠᠲᠤᠯ᠎ᠠ ᠳ᠋ᠠ | ᠤᠲᠤ ᠴᠤ ᠮᠤᠷᠢ ᠠᠴᠠ ᠪᠠᠨ ᠪᠠᠭᠤᠬᠤ ᠪᠤᠯᠤᠯ᠎ᠠ ᠰᠢᠤ | ᠤᠳᠠᠭᠠᠨ ᠪᠠᠷᠠᠯᠠᠭᠰᠠᠨ ᠡᠵᠢ ᠪᠤᠯᠤᠨ ᠡᠭᠡᠨᠠᠷ ᠮᠢᠨᠢ ᠭᠡᠷ ᠠᠴᠠ ᠭᠠᠷᠤᠨ ᠢᠷᠡᠯ᠎ᠠ ᠰᠢᠤ᠃ | ︵ᠦᠷᠭᠦᠯᠵᠢᠯᠡᠯ᠄ ᠠᠯᠤᠰ ᠤᠨ ᠵᠠᠮ ᠢ ᠲᠤᠭᠤᠯᠤᠨ ᠨᠤᠲᠤᠭ ᠲᠠᠭᠠᠨ ᠬᠠᠷᠢᠵᠦ ᠢᠷᠡᠪᠠ︶ | |